ᠪᠦᠷᠡᠩᠲᠣᠭᠲᠠᠬᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa khuvsgul aymag.png ᠬᠥᠪᠰᠥᠭᠥᠯ ᠠᠶᠢᠮᠠᠭ ᠤᠨ
ᠪᠦᠷᠡᠩᠲᠣᠭᠲᠠᠬᠤ ᠰᠤᠮᠤ
ᠤᠯᠠᠪᠢᠷ ᠰᠢᠷ᠎ᠠ ᠨᠢ ᠮᠥᠷᠡᠨ᠂ ᠶᠠᠭᠠᠨ ᠨᠢ ᠪᠦᠷᠡᠩᠲᠣᠭᠲᠠᠬᠤ
3,760 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
4,251 ᠬᠦᠮᠦᠨ ᠣᠷᠣᠰᠢᠨ ᠰᠠᠭᠤᠳᠠᠭ
145,000 ᠲᠣᠯᠣᠭᠠᠢ ᠮᠠᠯ ᠲᠠᠢ
6 ᠪᠠᠭ ᠨᠢ ᠰᠠᠩ ᠤᠨ ᠳᠠᠯᠠᠢ᠂ ᠶᠡᠬᠡ-ᠠᠭᠤᠯᠠ᠂ ᠪᠦᠷᠢᠨᠬᠠᠭᠠᠨ᠂ ᠲᠤᠶᠠᠭ᠎ᠠ᠂ ᠡᠷᠴᠢᠮ᠂ ᠪᠠᠶᠠᠨᠬᠣᠰᠢᠭᠤ ᠭᠡᠬᠦ ᠨᠡᠷ᠎ᠡ ᠲᠡᠢ᠃
1931 ᠣᠨ ᠳᠤ ᠡᠭᠦᠰᠬᠡᠨ ᠪᠠᠶᠢᠭᠤᠯᠤᠭᠳᠠᠭᠰᠠᠨ
1959 ᠣᠨ ᠳᠤ ᠣᠳᠣᠨ ᠤ ᠪᠠᠨ ᠬᠡᠯᠪᠡᠷᠢ ᠶᠢ ᠣᠯᠤᠭᠰᠠᠨ
ᠡᠷᠭᠢᠨ ᠲᠣᠭᠣᠷᠢᠨ ᠳᠤ ᠪᠠᠨ ᠴᠠᠭᠠᠨ-ᠠᠭᠤᠯᠠᠠᠷᠤᠪᠤᠯᠠᠭᠠᠯᠠᠭ-ᠡᠷᠳᠡᠨᠢᠲᠦᠨᠡᠯᠮᠥᠷᠡᠨᠲᠡᠮᠦᠷᠪᠤᠯᠠᠭᠰᠢᠨ᠎ᠡ-ᠢᠳᠡᠷ ᠭᠡᠰᠡᠨ ᠳᠣᠯᠣᠭᠠᠨ ᠰᠤᠮᠤ ᠲᠠᠢ ᠬᠠᠶᠠᠭᠠᠯᠠᠨ᠎ᠠ᠃
ᠪᠦᠷᠡᠩᠲᠣᠭᠲᠠᠬᠤ ᠰᠤᠮᠤ ᠶᠢᠨ ᠲᠥᠪ᠂ 2006 ᠣᠨ ᠤ 9 ᠰᠠᠷ᠎ᠠ

ᠪᠦᠷᠡᠩᠲᠣᠭᠲᠠᠬᠤ ᠰᠤᠮᠤ ᠨᠢ ᠬᠥᠪᠰᠥᠭᠥᠯ ᠠᠶᠢᠮᠠᠭ ᠤᠨ ᠰᠤᠮᠤ ᠶᠤᠮ᠃ ᠨᠡᠶᠢᠲᠡ 3,760 ᠺᠦᠸᠠᠳ᠋ ᠺᠢᠯᠣᠮᠧᠲ᠋ᠷ ᠨᠤᠲᠤᠭ ᠤᠨ 2,870 ᠺᠦᠸᠠᠳ᠋ ᠺᠢᠯᠣᠮᠧᠲ᠋ᠷ ᠨᠢ ᠪᠡᠯᠴᠢᠭᠡᠷ ᠪᠣᠯᠤᠨ᠎ᠠ᠃ 2005 ᠣᠨ ᠤ ᠪᠠᠶᠢᠳᠠᠯ ᠢᠶᠠᠷ 4251 ᠣᠷᠣᠰᠢᠨ ᠰᠠᠭᠤᠭᠴᠢ ᠲᠠᠢ ᠪᠥᠭᠡᠳ ᠲᠡᠳᠡᠭᠡᠷ ᠦᠨ ᠶᠡᠬᠡᠩᠬᠢ ᠨᠢ ᠬᠠᠯᠬ᠎ᠠᠬᠣᠲᠣᠭᠣᠶᠢᠳ ᠶᠠᠰᠤᠲᠠᠨ ᠨᠤᠭᠤᠳ᠃ ᠰᠤᠮᠤ ᠶᠢᠨ ᠲᠥᠪ ᠪᠠᠶᠠᠨ ᠨᠢ ᠳᠡᠯᠭᠡᠷ ᠮᠥᠷᠡᠨ ᠦ ᠬᠥᠨᠳᠡᠶᠢᠳᠡ᠂ ᠠᠶᠢᠮᠠᠭ ᠤᠨ ᠲᠥᠪ ᠮᠥᠷᠡᠨ ᠶᠢ ᠡᠴᠡ ᠪᠠᠷᠠᠭᠤᠨᠰᠢ 51 ᠺᠢᠯᠣᠮᠧᠲ᠋ᠷ᠂ ᠨᠡᠶᠢᠰᠯᠡᠯ ᠤᠯᠠᠭᠠᠨᠪᠠᠭᠠᠲᠤᠷᠠ ᠠᠴᠠ 722 ᠺᠢᠯᠣᠮᠧᠲ᠋ᠷ ᠵᠠᠢ ᠳᠤ ᠣᠷᠣᠰᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1755-1756 ᠣᠨ ᠤ ᠮᠠᠨᠵᠤᠡᠶᠢᠨ ᠡᠰᠡᠷᠬᠦ ᠪᠣᠰᠤᠯᠭ᠎ᠠ ᠶᠢᠨ ᠤᠳᠤᠷᠢᠳᠤᠭᠴᠢ ᠬᠣᠲᠣᠭᠣᠶᠢᠳ ᠤᠨ ᠴᠢᠩᠭᠦᠩᠵᠠᠪ ᠲᠤᠰ ᠰᠤᠮᠤ ᠶᠢᠨ ᠨᠤᠲᠤᠭ ᠰᠠᠩ ᠤᠨ ᠳᠠᠯᠠᠢ ᠨᠠᠭᠤᠷ ᠍ ᠤᠨ ᠬᠥᠪᠡᠭᠡᠨ ᠳᠤ ᠲᠥᠷᠦᠵᠢᠭᠡ᠃ ᠲᠡᠭᠦᠨ ᠦ ᠥᠷᠭᠦᠭᠡᠨ ᠦ ᠲᠤᠷ᠎ᠠ ᠰᠤᠮᠤ ᠶᠢᠨ ᠲᠥᠪ ᠡᠴᠡ ᠤᠷᠤᠭᠰᠢ ᠪᠠᠨ ᠬᠡᠳᠦᠬᠡᠨ km ᠦᠨ ᠵᠠᠢ ᠳᠤ ᠪᠠᠶᠢᠳᠠᠭ᠃

ᠮᠥᠨ 1877 ᠣᠨ ᠳᠤ ᠰᠣᠳᠨᠠᠮ ᠤᠨ ᠳᠠᠮᠳᠢᠨᠪᠠᠽᠠᠷ ᠪᠦᠷᠡᠩᠲᠣᠭᠲᠠᠬᠤ ᠰᠤᠮᠤ ᠶᠢᠨ ᠨᠤᠲᠤᠭ ᠣᠳᠣ ᠶᠢᠨ ᠪᠦᠷᠢᠨᠬᠠᠭᠠᠨ ᠪᠠᠭ ᠤᠨ ᠲᠥᠪ ᠲᠦ ᠪᠠᠶᠢᠬᠤ ᠵᠢᠯᠠᠬᠠᠨᠵᠠ ᠶᠢᠨ ᠬᠦᠷᠢᠶᠡᠨ ᠦ ᠬᠤᠲᠤᠭᠲᠤ ᠪᠠᠷ ᠲᠣᠳᠣᠷᠠᠵᠤ ᠪᠠᠶᠢᠭᠰᠠᠨ ᠲᠡᠦᠬᠡ ᠲᠡᠢ᠃ ᠲᠡᠷᠡ ᠪᠡᠷ ᠬᠣᠵᠢᠮ ᠪᠠᠷᠠᠨ ᠤᠩᠭᠧᠷᠨᠢᠢ ᠪᠠᠶᠢᠭᠤᠯᠤᠭᠰᠠᠨ ᠵᠠᠰᠠᠭ ᠤᠨ ᠭᠠᠵᠠᠷ ᠪᠣᠯᠤᠨ ᠠᠷᠠᠳ ᠤᠨ ᠵᠠᠰᠠᠭ ᠤᠨ ᠭᠠᠵᠠᠷ ᠲᠤ 2 ᠰᠢᠬᠢᠷ ᠤᠳᠠᠭ᠎ᠠ ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠠᠯᠪᠠ ᠶᠢ ᠬᠠᠰᠢᠵᠤ ᠪᠠᠶᠢᠭᠰᠠᠨ ᠪᠢᠯᠡ᠃

1931 ᠣᠨ ᠳᠤ ᠬᠥᠪᠰᠥᠭᠥᠯ ᠠᠶᠢᠮᠠᠭ ᠪᠠᠶᠢᠭᠤᠯᠤᠭᠳᠠᠬᠤ ᠳᠤ ᠪᠦᠷᠡᠩᠲᠣᠭᠲᠠᠬᠤ ᠰᠤᠮᠤ ᠵᠣᠬᠢᠶᠠᠨ ᠪᠠᠶᠢᠭᠤᠯᠤᠭᠳᠠᠭᠰᠠᠨ᠃ 1933 ᠣᠨ ᠤ ᠪᠠᠶᠢᠳᠠᠯ ᠢᠶᠠᠷ 752 ᠡᠷᠦᠬᠡ ᠶᠢᠨ 2,600 ᠬᠦᠮᠦᠨ᠂ 90,000 ᠣᠷᠴᠢᠮ ᠲᠣᠯᠣᠭᠠᠢ ᠮᠠᠯ ᠲᠣᠭᠠᠯᠠᠭᠳᠠᠵᠠᠢ᠃ 1973 ᠣᠨ ᠳᠤ ᠪᠦᠷᠢᠨ᠂ ᠪᠦᠷᠢᠨᠬᠠᠭᠠᠨ ᠰᠤᠮᠤ ᠳᠤ ᠲᠠᠲᠠᠨ ᠪᠠᠭᠤᠭᠳᠠᠬᠤ ᠳᠤ ᠲᠡᠳᠡᠭᠡᠷ ᠰᠤᠮᠤ ᠶᠢᠨ ᠵᠠᠷᠢᠮ ᠬᠡᠰᠡᠭ ᠨᠢ ᠪᠦᠷᠡᠩᠲᠣᠭᠲᠠᠬᠤ ᠰᠤᠮᠤᠨ ᠳᠤ ᠨᠢᠭᠡᠳᠦᠭᠰᠡᠨ ᠪᠠᠶᠢᠨ᠎ᠠ᠃ 1952 - 1990 ᠣᠨ ᠳᠤ ᠪᠦᠷᠡᠩᠲᠣᠭᠲᠠᠬᠤ ᠰᠤᠮᠤᠨ ᠳᠤ 《ᠳᠡᠯᠭᠡᠷᠮᠥᠶᠢᠷᠡᠨ》ᠨᠢᠭᠡᠳᠦᠯ ᠠᠵᠢᠯᠯᠠᠵᠤ ᠪᠠᠶᠢᠯ᠎ᠠ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠤ ᠪᠠᠶᠢᠳᠠᠯ ᠢᠶᠠᠷ 145,000 ᠣᠷᠴᠢᠮ ᠮᠠᠯ ᠲᠣᠭᠠᠯᠠᠭᠳᠠᠭᠰᠠᠨ ᠤ 66,000 ᠨᠢ ᠬᠣᠨᠢ᠂ 63,000 ᠨᠢ ᠢᠮᠠᠭ᠎ᠠ᠂ 8,500 ᠨᠢ ᠦᠬᠡᠷ ᠪᠤᠶᠤ ᠰᠠᠷᠯᠤᠭ᠂ 7,800 ᠨᠢ ᠠᠳᠤᠭᠤ᠂ 190 ᠨᠢ ᠲᠡᠮᠡᠭᠡ ᠪᠠᠶᠢᠪᠠ[1]᠃ ᠮᠥᠨ ᠲᠤᠰ ᠰᠤᠮᠤ ᠶᠢᠨ ᠨᠤᠲᠤᠭ ᠲᠤ ᠨᠡᠭᠦᠷᠡᠰᠦᠨᠢᠭᠢ ᠠᠭᠤᠷᠬᠠᠢ ᠪᠠᠶᠢᠳᠠᠭ ᠪᠥᠭᠡᠳ ᠹᠣᠰᠹᠣᠷ ᠍ ᠤᠨ ᠨᠥᠭᠡᠴᠡ ᠲᠡᠢ᠃ 2005 ᠣᠨ ᠳᠤ ᠰᠤᠮᠤ ᠶᠢᠨ ᠲᠥᠪ ᠨᠢ ᠮᠣᠩᠭᠣᠯ ᠤᠨ ᠲᠥᠪ ᠦᠨ ᠡᠷᠴᠢᠮ ᠬᠦᠴᠦᠨ ᠦ ᠰᠢᠰᠲ᠋ᠧᠮ ᠳᠦ ᠬᠣᠯᠪᠣᠭᠳᠠᠭᠰᠠᠨ

ᠲᠡᠦᠬᠡ ᠶᠢᠨ ᠳᠤᠷᠠᠰᠬᠠᠯᠲᠤ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠲᠥᠪ ᠮᠥᠷᠡᠨ ᠡᠴᠡ ᠪᠠᠷᠠᠭᠤᠨ ᠲᠡᠰᠢ 20 ᠺᠢᠯᠣᠮᠧᠲ᠋ᠷ ᠵᠠᠢ ᠳᠤ᠂ ᠪᠦᠷᠡᠩᠲᠣᠭᠲᠠᠬᠤ ᠰᠤᠮᠤ ᠶᠢᠨ ᠨᠤᠲᠤᠭ ᠲᠤ ᠬᠡᠰᠡᠭ ᠪᠤᠭᠤᠨ ᠴᠢᠯᠠᠭᠤ ᠪᠤᠢ᠃ 1953, 1956 ᠣᠨ ᠳᠤ ᠮᠥᠩᠬᠡ ᠬᠠᠭᠠᠨᠢ ᠦᠶ᠎ᠡ ᠶᠢᠨ ᠣᠷᠳᠣᠨ ᠤ ᠲᠤᠷ᠎ᠠ᠂ ᠪᠢᠴᠢᠭ ᠲᠦ ᠬᠥᠰᠢᠶ᠎ᠡ ᠠᠷᠤᠪᠤᠯᠠᠭ ᠰᠤᠮᠤ ᠍ ᠤᠨ ᠬᠢᠯᠢ ᠳᠡᠭᠡᠷ᠎ᠡ ᠣᠯᠳᠠᠭᠰᠠᠨ᠃

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠨᠢᠮ᠎ᠠ ᠪᠠᠨ᠂ ᠬᠥᠪᠰᠥᠭᠥᠯ ᠠᠶᠢᠮᠠᠭ ᠤᠨ ᠯᠠᠪᠯᠠᠬᠤ ᠲᠣᠯᠢ, ᠤᠯᠠᠭᠠᠨᠪᠠᠭᠠᠲᠤᠷ 2001, ᠬ᠃38

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠰᠲ᠋ᠠᠲ᠋ᠢᠰᠲ᠋ᠢᠭ ᠤᠨ ᠲᠥᠪ ᠭᠠᠵᠠᠷ: 2004 ᠣᠨ ᠤ ᠮᠠᠯ ᠲᠣᠭᠠᠯᠠᠯᠭ᠎ᠠ᠂ ᠬ᠃111

ᠪᠢᠴᠢᠭᠡᠰᠦ