ᠪᠦᠯᠦᠺᠢᠨᠠᠹᠠᠰᠣ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠹᠷᠢᠺᠠ ᠶᠢᠨ ᠪᠠᠷᠠᠭᠤᠨ ᠬᠡᠰᠡᠭ ᠲᠦ ᠣᠷᠣᠰᠢᠳᠠᠭ ᠪᠦᠯᠦᠺᠢᠨᠠᠹᠠᠰᠣ᠋ ᠤᠯᠤᠰ ᠢ 1984 ᠣᠨ ᠤ VIII ᠰᠠᠷ᠎ᠠ ᠬᠦᠷᠲᠡᠯ᠎ᠡ ᠳᠡᠭᠡᠳᠦ ᠸᠣᠯᠲ᠋ ᠭᠡᠵᠦ ᠨᠡᠷᠡᠯᠡᠳᠡᠭ ᠪᠠᠶᠢᠪᠠ᠃ ᠲᠤᠰ ᠤᠯᠤᠰ ᠮᠠᠯᠢ᠂ ᠨᠢᠭᠧᠷ᠂ ᠪᠧᠨᠢᠨ᠂ ᠲᠣᠭᠣ᠂ ᠭᠠᠨ᠎ᠠ᠂ ᠺᠣᠲ᠋ᠤᠳ᠋ᠢᠪᠤᠸᠠᠷ ᠤᠯᠤᠰ ᠲᠠᠢ ᠬᠢᠯᠢᠯᠡᠳᠡᠭ᠃ "ᠪᠦᠦᠺᠢᠨᠠ" ᠭᠵᠢᠳᠡᠭ ᠦᠭᠡ ᠨᠢ ᠮᠣᠷᠣ ᠦᠨᠳᠦᠰᠦᠲᠡᠨ ᠦ ᠬᠡᠯᠡᠨ ᠳᠦ "ᠰᠢᠳᠤᠷᠭᠤ ᠬᠦᠮᠦᠨ" ᠭᠡᠰᠡᠨ ᠤᠳᠬ᠎ᠠ ᠲᠠᠢ ᠪᠥᠭᠡᠳ "ᠹᠠᠰᠣ" ᠭᠡᠳᠡᠭ ᠨᠢ ᠳ᠋ᠢᠭᠤᠯ ᠦᠨᠳᠦᠰᠦᠲᠡᠨ ᠦ ᠬᠡᠯᠡᠨ ᠳᠦ "ᠤᠯᠤᠰ ᠣᠷᠣᠨ" ᠭᠡᠰᠡᠨ ᠦᠭᠡ ᠠᠵᠡᠢ᠃

ᠲᠤᠰ ᠤᠯᠤᠰ ᠤᠨ ᠭᠠᠵᠠᠷ ᠨᠤᠲᠤᠭ ᠨᠢ ᠳᠠᠯᠠᠢ ᠶᠢᠨ ᠲᠦᠪᠰᠢᠨ ᠡᠴᠡ 500 ᠮ ᠬᠦᠷᠲᠡᠯ᠎ᠡ ᠥᠨᠳᠦᠷ ᠬᠤᠸᠠ ᠲᠣᠯᠣᠭᠠᠳᠣᠷᠬᠠᠭ᠃ ᠡᠮᠦᠨᠡᠲᠦ ᠬᠡᠰᠡᠭ ᠲᠦ ᠪᠡᠨ 750 ᠮ ᠬᠦᠷᠲᠡᠯ᠎ᠡ ᠥᠨᠳᠦᠷ ᠠᠤᠯᠠᠯᠠᠰ ᠲᠠᠢ᠃ ᠡᠺᠸᠠᠲ᠋ᠣᠷ ᠤᠨ ᠮᠥᠰᠰᠥᠨ ᠤ ᠠᠭᠤᠷ ᠠᠮᠢᠰᠬᠤᠯ ᠲᠠᠢ᠃ ᠬᠠᠷ᠎ᠠ ᠸᠣᠯᠲ᠋, ᠴᠠᠭᠠᠨ ᠸᠣᠯᠲ᠋ ᠬᠡᠮᠡᠬᠦ ᠬᠣᠶᠠᠷ ᠲᠣᠮᠣ ᠭᠣᠣᠯ ᠲᠠᠢ᠃ ᠰᠠᠪᠠᠨ ᠤ ᠤᠷᠭᠤᠮᠠᠯ ᠲᠠᠢ᠃

ᠪᠦᠯᠦᠺᠢᠨᠠᠹᠠᠰᠣ᠋ ᠳᠡᠯᠡᠬᠡᠢ ᠶᠢᠨ ᠬᠠᠮᠤᠭ ᠤᠨ ᠪᠠᠭᠤᠷᠠᠢ ᠬᠥᠭᠵᠢᠯᠲᠡᠢ ᠣᠷᠣᠨ ᠤ ᠨᠢᠭᠡᠨ ᠳᠦ ᠣᠷᠣᠳᠠᠭ᠃ ᠡᠳ᠋ ᠍ ᠦᠨ ᠵᠠᠰᠠᠭ ᠤᠨ ᠦᠨᠳᠦᠰᠦ ᠨᠢ ᠬᠥᠳᠡᠭᠡ ᠠᠵᠤ ᠠᠬᠤᠢ ᠪᠥᠭᠡᠳ ᠬᠦᠮᠦᠨ ᠠᠮᠠ ᠶᠢᠨ 90 ᠬᠤᠪᠢ ᠨᠢ ᠬᠥᠳᠡᠭᠡ ᠨᠤᠲᠤᠭ ᠲᠤ ᠠᠮᠢᠳᠤᠷᠠᠳᠠᠭ᠃7.5 ᠰᠠᠶ᠎ᠠ ᠮᠠᠯ ᠲᠠᠢ᠃ ᠠᠵᠤ ᠦᠢᠯᠡᠳᠪᠦᠷᠢ ᠰᠤᠯᠠ ᠬᠥᠭᠵᠢᠭᠰᠡᠨ᠃ ᠪᠠᠶᠢᠭᠠᠯᠢ ᠶᠢᠨ ᠪᠠᠶᠠᠯᠢᠭ᠂ ᠲᠡᠭᠦᠨ ᠦ ᠳᠣᠲᠣᠷ᠎ᠠ ᠠᠯᠲᠠ᠂ ᠵᠡᠰ᠂ ᠴᠠᠭᠠᠨ ᠲᠤᠭᠤᠯᠭ᠎ᠠ᠂ ᠪᠣᠺᠰᠢ ᠳᠤ᠂ ᠳᠢᠼ᠂ ᠮᠠᠷᠭᠠᠨᠼ ᠤᠨ ᠨᠥᠭᠡᠴᠡ ᠶᠡᠬᠡ ᠲᠡᠢ ᠪᠣᠯᠪᠠᠴᠤ ᠲᠤᠰ ᠣᠷᠣᠨ ᠤ ᠨᠤᠲᠤᠭ ᠳᠡᠪᠢᠰᠬᠡᠷ ᠦᠨ ᠶᠡᠬᠡᠩᠬᠢ ᠬᠡᠰᠡᠭ ᠲᠦ ᠪᠥᠷᠢᠨ ᠬᠠᠶᠢᠭᠤᠯ ᠬᠢᠭᠳᠡᠭᠡ ᠦᠭᠡᠢ᠂ ᠠᠰᠢᠭᠲᠤ ᠮᠠᠯᠲᠠᠮᠠᠯ ᠣᠯᠪᠤᠷᠢᠯᠠᠵᠤ ᠡᠬᠢᠯᠡᠬᠦ ᠱᠠᠲᠤᠨ ᠳᠤ ᠪᠠᠨ ᠪᠠᠶᠢᠭ᠎ᠠ ᠠᠵᠢ᠃ ᠭᠠᠳᠠᠭᠰᠢ ᠪᠠᠨ ᠮᠢᠬ᠎ᠠ᠂ ᠮᠢᠬᠠᠨ ᠪᠦᠲᠦᠭᠡᠭᠳᠡᠬᠦᠨ ᠭᠠᠷᠭᠠᠳᠠᠭ᠃

ᠮᠣᠰᠢ᠂ ᠹᠦᠯᠪᠧ᠂ ᠪᠣᠪᠣ ᠵᠡᠷᠭᠡ ᠦᠨᠳᠦᠰᠦᠲᠡᠨ ᠶᠠᠰᠤᠲᠠᠨ ᠲᠠᠢ᠃ ᠠᠯᠪᠠᠨ ᠶᠣᠰᠣᠨ ᠤ ᠬᠡᠯᠡ ᠨᠢ ᠹᠷᠠᠨᠼᠢ᠃

ᠳᠡᠭᠡᠳᠦ ᠸᠣᠯᠲ᠋ ᠍ ᠢ 19 ᠵᠠᠭᠤᠨ ᠤ ᠰᠡᠭᠦᠯᠴᠢ ᠪᠡᠷ ᠹᠷᠠᠨᠼᠢ ᠶᠢᠨ ᠺᠣᠯᠣᠨᠢᠴᠢᠯᠠᠭᠴᠢᠳ ᠪᠤᠯᠢᠶᠠᠨ ᠡᠵᠡᠯᠡᠵᠦ᠂ ᠪᠠᠷᠠᠭᠤᠨ ᠠᠹᠷᠢᠺᠠ ᠳ᠋ᠠᠬᠢ ᠥᠪᠡᠷ ᠦᠨ ᠺᠣᠯᠣᠨᠢ ᠪᠣᠯᠭᠠᠵᠠᠢ᠃ 1960 ᠣᠨ ᠤ VIII ᠰᠠᠷ᠎ᠠ ᠶᠢᠨ 5 ᠍ ᠳᠤ ᠲᠤᠰᠠᠭᠠᠷ ᠲᠣᠭᠲᠠᠨᠢᠯ ᠢᠶᠠᠨ ᠲᠤᠩᠬᠠᠭᠯᠠᠭᠰᠠᠨ ᠶᠤᠮ᠃ ᠳᠠᠷᠠᠭ᠎ᠠ ᠨᠢ ᠬᠡᠳᠦ ᠬᠡᠳᠦᠨ ᠤᠳᠠᠭ᠎ᠠ ᠲᠥᠷᠦ ᠶᠢᠨ ᠡᠷᠭᠢᠯᠲᠡ ᠭᠠᠷᠤᠭᠰᠠᠨ ᠴᠤ ᠤᠯᠤᠰ ᠣᠷᠣᠨ ᠢᠶᠠᠨ ᠥᠭᠡᠳᠡ ᠨᠢ ᠲᠠᠲᠠᠭ᠎ᠠ ᠦᠭᠡᠢ᠃

ᠮᠥᠩᠭᠥᠨ ᠦ ᠨᠢᠭᠡᠴᠡ ᠨᠢ ᠠᠹᠷᠢᠺᠠ ᠶᠢᠨ ᠹᠷᠠᠨᠺ᠃

ᠪᠦᠯᠦᠺᠢᠨᠠᠹᠠᠰᠣ᠋ ᠮᠣᠩᠭᠣᠯ ᠤᠯᠤᠰ ᠲᠠᠢ 1985 ᠣᠨ ᠤ X ᠰᠠᠷ᠎ᠠ ᠶᠢᠨ 25 ᠍ ᠳᠦ ᠳ᠋ᠢᠫᠯᠣᠮᠠᠲ ᠬᠠᠷᠢᠯᠴᠠᠭ᠎ᠠ ᠲᠣᠭᠲᠠᠭᠠᠴᠠᠢ᠃

ᠪᠢᠴᠢᠭᠡᠰᠦ