ᠪᠧᠱᠪᠢᠷᠮᠠᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Beschbarmak.jpg

ᠬᠢᠷᠭᠢᠰ ᠵᠣᠭᠣᠭ ᠤᠨ ᠨᠢᠭᠡ ᠪᠣᠯ ᠪᠧᠱᠪᠢᠷᠮᠠᠺ ᠶᠤᠮ᠃ ᠡᠨᠡ ᠬᠣᠭᠣᠯᠠᠨ ᠤ ᠨᠡᠷ᠎ᠡ 《ᠪᠧᠱ》 ᠪᠤᠶᠤ 《ᠲᠠᠪᠤ》, 《ᠪᠠᠷᠮᠠᠺ》 ᠪᠤᠶᠤ 《ᠬᠤᠷᠤᠭᠤ》 ᠭᠡᠰᠡᠨ ᠦᠭᠡᠨ ᠡᠴᠡ ᠪᠦᠲᠦᠭᠰᠡᠨ ᠪᠥᠭᠡᠳ 《ᠲᠠᠪᠤᠨ ᠬᠤᠷᠤᠭᠤ》 ᠭᠡᠰᠡᠨ ᠤᠳᠬ᠎ᠠ ᠲᠠᠢ᠃ ᠤᠴᠢᠷ ᠨᠢ ᠬᠠᠯᠪᠠᠭ᠎ᠠ᠂ ᠰᠡᠷᠡᠭᠡ᠂ ᠰᠠᠪᠬ᠎ᠠ ᠬᠡᠷᠡᠭᠯᠡᠬᠦ ᠦᠭᠡᠢ᠂ ᠲᠠᠪᠤᠨ ᠬᠤᠷᠤᠭᠤ ᠪᠠᠷ ᠢᠶᠠᠨ ᠠᠪᠴᠤ ᠢᠳᠡᠳᠡᠭ ᠵᠠᠩᠰᠢᠯ ᠲᠠᠢ᠃ ᠮᠥᠨ ᠰᠢᠨᠵᠢᠶᠠᠩ ᠳᠤ 《ᠨᠠᠷᠢᠨ》, ᠲᠦᠷᠺ ᠲᠦ 《ᠪᠧᠱᠫᠠᠷᠮᠠᠺ》 ᠭᠡᠵᠦ ᠨᠡᠷᠡᠯᠡᠳᠡᠭ ᠪᠠᠶᠢᠨ᠎ᠠ᠃

ᠵᠣᠭᠣᠭ ᠢ ᠬᠣᠨᠢ᠂ ᠠᠳᠤᠭᠤ᠂ ᠦᠬᠡᠷ ᠦᠨ ᠮᠢᠬ᠎ᠠ ᠪᠠᠷ ᠪᠡᠯᠡᠳᠬᠡᠵᠦ ᠪᠣᠯᠤᠨ᠎ᠠ᠃ ᠴᠢᠨᠠᠬᠤ ᠳᠤ ᠪᠡᠯᠡᠳᠬᠡᠵᠦ᠂ ᠤᠭᠢᠶᠠᠭᠰᠠᠨ ᠮᠢᠬ᠎ᠠ ᠶᠢ ᠬᠦᠢᠲᠡᠨ ᠤᠰᠤ ᠲᠠᠢ ᠲᠣᠭᠣᠭᠠᠨ ᠳᠤ ᠬᠢᠵᠦ ᠪᠤᠴᠠᠯᠭᠠᠭᠠᠳ᠂ ᠳᠡᠭᠡᠭᠦᠷ ᠬᠥᠪᠥᠭᠰᠡᠨ ᠨᠢᠳᠬᠡ ᠶᠢ ᠬᠠᠮᠤᠵᠤ ᠠᠪᠤᠭᠠᠳ᠂ ᠵᠥᠭᠡᠯᠡᠨ ᠭᠠᠯ ᠳᠡᠭᠡᠷ᠎ᠡ ᠪᠣᠯᠲᠠᠯ᠎ᠠ ᠨᠢ ᠴᠢᠨᠠᠨ᠎ᠠ᠃

ᠴᠢᠨᠠᠬᠤ ᠳᠤ ᠪᠠᠨ ᠳᠠᠪᠤᠰᠤ᠂ ᠯᠠᠸᠷ ᠤᠨ ᠨᠠᠪᠴᠢ᠂ ᠪᠦᠲᠦᠨ ᠪᠥᠭᠡᠷᠡᠩᠬᠡᠢ ᠰᠣᠩᠭᠢᠨ᠎ᠠ᠂ ᠨᠤᠬᠤᠭ᠎ᠠ ᠦᠭᠡᠢ ᠬᠠᠷ᠎ᠠ ᠴᠢᠨᠵᠦᠦ ᠪᠡᠷ ᠠᠮᠲᠠᠯᠠᠨ᠎ᠠ᠃ ᠮᠥᠨ ᠬᠠᠯᠢᠰᠤᠯᠠᠭᠰᠠᠨ ᠲᠥᠮᠥᠰᠥ ᠶᠢ ᠮᠢᠬ᠎ᠠ ᠲᠠᠢ ᠪᠠᠨ ᠬᠠᠮᠲᠤ ᠴᠢᠨᠠᠨ᠎ᠠ᠃

ᠡᠭᠦᠨ ᠦ ᠵᠡᠷᠭᠡᠴᠡᠭᠡ ᠭᠤᠯᠢᠷ ᠵᠠᠭᠤᠷᠴᠢ᠂ 30-40 ᠮᠢᠨᠦ᠋ᠲ ᠠᠮᠠᠷᠠᠭᠠᠭᠠᠳ ᠲᠣᠮᠣ ᠪᠠᠷ ᠨᠢ ᠬᠠᠪᠲᠠᠭᠠᠶᠢᠯᠠᠨ ᠢᠯᠡᠳᠡᠵᠦ᠂ 0,2 ᠬ 30 ᠰᠠᠨᠲ᠋ᠢᠮᠧᠲ᠋ᠷ ᠥᠷᠭᠡᠨ ᠳᠥᠷᠪᠡᠯᠵᠢᠨ ᠬᠡᠷᠴᠢᠨ᠎ᠡ᠃

ᠲᠤᠰ ᠲᠤ ᠪᠠᠨ ᠰᠠᠪᠤᠩ ᠳᠤ ᠳᠤᠭᠤᠢ ᠬᠡᠷᠴᠢᠭᠰᠡᠨ ᠰᠣᠩᠭᠢᠨ᠎ᠠ᠂ ᠳᠠᠪᠤᠰᠤ᠂ ᠴᠢᠨᠵᠦᠦ᠂ ᠨᠣᠭᠣᠭᠠᠨ ᠠᠮᠲᠠᠯᠠᠭᠴᠢ ᠬᠢᠭᠡᠳ᠂ ᠮᠢᠬ᠎ᠠ ᠴᠢᠨᠠᠭᠰᠠᠨ ᠬᠠᠯᠠᠭᠤᠨ ᠱᠥᠯᠦᠨ ᠦ ᠳᠡᠭᠡᠭᠦᠷ ᠬᠥᠪᠥᠭᠰᠡᠨ ᠲᠣᠰᠣ ᠶᠢ ᠬᠠᠮᠤᠨ ᠠᠪᠴᠤ ᠳᠡᠭᠡᠷ᠎ᠡ ᠡᠴᠡ ᠨᠢ ᠬᠢᠭᠡᠳ᠂ ᠲᠠᠭᠯᠠᠵᠤ ᠲᠠᠯᠪᠢᠨ᠎ᠠ᠃ ᠪᠤᠴᠠᠯᠵᠤ ᠪᠤᠢ ᠰᠢᠯᠦᠨ ᠳᠦ ᠪᠡᠨ ᠳᠥᠷᠪᠡᠯᠵᠢᠨ ᠬᠡᠷᠴᠢᠭᠰᠡᠨ ᠭᠤᠯᠢᠷ ᠢᠶᠠᠨ ᠬᠢᠵᠦ ᠴᠢᠨᠠᠭᠠᠳ᠂ ᠴᠠᠷᠤᠨ ᠳᠤ ᠲᠠᠷᠠᠭᠠᠵᠤ ᠲᠠᠯᠪᠢᠨ᠎ᠠ᠃ ᠳᠡᠭᠡᠷ᠎ᠡ ᠨᠢ ᠴᠢᠨᠠᠭᠰᠠᠨ ᠮᠢᠬ᠎ᠠ ᠪᠠᠨ ᠲᠠᠯᠪᠢᠨ᠎ᠠ᠃ ᠰᠡᠭᠦᠯ ᠦᠨ ᠦᠶ᠎ᠡ ᠳᠦ ᠮᠢᠬ᠎ᠠ ᠪᠠᠨ ᠬᠡᠷᠴᠢᠵᠦ ᠲᠠᠯᠪᠢᠳᠠᠭ ᠪᠣᠯᠤᠭᠰᠠᠨ᠃ ᠳᠡᠭᠡᠷ᠎ᠡ ᠨᠢ ᠠᠮᠲᠠᠯᠠᠭᠰᠠᠨ ᠰᠣᠩᠭᠢᠨ᠎ᠠ ᠪᠠᠨ ᠲᠠᠯᠪᠢᠨ᠎ᠠ᠃ ᠵᠠᠬ᠎ᠠ ᠪᠠᠷ ᠨᠢ ᠴᠢᠨᠠᠭᠰᠠᠨ ᠲᠥᠮᠥᠰᠥ ᠪᠡᠨ ᠲᠠᠯᠪᠢᠨ᠎ᠠ᠃

ᠱᠥᠯᠥ ᠶᠢ ᠲᠤᠰ ᠲᠤ ᠨᠢ ᠠᠶᠠᠭᠠᠯᠠᠵᠤ ᠥᠭᠳᠡᠭ᠃

ᠪᠢᠴᠢᠭᠡᠰᠦ