ᠪᠧᠩᠭᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠧᠩᠭᠠᠯ

Map of Bengal.svg
ᠪᠧᠩᠭᠠᠯ ᠪᠥᠰᠡ ᠨᠤᠲᠤᠭ ᠤᠨ ᠭᠠᠵᠠᠷ ᠤᠨ ᠵᠢᠷᠤᠭ: ᠪᠠᠷᠠᠭᠤᠨ ᠪᠧᠩᠭᠠᠯ ᠪᠣᠯᠤᠨ ᠪᠧᠩᠭᠠᠯ</div>

ᠲᠣᠮᠣ ᠬᠣᠲᠠ ᠨᠤᠭᠤᠳ ᠳᠠᠺᠺᠠ
23°25′12″N 90°13′12″E / 23.42°N 90.22°E / 23.42; 90.22 (ᠳᠠᠺᠺᠠ)
ᠺᠠᠯᠦᠺᠠᠲ᠋ᠠ[1] (ᠺᠠᠯᠦᠺᠠᠲ᠋ᠠ)
23°20′24″N 88°13′12″E / 23.34°N 88.22°E / 23.34; 88.22 (ᠺᠠᠯᠦᠺᠠᠲ᠋ᠠ)
ᠴᠢᠲ᠋ᠲ᠋ᠠᠭᠤᠨ
22°13′12″N 91°28′48″E / 22.22°N 91.48°E / 22.22; 91.48 (ᠴᠢᠲ᠋ᠲ᠋ᠠᠭᠤᠨ)
ᠭᠣᠣᠯ ᠬᠡᠯᠡ ᠪᠧᠩᠭᠠᠯ ᠬᠡᠯᠡ
ᠨᠤᠲᠤᠭ ᠳᠡᠪᠢᠰᠬᠡᠷ 232,752 км² 
ᠬᠦᠮᠦᠨ ᠠᠮᠠ (2001) 245,598,679[2][3]
ᠬᠦᠮᠦᠨ ᠠᠮᠠ ᠶᠢᠨ ᠨᠢᠭᠲᠠᠷᠠᠯ 951.3/км²[2][3]
ᠰᠦᠯᠵᠢᠶᠡᠨ ᠤ ᠬᠠᠶᠢᠭ ᠤᠳ bangladesh.gov.bd
wbgov.com

ᠪᠧᠩᠭᠠᠯ (Bangladesh) ᠨᠢ ᠡᠮᠦᠨᠡᠲᠦ ᠠᠽᠢᠶ᠎ᠠᠡᠨᠡᠳᠬᠡᠭ ᠦᠨ ᠬᠣᠶᠢᠭ ᠤᠨ ᠵᠡᠭᠦᠨ ᠬᠣᠶᠢᠳᠤ ᠬᠡᠰᠡᠭ ᠳ᠋ᠡᠬᠢ ᠭᠠᠵᠠᠷ ᠵᠦᠢ ᠶᠢᠨ ᠪᠥᠰᠡ ᠨᠤᠲᠤᠭ ᠤᠨ ᠨᠡᠷ᠎ᠡ ᠶᠤᠮ᠃ ᠡᠳᠦᠭᠡ ᠶᠡᠷᠦᠩᠬᠡᠢ ᠳᠤ ᠪᠡᠨ ᠪᠦᠭᠦᠳᠡ ᠨᠠᠶᠢᠷᠠᠮᠳᠠᠬᠤ ᠪᠧᠩᠭᠠᠯ ᠠᠷᠠᠳ ᠤᠯᠤᠰ (ᠬᠠᠭᠤᠴᠢᠨ ᠢᠶᠠᠷ ᠵᠡᠭᠦᠨ ᠪᠧᠩᠭᠠᠯ / ᠵᠡᠭᠦᠨ ᠫᠠᠺᠢᠰᠲᠠᠨ) ᠪᠠ ᠡᠨᠡᠳᠬᠡᠭ ᠦᠨ ᠮᠤᠵᠢ ᠪᠣᠯᠬᠤ ᠪᠠᠷᠠᠭᠤᠨ ᠪᠧᠩᠭᠠᠯ ᠭᠡᠰᠡᠨ ᠬᠣᠶᠠᠷ ᠬᠡᠰᠡᠭ ᠲᠦ ᠬᠤᠪᠢᠶᠠᠭᠳᠠᠭᠰᠠᠨ ᠪᠥᠭᠡᠳ ᠬᠠᠭᠤᠴᠢᠨ ᠪᠧᠩᠭᠠᠯ ᠤᠨ ᠸᠠᠩᠲᠤ ᠤᠯᠤᠰ ᠤᠨ (ᠪᠷᠢᠲ᠋ᠠᠨ(ᠠᠩᠭᠯᠢ) ᠶᠢᠨ ᠵᠠᠬᠢᠷᠭᠠᠨ ᠳᠤᠤᠷᠠᠬᠢ ᠬᠠᠭᠠᠨᠲᠤ ᠵᠠᠰᠠᠭᠯᠠᠯ)᠂ ᠵᠠᠷᠢᠮ ᠬᠡᠰᠡᠭ ᠨᠢ ᠡᠨᠡᠳᠬᠡᠭ ᠦᠨ ᠪᠬᠤᠷᠠᠰᠰᠠᠮᠣᠷᠢᠰᠢᠶᠠ ᠮᠤᠵᠢ ᠨᠤᠭᠤᠳ ᠲᠤ ᠬᠠᠷᠢᠶᠠᠯᠠᠭᠳᠠᠳᠠᠭ᠃ ᠪᠧᠩᠭᠠᠯ ᠤᠨ ᠶᠡᠬᠡᠩᠬᠢ ᠨᠤᠲᠤᠭ ᠲᠤ ᠪᠧᠩᠭᠠᠯ ᠬᠡᠯᠡ ᠶᠢᠡᠷ ᠭᠤᠤᠯᠯᠠᠭᠰᠠᠨ ᠪᠧᠩᠭᠠᠯ ᠦᠨᠳᠦᠰᠦᠲᠡᠨ (বাঙালি Bangali) ᠤᠭᠤᠳ ᠣᠷᠣᠰᠢᠨ ᠠᠮᠢᠳᠤᠷᠠᠳᠠᠭ᠃

ᠪᠧᠩᠭᠠᠯ ᠨᠢ ᠳᠡᠯᠡᠬᠡᠢ ᠳᠡᠭᠡᠷᠡᠬᠢ ᠬᠠᠮᠤᠭ ᠤᠨ ᠶᠡᠬᠡ ᠬᠦᠮᠦᠨ ᠠᠮᠠ ᠶᠢᠨ ᠨᠢᠭᠲᠠᠴᠠ ᠲᠡᠢ ᠪᠥᠰᠡ ᠨᠤᠲᠤᠭ ᠪᠥᠭᠡᠳ ᠨᠢᠭᠲᠠᠴᠠ ᠨᠢ 900/км² ᠍ ᠠᠴᠠ ᠴᠤ ᠶᠡᠬᠡ ᠪᠠᠶᠢᠳᠠᠭ᠃ ᠪᠧᠩᠭᠠᠯ ᠤᠨ ᠶᠡᠬᠡᠩᠬᠢ ᠬᠡᠰᠡᠭ ᠢ ᠭᠠᠩᠭ᠎ᠠᠪᠷᠠᠬᠠᠮᠠᠫᠦ᠋ᠲᠷᠠ ᠮᠥᠷᠡᠨ ᠬᠠᠪᠢ ᠪᠡᠷ ᠬᠢ ᠳᠧᠯᠲ ᠪᠤᠶᠤ ᠭᠠᠩᠭ᠎ᠠ ᠶᠢᠨ ᠳᠧᠯᠲ ᠬᠡᠮᠡᠬᠦ᠂ ᠳᠡᠯᠡᠬᠡᠢ ᠶᠢᠨ ᠬᠠᠮᠤᠭ ᠤᠨ ᠲᠣᠮᠣ ᠳᠧᠯᠲ ᠶᠢᠨ ᠨᠠᠮ ᠳᠣᠣᠷ᠎ᠠ ᠭᠠᠵᠠᠷ ᠨᠤᠲᠤᠭ ᠡᠵᠡᠯᠡᠨ᠎ᠡ᠃ ᠲᠤᠰ ᠳᠧᠯᠲ ᠶᠢᠨ ᠡᠮᠦᠨᠡᠲᠦ ᠬᠡᠰᠡᠭ ᠲᠦ ᠤᠷᠤᠰᠢᠬᠤ ᠰᠤᠨᠳᠠᠷᠪᠠᠨᠰ ᠨᠢ ᠪᠧᠩᠭᠠᠯ ᠤᠨ ᠪᠠᠷᠰ ᠍ ᠤᠨ ᠥᠯᠥᠭᠡᠢ ᠨᠤᠲᠤᠭ ᠪᠣᠯᠤᠭᠰᠠᠨ᠂ ᠳᠡᠯᠡᠬᠡᠢ ᠶᠢᠨ ᠬᠠᠮᠤᠭ ᠤᠨ ᠲᠣᠮᠣ ᠮᠠᠩᠭᠠᠷᠣ ᠮᠣᠳᠣ ᠶᠢᠨ ᠣᠢ ᠶᠤᠮ᠃ ᠪᠧᠩᠭᠠᠯ ᠤᠨ ᠶᠡᠬᠡᠩᠬᠢ ᠣᠷᠣᠰᠢᠨ ᠰᠠᠭᠤᠭᠴᠢᠳ ᠬᠥᠳᠡᠭᠡ ᠠᠮᠢᠳᠤᠷᠠᠵᠤ᠂ ᠭᠠᠵᠠᠷ ᠲᠠᠷᠢᠶᠠᠯᠠᠩ ᠡᠷᠬᠢᠯᠡᠳᠡᠭ ᠪᠣᠯᠪᠠᠴᠤ ᠺᠠᠯᠦᠺᠠᠲ᠋ᠠᠳᠠᠺᠠ ᠬᠡᠮᠡᠬᠦ ᠬᠣᠶᠠᠷ ᠬᠤᠲᠠ ᠲᠤᠰ ᠪᠥᠰᠡ ᠨᠤᠲᠤᠭ ᠲᠤ ᠪᠤᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠺᠠᠯᠦᠺᠠᠲ᠋ᠠᠭᠡᠶᠢᠨ ᠮᠧᠲ᠋ᠷᠣᠫᠣᠯᠢᠲ᠋ᠠᠨ ᠨᠢ 14 ᠰᠠᠶ᠎ᠠ ᠭᠠᠷᠤᠢ ᠬᠦᠮᠦᠨ ᠠᠮᠠ ᠲᠠᠢ᠂ ᠪᠧᠩᠭᠠᠯ ᠳᠠᠬᠢ ᠬᠠᠮᠤᠭ ᠤᠨ ᠲᠣᠮᠣ ᠲᠥᠪᠯᠡᠷᠡᠭᠰᠡᠨ ᠰᠠᠭᠤᠷᠢᠨ ᠭᠠᠵᠠᠷ ᠶᠤᠮ᠃
  2. 2.0 2.1 Provisional Population Totals: West Bengal. Census of India, 2001. Office of the Registrar General & Census Commissioner, India. 2006-08-26 ᠍ ᠳᠦ ᠬᠠᠨᠳᠤᠭᠰᠠᠨ᠃
  3. 3.0 3.1 World Bank Development Indicators Database, 2006.
http://wiki.uhaan.com/index.php?title=ᠪᠧᠩᠭᠠᠯ&oldid=470698》 ᠍  ᠡᠴᠡ ᠠᠪᠤᠭᠰᠠᠨ

ᠪᠢᠴᠢᠭᠡᠰᠦ