ᠪᠤᠷᠢᠶᠠᠳ ᠣᠷᠣᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠠᠭᠪᠤᠷ:ᠣᠷᠣᠨ ᠨᠤᠲᠤᠭ ᠤᠨ ᠲᠠᠨᠢᠯᠴᠠᠭᠤᠯᠭ᠎ᠠ ᠪᠦᠭᠦᠳᠡ ᠨᠠᠶᠢᠷᠠᠮᠳᠠᠬᠤ ᠪᠤᠷᠢᠶᠠᠳ ᠤᠯᠤᠰ[1]ᠣᠷᠣᠰ ᠢᠶᠠᠷ ᠪᠤᠷᠢᠶᠠᠲ᠋ᠢᠶ᠎ᠠ) ᠪᠣᠯ ᠰᠢᠪᠸᠷᠢᠶ ᠠ ᠶᠢᠨ ᠬᠣᠯᠪᠣᠭᠠᠨ ᠤ ᠲᠣᠭᠣᠷᠢᠭ ᠲᠤ ᠪᠠᠭᠲᠠᠳᠠᠭ᠂ ᠣᠷᠣᠰ ᠤᠯᠤᠰ ᠍ ᠤᠨ ᠬᠠᠷᠢᠶᠠᠲᠤ ᠣᠷᠣᠨ ᠶᠤᠮ᠃ 1992 ᠤᠨ ᠠᠴᠠ ᠵᠡᠷᠭᠡ ᠠᠬᠢᠵᠤ ᠣᠷᠣᠰ ᠤᠨ ᠬᠣᠯᠪᠣᠭᠠᠨ ᠤ ᠮᠠᠬᠠᠪᠣᠳᠪᠦᠭᠦᠳᠡ ᠨᠠᠶᠢᠷᠠᠮᠳᠠᠬᠤ ᠤᠯᠤᠰ ᠪᠣᠯᠤᠭᠰᠠᠨ ᠢᠶᠠᠷ ᠪᠦᠭᠦᠳᠡ ᠨᠠᠶᠢᠷᠠᠮᠳᠠᠬᠤ ᠪᠤᠷᠢᠶᠠᠳ ᠤᠯᠤᠰ [2]) ᠭᠡᠵᠦ ᠠᠯᠳᠠᠷᠰᠢᠭᠰᠠᠨ᠃ ᠪᠤᠷᠢᠶᠠᠳ ᠍ ᠦᠨ ᠤᠤᠭᠠᠯ ᠬᠦᠮᠦᠨ ᠠᠮᠠ ᠶᠢᠨ ᠶᠡᠬᠡᠩᠬᠢ ᠨᠢ ᠪᠤᠷᠢᠶᠠᠳ ᠶᠠᠰᠤᠲᠠᠨ ᠪᠠ ᠣᠷᠣᠰ ᠦᠨᠳᠦᠰᠦᠲᠡᠨ ᠡᠴᠡ ᠪᠦᠷᠢᠳᠦᠭᠦᠯᠳᠡᠭ᠃ ᠨᠡᠶᠢᠲᠡ 351,334 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠂ 2013 ᠤᠨ ᠳᠤ 971,810 ᠬᠦᠮᠦᠨ ᠣᠷᠣᠰᠢᠨ ᠰᠠᠭᠤᠵᠤ ᠪᠠᠶᠢᠨ᠎ᠠ᠃[3] 1994 ᠤᠨ ᠠᠴᠠ ᠠᠷᠠᠳᠴᠢᠯᠠᠭᠰᠠᠨ ᠦᠨᠳᠦᠰᠦᠨ ᠬᠠᠤᠯᠢ ᠪᠠᠲᠤᠯᠠᠨ ᠮᠥᠷᠳᠡᠬᠦ ᠪᠣᠯᠵᠤ᠂ ᠪᠤᠷᠢᠶᠠᠳ ᠬᠡᠯᠡ ᠢ (ᠮᠣᠩᠭᠣᠯ ᠬᠡᠯᠡᠨ ᠦ ᠤᠮᠠᠷᠠᠳᠤ ᠠᠶᠠᠯᠭᠤ) ᠣᠷᠣᠰ ᠬᠡᠯᠡ  ᠲᠠᠢ ᠬᠠᠮᠲᠤ ᠪᠠᠷ ᠠᠯᠪᠠᠨ ᠶᠣᠰᠣᠨ ᠤ ᠪᠣᠯᠭᠠᠵᠠᠢ᠃ ᠥᠨᠥᠳᠥᠷ ᠪᠦᠬᠦᠶᠢᠯᠡ ᠣᠷᠣᠨ᠂ ᠠᠷᠠᠳ ᠤᠳ ᠢᠶᠠᠨ 21 ᠠᠶᠢᠮᠠᠭ᠂ 2 ᠬᠣᠳᠠ ᠳᠤ ᠬᠤᠪᠢᠶᠠᠵᠤ ᠵᠠᠬᠢᠷᠳᠠᠭ᠃ ᠨᠡᠶᠢᠰᠯᠡᠯ ᠨᠢ ᠳᠥᠴᠢᠨ ᠲᠦᠮᠡᠨ ᠬᠦᠮᠦᠨ ᠲᠡᠢ ᠤᠯᠠᠭᠠᠨ-ᠦᠳᠡ ᠬᠣᠲᠠ ᠪᠤᠯᠤᠨ᠎ ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠷᠢᠶᠠᠳ ᠣᠷᠣᠨ ᠨᠢ ᠲᠥᠪ ᠠᠽᠢᠶ᠎ᠠ᠂ ᠳᠣᠷᠣᠨ᠎ᠠ ᠰᠢᠪᠸᠷᠢᠶ ᠠ ᠍ ᠦᠨ ᠡᠮᠦᠨ᠎ᠡ ᠵᠠᠬ᠎ᠠ ᠪᠠᠷ ᠮᠣᠩᠭᠣᠯ ᠤᠨ ᠬᠡᠭᠡᠷ᠎ᠡ ᠲᠠᠯ᠎ᠠ᠂ ᠰᠢᠪᠸᠷᠢᠶ ᠠ ᠶᠢᠨ ᠥᠳᠬᠡᠨ ᠰᠢᠭᠤᠢ ᠶᠢᠨ ᠬᠣᠭᠣᠷᠣᠨᠳᠣ 351,334 ᠲᠡᠭᠰᠢ ᠳᠦᠷᠪᠡᠯᠵᠢᠨ ᠺᠢᠯᠣᠮᠧᠲ᠋ᠷ ᠤᠨ ᠨᠤᠲᠤᠭ ᠳᠡᠪᠢᠰᠭᠡᠷ (ᠣᠷᠣᠰ ᠤᠨ ᠬᠣᠯᠪᠣᠭᠠᠨ ᠤ ᠨᠠᠶᠠᠨ ᠭᠤᠷᠪᠠᠨ ᠮᠠᠬᠠᠪᠣᠳ ᠍ ᠤᠨ ᠳᠤᠮᠳᠠ 15 ᠍ ᠳᠦᠭᠡᠷ ᠲᠣᠮᠣ ᠨᠤᠲᠤᠭ) ᠡᠵᠡᠯᠡᠭᠰᠡᠨ ᠣᠢ ᠮᠣᠳᠣ᠂ ᠠᠭᠤᠯᠠ ᠲᠠᠯ᠎ᠠ᠂ ᠤᠰᠤ ᠨᠠᠭᠤᠷ ᠪᠦᠷᠢᠳᠦᠭᠰᠡᠨ ᠭᠠᠵᠠᠷ ᠣᠷᠣᠰᠢᠳᠠᠭ᠃ ᠣᠷᠣᠰ ᠤᠯᠤᠰ ᠤᠨ ᠬᠢᠯᠢ ᠳᠣᠲᠣᠷ᠎ᠠ ᠪᠠᠨ ᠵᠡᠭᠦᠨ ᠲᠠᠯ᠎ᠠ ᠳᠤ ᠪᠠᠨ ᠥᠪᠥᠷ ᠪᠠᠶᠢᠭᠠᠯᠢ ᠶᠢᠨ ᠬᠢᠵᠠᠭᠠᠷ ᠲᠠᠢ ᠥᠷᠭᠡᠨ ᠵᠤᠷᠪᠤᠰ ᠢᠶᠠᠷ᠂ ᠬᠣᠶᠢᠲᠤ ᠲᠠᠯ ᠠ ᠪᠡᠷ ᠢᠶᠠᠨ ᠡᠷᠡᠬᠦᠦ ᠮᠤᠵᠢᠲᠠᠢ ᠬᠢᠯᠢᠯᠡᠵᠦ᠂ ᠪᠠᠷᠠᠭᠤᠨ ᠬᠣᠶᠢᠳᠤ ᠲᠠᠯ᠎ᠠ ᠪᠠᠷ ᠢᠶᠠᠨ ᠪᠠᠶᠢᠭᠠᠯ ᠨᠠᠭᠤᠷ ᠲᠤ ᠲᠤᠯᠵᠤ᠂ ᠪᠠᠷᠠᠭᠤᠨ ᠲᠠᠯ᠎ᠠ ᠪᠠᠷ ᠢᠶᠠᠨ ᠪᠠᠭ᠎ᠠ ᠰᠢᠭ ᠵᠠᠢ ᠳᠤ ᠲᠤᠸᠠ ᠣᠷᠣᠨ ᠲᠠᠢ ᠬᠠᠶᠠᠭ᠎ᠠ ᠨᠡᠶᠢᠯᠡᠳᠡᠭ᠃ ᠡᠮᠦᠨ᠎ ᠡ ᠲᠠᠯ᠎ᠠ ᠪᠠᠷ ᠢᠶᠠᠨ ᠮᠣᠩᠭᠣᠯ ᠤᠯᠤᠰ ᠍ ᠤᠨ ᠰᠡᠯᠡᠩᠭᠡᠪᠤᠯᠠᠭᠠᠨᠬᠥᠪᠰᠥᠭᠥᠯ ᠠᠶᠢᠮᠠᠭ ᠲᠠᠢ ᠬᠢᠯᠢ ᠵᠠᠯᠭᠠᠳᠠᠭ᠃

ᠬᠥᠳᠡᠭᠡ ᠭᠠᠵᠠᠷ
ᠭᠦᠨ᠂ ᠴᠡᠩᠭᠡᠭ᠂ ᠦᠵᠡᠰᠬᠦᠯᠡᠩᠲᠦ ᠪᠠᠶᠢᠭᠠᠯ ᠨᠠᠭᠤᠷ ᠍ ᠤᠨ ᠡᠷᠭᠢ ᠶᠢᠨ 60% ᠨᠢ ᠪᠤᠷᠢᠶᠠᠳ ᠢᠶᠠᠷ ᠳᠠᠭᠠᠷᠢᠳᠠᠭ᠃ ᠪᠤᠷᠢᠶᠠᠳ ᠮᠣᠩᠭᠣᠯᠴᠤᠳ ᠨᠠᠭᠤᠷ ᠢᠶᠠᠨ ᠪᠠᠶᠢᠭᠠᠯ ᠳᠠᠯᠠᠢ ᠭᠡᠵᠦ ᠨᠠᠨᠳᠢᠩᠨᠠᠨ ᠪᠢᠰᠢᠷᠡᠳᠡᠭ ᠪᠢᠯᠡ᠃ ᠪᠤᠷᠢᠶᠠᠳ ᠲᠤ ᠠᠩᠭᠠᠷ ᠯᠠᠨ᠎ᠠ ᠬᠣᠶᠠᠷ ᠮᠥᠷᠡᠨ᠂ ᠪᠠᠶᠢᠭᠠᠯ ᠨᠠᠭᠤᠷ ᠤᠨ (52%) ᠭᠡᠰᠡᠨ ᠭᠤᠷᠪᠠᠨ ᠰᠠᠪᠠ ᠭᠠᠵᠠᠷ ᠪᠠᠶᠢᠨ᠎ᠠ᠃ ᠪᠦᠭᠦᠳᠡ 25 ᠮᠢᠩᠭ᠎ᠠ ᠭᠠᠷᠤᠢ ᠭᠣᠣᠯ ᠭᠣᠷᠤᠬ ᠠ ᠤᠷᠤᠰᠳᠠᠭ ᠠᠴᠠ >99% ᠨᠢ 200 ᠺᠢᠯᠣᠮᠧᠲ᠋ᠷ ᠡᠴᠡ ᠪᠣᠭᠣᠨᠢ᠂ 61% ᠨᠢ ᠪᠠᠶᠢᠭᠠᠯ ᠳᠠᠯᠠᠢ ᠳᠤ ᠴᠢᠳᠬᠤᠳᠠᠭ᠃ ᠲᠣᠮᠣᠬᠠᠨ ᠠᠴᠠ ᠨᠡᠷ᠎ᠡ ᠳᠤᠷᠠᠳᠪᠠᠯ ᠵᠡᠳᠴᠥᠬᠥᠬᠢᠯᠭᠠᠠᠦᠳᠡ ᠭᠣᠣᠯ ᠢ ᠬᠤᠷᠢᠶᠠᠨ ᠢᠷᠡᠬᠦ ᠰᠡᠯᠡᠩᠭᠡ ᠮᠥᠷᠡᠨ᠂ ᠴᠣᠯᠭᠢᠨ ᠴᠢᠳᠬᠤᠳᠠᠭ ᠪᠠᠷᠭᠠᠵᠢᠨ᠂ ᠪᠠᠶᠢᠭᠠᠯ  ᠳᠤ ᠴᠢᠳᠬᠤᠳᠠᠭ ᠳᠡᠭᠡᠳᠦ ᠠᠩᠭᠠᠷ ᠪᠠᠶᠢᠨ᠎ᠠ᠃ ᠯᠠᠨ᠎ᠠ ᠮᠥᠷᠡᠨ (ᠪᠤᠷᠢᠶᠠᠳ ᠢᠶᠠᠷ ᠵᠦᠯᠬᠢ ᠮᠦᠷᠡᠨ) ᠢ ᠵᠦᠭᠯᠡᠨ ᠤᠷᠤᠰᠲᠠᠭ ᠸᠢᠲ᠋ᠢᠮ ᠮᠤᠶ᠎ᠠ ᠬᠣᠶᠠᠷ ᠭᠤᠤᠯ᠂ ᠠᠩᠭᠠᠷ ᠢ ᠴᠢᠭᠯᠡᠨ ᠤᠷᠤᠰᠲᠠᠭ ᠡᠷᠡᠬᠦᠦ ᠭᠣᠣᠯ ᠪᠠᠰᠠ ᠪᠤᠢ᠃

ᠬᠠᠮᠤᠭ ᠤᠨ ᠨᠠᠮ ᠳᠣᠣᠷ᠎ᠠ ᠴᠡᠭ ᠨᠢ ᠳᠠᠯᠠᠢ ᠶᠢᠨ ᠲᠦᠪᠰᠢᠨ ᠡᠴᠡ ᠳᠡᠭᠡᠭᠰᠢ 456 ᠮᠸᠲᠷ ᠥᠨᠳᠥᠷ ᠳ᠋ᠡᠬᠢ ᠪᠠᠶᠢᠭᠠᠯ ᠨᠠᠭᠤᠷ ᠤᠨ ᠮᠠᠨᠳᠠᠯ᠃ ᠬᠠᠮᠤᠭ ᠤᠨ ᠥᠨᠳᠥᠷ ᠴᠡᠭ ᠨᠢ ᠬᠣᠶᠠᠷ ᠤᠯᠤᠰ ᠤᠨ ᠬᠢᠯᠢ ᠶᠢᠨ ᠴᠡᠭ ᠪᠣᠯᠤᠭᠰᠠᠨ ᠰᠣᠶᠣᠩ ᠎ ᠎ᠤᠨ  ᠨᠣᠶᠠᠨ ᠣᠷᠭᠢᠯ ᠮᠥᠩᠬᠡ ᠰᠠᠷᠢᠳᠠᠭ (3491 ᠮᠸᠲᠷ) ᠶᠤᠮ᠃ ᠡᠨᠳᠡ ᠵᠡᠭᠦᠨ ᠰᠣᠶᠣᠩ ᠤ ᠨᠢᠷᠤᠭᠤᠨ ᠠᠴᠠ ᠭᠠᠳᠠᠨ᠎ᠠ ᠬᠠᠮᠠᠷ ᠳᠠᠪᠠᠭᠠᠨ᠂ ᠪᠠᠶᠢᠭᠠᠯ ᠤᠨ᠂ ᠤᠯᠠᠭᠠᠨ ᠪᠤᠷᠭᠠᠰᠤᠨ᠂ ᠠᠬ᠎ᠠ ᠶᠢᠨ᠂ ᠪᠠᠷᠭᠠᠵᠢᠨ ᠤ᠂ ᠸᠢᠲ᠋ᠢᠮ ᠦᠨ ᠭᠡᠬᠦ ᠮᠡᠲᠦ ᠨᠢᠷᠤᠭᠤ᠂ ᠥᠨᠳᠥᠷᠯᠢᠭ ᠣᠷᠣᠨ ᠨᠤᠭᠤᠳ ᠪᠤᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠡᠴᠡ ᠨᠠᠰᠢ ᠮᠣᠩᠭᠣᠯ ᠤᠭᠰᠠᠭᠠᠨ ᠤ ᠨᠡᠭᠦᠳᠡᠯᠴᠢᠳ ᠣᠷᠣᠰᠢᠨ ᠰᠠᠭᠤᠵᠤ ᠢᠷᠡᠭᠰᠡᠨ ᠲᠤᠰ ᠨᠤᠲᠤᠭ 1206 ᠤᠨ ᠳᠤ ᠪᠠᠶᠢᠭᠤᠯᠤᠭᠳᠠᠭᠰᠠᠨ ᠶᠡᠬᠡ ᠮᠣᠩᠭᠣᠯ ᠤᠯᠤᠰ ᠍ ᠤᠨ ᠪᠦᠷᠢᠯᠳᠦᠬᠦᠨ ᠳᠦ ᠪᠠᠭᠲᠠᠵᠤ ᠪᠠᠶᠢᠪᠠ᠃

ᠣᠷᠣᠰ ᠤᠳ 1648 ᠤᠨ ᠳᠤ ᠪᠠᠷᠭᠠᠵᠢᠨ ᠳᠤ ᠠᠩᠬᠠᠨ ᠤ ᠰᠢᠪᠡᠭᠡ ᠪᠡᠨ ᠪᠠᠷᠢᠭᠰᠠᠨ ᠠᠴᠠ ᠬᠣᠶᠢᠰᠢ ᠤᠯᠠᠮ ᠯᠠᠪᠰᠢᠷᠠᠭᠤᠯᠤᠭᠰᠠᠭᠠᠷ ᠪᠤᠷᠢᠶᠠᠳ ᠮᠣᠩᠭᠣᠯ ᠢ ᠡᠵᠡᠯᠡᠵᠡᠢ᠃ 16 ᠍ ᠳᠦᠭᠡᠷ ᠵᠠᠭᠤᠨ ᠤ ᠦᠶᠡᠰ ᠠᠯᠲᠠ᠂ ᠠᠩᠬᠢ ᠶᠢᠨ ᠠᠷᠠᠰᠤ ᠪᠠᠷ ᠪᠠᠶᠠᠯᠢᠭ ᠲᠤᠰ ᠨᠤᠲᠤᠭ ᠲᠤ ᠬᠠᠭᠠᠨᠲᠤ ᠣᠷᠣᠰ ᠤᠯᠤᠰ ᠍ ᠤᠨ ᠬᠤᠳᠠᠯᠳᠤᠭᠠᠴᠢᠳ᠂ ᠴᠡᠷᠢᠭ ᠦᠳ ᠰᠠᠭᠤᠷᠢᠰᠢᠵᠤ ᠡᠬᠢᠯᠡᠭᠰᠡᠨ ᠠᠵᠠᠢ᠃ ᠣᠷᠣᠰ ᠤᠳ 1666 ᠤᠨ ᠳᠤ ᠦᠳᠡ ᠭᠣᠣᠯ ᠍ ᠤᠨ ᠬᠥᠨᠳᠡᠢ ᠳᠤ ᠴᠠᠶᠢᠵᠠ ᠪᠠᠷᠢᠵᠤ᠂ ᠳᠡᠭᠡᠳᠦ ᠦᠳᠡ ᠪᠤᠶᠤ ᠸᠧᠷᠬᠨᠧ-ᠤᠳᠢᠨᠰᠺ ᠬᠡᠮᠡᠨ ᠨᠡᠷᠡᠯᠡᠭᠰᠡᠨ ᠨᠢ ᠬᠣᠵᠢᠮ ᠤᠨ ᠤᠯᠠᠭᠠᠨ-ᠦᠳᠡ ᠬᠣᠲᠠ ᠪᠥᠭᠡᠳ ᠲᠡᠷᠡ ᠦᠶᠡᠰ ᠲᠤᠰ ᠪᠥᠰᠡ ᠨᠤᠲᠤᠭ ᠤᠨ ᠲᠥᠪ ᠪᠣᠯᠤᠭᠰᠠᠨ ᠶᠤᠮ᠃ 1689 ᠤᠨ ᠳᠤ ᠮᠠᠨᠵᠤ ᠴᠢᠩ ᠭᠦᠷᠦᠨ᠂ ᠬᠠᠭᠠᠨᠲᠤ ᠣᠷᠣᠰ ᠤᠨ ᠬᠣᠭᠣᠷᠣᠨᠳᠣ ᠪᠠᠶᠢᠭᠤᠯᠤᠭᠰᠠᠨ ᠨᠧᠷᠴᠢᠨᠰᠺ ᠤᠨ ᠭᠡᠷ᠎ᠡ ᠶᠣᠰᠣᠭᠠᠷ ᠠᠯᠪᠠᠨ ᠶᠣᠰᠣᠭᠠᠷ ᠣᠷᠣᠰ ᠤᠨ ᠮᠡᠳᠡᠯ ᠳᠦ ᠰᠢᠯᠵᠢᠭᠰᠡᠨ ᠪᠠᠶᠢᠨ᠎ᠠ᠃

1929 ᠤᠨ ᠤ ᠪᠤᠷᠢᠶᠠᠳ ᠍ ᠤᠨ ᠭᠠᠵᠠᠷ ᠤᠨ ᠵᠢᠷᠤᠭ᠃ 1937 ᠤᠨ ᠠᠴᠠ ᠡᠮᠦᠨᠡᠬᠢ ᠪᠤᠷᠢᠶᠠᠳ ᠮᠣᠩᠭᠣᠯ ᠣᠷᠣᠨ ᠠᠭ᠂ ᠤᠰᠠᠳᠢ-ᠣᠷᠳᠣ ᠬᠣᠶᠠᠷ ᠢ ᠪᠠᠭᠲᠠᠭᠠᠭᠰᠠᠨ ᠲᠣᠮᠣ ᠪᠠᠶᠢᠴᠠᠢ᠃
ᠲᠠᠲᠠᠨ ᠪᠠᠭᠤᠭᠳᠠᠭᠰᠠᠨ ᠪᠣᠯᠤᠨ ᠦᠭᠡᠷ᠎ᠡ ᠮᠤᠵᠢ ᠳᠤ ᠨᠢᠭᠡᠳᠬᠡᠭᠳᠡᠭᠰᠡᠨ ᠨᠤᠲᠤᠭ ᠤᠳ

ᠬᠣᠵᠢᠮ 1917 ᠤᠨ ᠤ ᠣᠺᠲ᠋ᠢᠶᠠᠪᠧᠷ ᠤᠨ ᠬᠤᠪᠢᠰᠬᠠᠯ ᠍ ᠤᠨ ᠳᠠᠷᠠᠭ᠎ᠠ ᠨᠢᠭᠡ ᠬᠡᠰᠡᠭ ᠴᠠᠭᠠᠨ ᠠᠷᠮᠢ ᠪᠣᠯᠤᠨ ᠶᠠᠫᠣᠨ ᠤᠯᠤᠰ ᠲᠤ ᠡᠵᠡᠯᠡᠭᠳᠡᠵᠦ ᠪᠠᠶᠢᠭᠰᠠᠨ ᠪᠥᠭᠡᠳ 1920 ᠤᠨ ᠳᠤ ᠠᠯᠤᠰ ᠳᠣᠷᠣᠨᠠᠲᠤ ᠶᠢᠨ ᠪᠦᠭᠦᠳᠡ ᠨᠠᠶᠢᠷᠠᠮᠳᠠᠬᠤ ᠤᠯᠤᠰ ᠳᠡᠭᠡᠳᠦ ᠦᠳᠡ ᠳᠦ ᠨᠡᠶᠢᠰᠯᠡᠯ ᠲᠡᠢ ᠪᠡᠷ ᠣᠷᠣᠰᠢᠨ ᠲᠣᠭᠲᠠᠨᠢᠵᠤ ᠪᠠᠶᠢᠪᠠ᠃ 1922 ᠤᠨ ᠳᠤ ᠵᠥᠪᠯᠡᠯᠲᠦ ᠬᠣᠯᠪᠣᠭᠠᠲᠤ ᠤᠯᠤᠰ ᠳᠤ ᠨᠢᠭᠡᠳᠬᠡᠭᠳᠡᠭᠰᠡᠨ ᠦ ᠳᠠᠷᠠᠭ᠎ᠠ 1923 ᠤᠨ ᠳᠤ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠪᠤᠷᠢᠶᠠᠳ ᠮᠣᠩᠭᠣᠯ ᠤᠯᠤᠰ ᠪᠣᠯᠤᠨ ᠵᠣᠬᠢᠶᠠᠨ ᠪᠠᠶᠢᠭᠤᠯᠤᠭᠳᠠᠭᠰᠠᠨ ᠶᠤᠮ᠃ 1958 ᠤᠨ ᠳᠤ ᠲᠤᠰ ᠤᠯᠤᠰ ᠤᠨ ᠨᠡᠷ ᠡ ᠡᠴᠡ ᠮᠣᠩᠭᠣᠯ ᠭᠡᠳᠡᠭ ᠦᠭᠡ ᠶᠢ ᠬᠠᠰᠤᠵᠠᠢ᠃

1923 ᠤᠨ ᠳᠤ ᠵᠥᠪᠯᠡᠯᠲᠦ ᠬᠣᠯᠪᠣᠭᠠᠲᠤ ᠤᠯᠤᠰ ᠍ ᠤᠨ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠣᠷᠣᠰ ᠤᠯᠤᠰ ᠍ ᠤᠨ ᠪᠦᠷᠢᠯᠳᠦᠬᠦᠨ ᠳᠦ "ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠪᠤᠷᠢᠶᠠᠳ ᠮᠣᠩᠭᠣᠯ ᠤᠯᠤᠰ" ᠪᠠᠶᠢᠭᠤᠯᠤᠭᠳᠠᠪᠠ᠃ 1927 ᠤᠨ ᠳᠤ ᠵᠥᠪᠯᠡᠯᠲᠦ ᠵᠠᠰᠠᠭ ᠢ ᠡᠰᠡᠷᠭᠦᠴᠡᠭᠰᠡᠨ ᠪᠤᠷᠢᠶᠠᠳ ᠤᠨ ᠠᠷᠠᠳ ᠲᠦᠮᠡᠨ ᠦ ᠪᠣᠰᠤᠯᠭ᠎ᠠ ᠭᠠᠷᠤᠭᠰᠠᠨ ᠪᠣᠯᠪᠠᠴᠤ ᠵᠥᠪᠯᠡᠯᠲᠦ ᠬᠣᠯᠪᠣᠭᠠᠲᠤ ᠤᠯᠤᠰ ᠴᠡᠷᠢᠭ᠂ ᠵᠡᠪᠰᠡᠭ ᠦᠨ ᠬᠦᠴᠦ ᠪᠡᠷ ᠴᠢᠰᠤ ᠤᠷᠤᠰᠬᠠᠨ ᠳᠠᠷᠤᠵᠠᠢ᠃ ᠵᠡᠪᠰᠡᠭᠲᠦ ᠪᠣᠰᠤᠯᠭ᠎ᠠ ᠡᠴᠡ ᠬᠣᠶᠢᠰᠢ ᠪᠤᠷᠢᠶᠠᠳᠴᠤᠳ ᠢ ᠨᠡᠩ ᠢᠯᠠᠩᠭᠤᠶ᠎ᠠ ᠪᠣᠯᠪᠠᠰᠤᠷᠠᠯ ᠲᠠᠢ ᠬᠡᠰᠡᠭ ᠦᠨ ᠡᠰᠡᠷᠬᠦ ᠬᠡᠯᠮᠡᠭᠳᠡᠭᠦᠯᠦᠯᠲᠡ ᠡᠷᠴᠢᠮᠲᠡᠢ ᠶᠠᠪᠤᠭᠤᠯᠤᠭᠰᠠᠨ ᠢᠶᠠᠷ 1929 ᠤᠨ ᠭᠡᠬᠦ ᠳᠦ 35000 ᠬᠦᠮᠦᠨ ᠢ ᠬᠡᠯᠮᠡᠭᠳᠡᠭᠦᠯᠦᠭᠰᠡᠨ ᠪᠠᠷᠢᠮᠲᠠ ᠪᠠᠶᠢᠳᠠᠭ᠃

1991 ᠤᠨ ᠳᠤ ᠣᠷᠣᠰ ᠤᠨ ᠬᠣᠯᠪᠣᠭᠠᠨ ᠤ ᠤᠯᠤᠰ ᠲᠤᠰᠠᠭᠠᠷ ᠲᠣᠭᠲᠠᠨᠢᠬᠤ ᠳᠤ ᠪᠠᠶᠢᠷᠢ ᠰᠠᠭᠤᠷᠢ ᠳᠡᠭᠡᠭᠰᠢᠯᠡᠵᠦ ᠣᠳᠣ ᠶᠢᠨ ᠡᠷᠬᠡ ᠬᠡᠮᠵᠢᠶ᠎ᠡ᠂ ᠨᠡᠷ᠎ᠡ ᠪᠡᠨ ᠣᠯᠵᠠᠢ᠃

1991 ᠤᠨ ᠤ 5 ᠰᠠᠷ᠎ᠠ ᠶᠢᠨ 27 ᠍ ᠳᠦ ᠪᠦᠭᠦᠳᠡ ᠨᠠᠶᠢᠷᠠᠮᠳᠠᠬᠤ ᠪᠤᠷᠢᠶᠠᠳ ᠤᠯᠤᠰ ᠪᠣᠯᠭᠠᠵᠤ ᠨᠡᠷ᠎ᠡ ᠪᠡᠨ ᠥᠭᠡᠷᠡᠴᠢᠯᠡᠭᠰᠡᠨ ᠲᠤᠰ ᠤᠯᠤᠰ ᠨᠢ ᠮᠥᠨ ᠤᠨ ᠤ 12 ᠰᠠᠷ᠎ᠠ ᠶᠢᠨ 25 ᠍ ᠳᠦ ᠵᠥᠪᠯᠡᠯᠲᠦ ᠬᠣᠯᠪᠣᠭᠠᠲᠤ ᠤᠯᠤᠰ ᠵᠠᠳᠠᠷᠠᠬᠤ ᠳᠤ ᠣᠷᠣᠰ ᠤᠨ ᠬᠣᠯᠪᠣᠭᠠᠨ ᠤ ᠤᠯᠤᠰ ᠤᠨ ᠪᠦᠷᠢᠯᠳᠦᠬᠦᠨ ᠳᠦ ᠦᠯᠡᠳᠡᠵᠦ᠂ 1994 ᠤᠨ ᠳᠤ ᠲᠡᠦᠬᠡᠨ ᠳᠦ ᠪᠡᠨ ᠠᠩᠬ᠎ᠠ ᠤᠳᠠᠭ᠎ᠠ ᠠᠷᠠᠳᠴᠢᠯᠠᠭᠰᠠᠨ ᠵᠠᠮ ᠢᠶᠠᠷ ᠶᠡᠷᠦᠩᠬᠡᠶᠢᠯᠡᠭᠴᠢ ᠪᠡᠨ ᠰᠣᠩᠭᠣᠬᠤ ᠳᠤ ᠯᠧᠣᠨᠢ ᠳᠤ ᠫᠣᠲ᠋ᠠᠫᠣᠪ ᠲᠤᠰ ᠤᠯᠤᠰ ᠤᠨ ᠶᠡᠷᠦᠩᠬᠡᠶᠢᠯᠡᠭᠴᠢ ᠪᠡᠷ ᠰᠣᠩᠭᠣᠭᠳᠠᠭᠰᠠᠨ ᠪᠠᠶᠢᠨ᠎ᠠ᠃

ᠠᠷᠠᠳ ᠲᠦᠮᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠷᠬᠠᠨᠴᠢ (1900 ᠤᠨ)

1970 ᠤᠨ ᠠᠴᠠ ᠬᠣᠶᠢᠰᠢ ᠪᠤᠷᠢᠶᠠᠳ ᠶᠠᠰᠤᠲᠠᠨ ᠤ ᠡᠵᠡᠯᠡᠬᠦ ᠬᠤᠪᠢ ᠥᠰᠴᠦ ᠪᠠᠶᠢᠨ᠎ᠠ[4]:

 ᠶᠠᠰᠤᠲᠤ ᠳᠤ/ᠣᠨ 1926 1939 1959 1970 1979 1989 2002 2010
ᠣᠷᠣᠰ ᠤᠳ 52,9 % 72,0 % 74,6 % 76,5 % 72,0 % 69,9 % 67,8 % 66,1 %
ᠪᠤᠷᠢᠶᠠᠳ ᠦᠳ 43,9 % 21,3 % 20,2 % 19,0 % 23,0 % 24,0 % 27,8 % 30,0 %
ᠦᠺᠷᠠᠶᠢᠨᠴᠤᠳ 0,4 % 2,5 % 1,5 % 1,3 % 1,7 % 2,2 % 0,98 % 0,6 %
ᠲᠠᠲ᠋ᠠᠷ ᠤᠳ 0,6 % 0,7 % 1,2 % 1,2 % 1,1 % 1,0 % 0,83 % 0,7 %

2010 ᠤᠨ ᠤ ᠪᠦᠷᠢᠳᠬᠡᠯ ᠶᠢᠡᠷ᠂ ᠤᠷᠤᠰ ᠤᠨ ᠬᠠᠷᠢᠶᠠᠨ ᠳᠡᠬᠢ ᠪᠤᠷᠢᠶᠠᠳᠴᠤᠳ ᠤᠨ 62.16% ᠨᠢ ᠪᠤᠷᠢᠶᠠᠳ ᠤᠯᠤᠰ ᠲᠤ ᠤᠷᠤᠰᠢᠨ ᠰᠠᠭᠤᠵᠤ ᠪᠠᠶᠢᠨ᠎ ᠠ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠷᠢᠶᠠᠳ ᠣᠷᠣᠨ ᠤ ᠬᠣᠷᠢᠨ ᠭᠤᠷᠪᠠᠨ ᠨᠤᠲᠤᠭ ᠤᠨ ᠦᠨᠳᠦᠰᠦᠨ ᠮᠡᠳᠡᠭᠡᠯᠡᠯ
 ᠨᠤᠲᠤᠭ ᠤᠨ ᠨᠡᠷ᠎ᠡ ᠭᠠᠵᠠᠷ ᠨᠤᠲᠤᠭ ᠤᠨ
ᠬᠡᠮᠵᠢᠶ᠎ᠡ᠂ ᠲᠠᠯᠠᠪᠠᠢ
ᠬᠦᠮᠦᠨ ᠠᠮᠠ ᠶᠢᠨ ᠲᠣᠭ᠎ᠠ
(2012.1.1 ᠍ ᠪᠡᠷ)[5]
 ᠨᠤᠲᠤᠭ ᠤᠨ
ᠲᠥᠪ
ᠳᠡᠭᠦᠷᠭᠡ᠂
ᠰᠤᠮᠤ ᠶᠢᠨ
ᠲᠣᠭ᠎ᠠ
ᠮᠣᠩᠭᠣᠯ ᠺᠢᠷᠢᠯ ᠣᠷᠣᠰ ᠺᠢᠷᠢᠯ ᠪᠤᠷᠢᠶᠠᠳ ᠺᠢᠷᠢᠯ км² ↑↓ ᠬᠦᠮᠦᠨ ↑↓
ᠬᠣᠲᠠᠪᠦᠭᠦᠳᠡ ᠨᠠᠶᠢᠷᠠᠮᠳᠠᠬᠤ ᠤᠯᠤᠰ ᠲᠤ ᠰᠢᠭᠤᠳ ᠬᠠᠷᠢᠶᠠᠯᠠᠭᠳᠠᠳᠠᠭ ᠬᠣᠲᠠ (ᠭᠣᠷᠣᠳ ᠷᠧᠰᠫᠦᠪᠯᠢᠺᠠᠨᠰᠺᠣᠭᠣ ᠫᠣᠳᠣᠴᠢᠨᠧᠨᠢᠶ᠎ᠠ) (2)
1 ᠤᠯᠠᠭᠠᠨ-ᠦᠳᠡ ᠬᠣᠲᠠ ᠭᠣᠷᠣᠳ ᠤᠯᠠᠨ-ᠤᠳᠡ ᠤᠯᠠᠭᠠᠨ-ᠦᠳᠡ ᠬᠣᠲᠠ 348 22 411,646 1 3
2 ᠬᠣᠶᠢᠳᠪᠠᠶᠢᠭᠠᠯ ᠬᠣᠲᠠ ᠬᠣᠲᠠ ᠭᠣᠷᠣᠳ ᠰᠧᠸᠧᠷᠣᠪᠠᠶᠢᠺᠠᠯᠰᠺ ᠬᠣᠶᠢᠲᠠ-ᠪᠠᠶᠢᠭᠠᠯ ᠬᠣᠲᠠ 23 24,615 11
ᠠᠶᠢᠮᠠᠭᠬᠣᠲᠠ ᠰᠠᠭᠤᠷᠢᠨ᠂ ᠰᠤᠮᠤ ᠬᠥᠳᠡᠭᠡ ᠠᠯᠢ ᠠᠯᠢᠨ ᠢ ᠠᠭᠤᠯᠠᠭᠰᠠᠨ ᠨᠤᠲᠤᠭ (ᠮᠤᠨᠢᠼᠢᠫᠠᠯᠩ ᠤᠢ ᠷᠠᠶᠣᠨ) (21)
3 ᠠᠬ᠎ᠠ ᠠᠶᠢᠮᠠᠭ ᠣᠺᠢᠨᠰᠺ ᠦ ᠷᠠᠶᠣᠨ ᠠᠬ᠎ᠠ ᠶᠢᠨ ᠠᠶᠢᠮᠠᠭ 26012 4 5,401 23 ᠥᠷᠯᠥᠭ 4
4 ᠪᠠᠪᠠᠨᠲ ᠠᠶᠢᠮᠠᠭ ᠪᠠᠦᠨᠲᠠᠪᠰᠺ ᠦ ᠷᠠᠶᠣᠨ ᠪᠠᠤᠨᠲᠤ ᠶᠢᠨ ᠠᠶᠢᠮᠠᠭ 66816 1 9,389 22 ᠪᠠᠭᠠᠳᠠᠷᠢᠨ 9
5 ᠪᠠᠶᠢᠭᠠᠯ ᠰᠢᠳᠠᠷ ᠠᠶᠢᠮᠠᠭ ᠫᠠᠷᠠᠪᠠᠢᠺᠠᠯᠰᠺ ᠦ ᠷᠠᠶᠣᠨ ᠪᠠᠶᠢᠭᠠᠯ ᠰᠢᠳᠠᠷ ᠠᠶᠢᠮᠠᠭ 15472 7 26,904 9 ᠲᠤᠷᠤᠨᠲᠠᠸᠣ 10
6 ᠪᠠᠷᠭᠠᠵᠢᠨ ᠠᠶᠢᠮᠠᠭ ᠪᠠᠷᠭᠤᠵᠢᠨᠰᠺ ᠦ ᠷᠠᠶᠣᠨ ᠪᠠᠷᠠᠵᠠᠨᠠᠢ ᠠᠶᠢᠮᠠᠭ 18533 6 23,238 13 ᠪᠠᠷᠭᠠᠵᠢᠨ 10
7 ᠪᠢᠴᠢᠭᠦᠷ ᠠᠶᠢᠮᠠᠭ ᠪᠢᠴᠢᠷᠰᠺ ᠦ ᠷᠠᠶᠣᠨ ᠪᠡᠰᠢᠭᠦᠷᠡᠢ ᠠᠶᠢᠮᠠᠭ 6201 17 24,742 10 ᠪᠢᠴᠢᠭᠦᠷ 18
8 ᠵᠠᠩᠷᠠᠢ ᠠᠶᠢᠮᠠᠭ ᠵᠠᠢᠭᠷᠠᠸᠰᠺ ᠦ ᠷᠠᠶᠣᠨ ᠵᠠᠭᠠᠷᠠᠢ ᠶᠢᠨ ᠠᠶᠢᠮᠠᠭ 6605 16 49,513 3 ᠵᠠᠩᠷᠠᠢ 20
9 ᠵᠠᠬᠠᠮᠢᠨ ᠠᠶᠢᠮᠠᠭ ᠵᠠᠺᠠᠮᠧᠨᠰᠺ ᠦ ᠷᠠᠶᠣᠨ ᠵᠠᠬᠠᠮᠢᠨᠠᠢ ᠠᠶᠢᠮᠠᠭ 15320 8 28,016 7 ᠵᠠᠬᠠᠮᠢᠨ 24
10 ᠵᠡᠳ ᠠᠶᠢᠮᠠᠭ ᠳᠵᠢᠳᠢᠨᠰᠺ ᠦ ᠷᠠᠶᠣᠨ ᠵᠡᠳ᠋ ᠍ ᠤᠨ ᠠᠶᠢᠮᠠᠭ 8600 13 27,450 8 ᠵᠡᠳ 23
11 ᠮᠤᠶ᠎ᠠ ᠠᠶᠢᠮᠠᠭ ᠮᠤᠶᠢᠰᠺ ᠦ ᠷᠠᠶᠣᠨ ᠮᠤᠶ᠎ᠠ ᠶᠢᠨ ᠠᠶᠢᠮᠠᠭ 25,164 5 12,834 21 ᠲᠠᠺᠰᠢᠮᠣ 3
12 ᠮᠤᠬᠤᠷᠰᠢᠪᠡᠷ ᠠᠶᠢᠮᠠᠭ ᠮᠤᠬᠤᠷᠰᠢᠪᠢᠷᠰᠺ ᠦ ᠷᠠᠶᠣᠨ ᠮᠤᠬᠤᠷ-ᠱᠡᠪᠡᠷᠡᠢ ᠠᠶᠢᠮᠠᠭ 4532 19 24,562 12 ᠮᠤᠬᠤᠷᠰᠢᠪᠡᠷ 16
13 ᠰᠡᠯᠡᠩᠭᠡ ᠠᠶᠢᠮᠠᠭ ᠰᠧᠯᠧᠩᠬᠢᠨᠰᠺ ᠦ ᠷᠠᠶᠣᠨ ᠰᠡᠯᠡᠩᠭᠡ ᠶᠢᠨ ᠠᠶᠢᠮᠠᠭ 8269 14 45,412 4 ᠭᠠᠯᠤᠭᠤᠳᠤᠨᠠᠭᠤᠷ 15
14 ᠲᠠᠷᠪᠠᠭᠠᠲᠠᠢ ᠠᠶᠢᠮᠠᠭ ᠲᠠᠷᠪᠠᠭ᠎ᠠ ᠲᠠᠢ=ᠰᠺᠢ ᠷᠠᠶᠣᠨ ᠲᠠᠷᠪᠠᠭᠠᠲᠠᠢ ᠶᠢᠨ ᠠᠶᠢᠮᠠᠭ 3300 20 16,657 17 ᠲᠠᠷᠪᠠᠭᠠᠲᠠᠢ 10
15 ᠲᠦᠩᠬᠡᠨ ᠠᠶᠢᠮᠠᠭ ᠲᠤᠩᠬᠢᠨᠰᠺ ᠦ ᠷᠠᠶᠣᠨ ᠲᠦᠩᠬᠦ ᠡᠴᠢ ᠠᠶᠢᠮᠠᠭ 11800 12 22,278 14 ᠬᠡᠷᠢᠶᠡᠨ 14
16 ᠬᠠᠪᠠᠭᠠᠨ ᠠᠶᠢᠮᠠᠭ ᠺᠠᠪᠠᠨᠰᠺ ᠦ ᠷᠠᠶᠣᠨ ᠬᠠᠪᠠᠩᠰᠠᠬᠤ ᠶᠢᠨ ᠠᠶᠢᠮᠠᠭ 13470 9 59,274 2 ᠬᠠᠪᠠᠭᠠᠨ 19
17 ᠬᠢᠶᠠᠭᠲᠤ ᠠᠶᠢᠮᠠᠭ ᠺᠢᠬᠲ᠋ᠢᠨᠰᠺ ᠦ ᠷᠠᠶᠣᠨ ᠬᠶᠠᠭᠲᠤ ᠶᠢᠨ ᠠᠶᠢᠮᠠᠭ 4684 18 39,240 5 ᠬᠢᠶᠠᠭᠲᠤ 19
18 ᠬᠣᠶᠢᠳᠪᠠᠶᠢᠭᠠᠯ ᠬᠣᠲᠠ ᠠᠶᠢᠮᠠᠭ ᠰᠧᠸᠧᠷᠣ-ᠪᠠᠶᠢᠺᠠᠯᠰᠺ ᠦ ᠷᠠᠶᠣᠨ ᠬᠣᠶᠢᠲᠠ-ᠪᠠᠶᠢᠭᠠᠯᠠᠢ ᠠᠶᠢᠮᠠᠭ 53990 2 13,688 20 ᠳ᠋ᠣᠣᠳᠤ ᠠᠩᠭᠠᠷ 10
19 ᠬᠣᠷᠢ ᠠᠶᠢᠮᠠᠭ ᠬᠣᠷᠢᠨᠰᠺ ᠦ ᠷᠠᠶᠣᠨ ᠬᠣᠷᠢᠢᠨ ᠠᠶᠢᠮᠠᠭ 13431 10 18,236 16 ᠬᠣᠷᠢ 11
20 ᠬᠤᠷᠮᠠᠬᠠᠭᠠᠨ ᠠᠶᠢᠮᠠᠭ ᠺᠦ᠋ᠷᠦ᠋ᠮᠺᠠᠨᠰᠺ ᠦ ᠷᠠᠶᠣᠨ ᠬᠤᠷᠮᠠᠬᠠᠨᠠᠢ ᠠᠶᠢᠮᠠᠭ 12450 11 14,704 19 ᠬᠤᠷᠮᠠᠬᠠᠭᠠᠨ 10
21 ᠬᠴᠡᠩᠭᠡ ᠠᠶᠢᠮᠠᠭ ᠺᠢᠵᠢᠩᠭᠢᠨᠰᠺ ᠦ ᠷᠠᠶᠣᠨ ᠬᠡᠵᠢᠩᠭᠤ ᠶᠢᠨ ᠠᠶᠢᠮᠠᠭ 7871 15 16,154 18 ᠬᠴᠡᠩᠭᠡ 9
22 ᠡᠪᠯᠢᠭ ᠠᠶᠢᠮᠠᠭ ᠢᠪᠠᠯᠭᠢᠨᠰᠺ ᠦ ᠷᠠᠶᠣᠨ ᠡᠪᠢᠯᠭ᠎ᠠ ᠶᠢᠨ ᠠᠶᠢᠮᠠᠭ 2663 21 39,078 6 ᠡᠪᠯᠢᠭ 6
23 ᠢᠷᠠᠭᠤ ᠠᠶᠢᠮᠠᠭ  ᠶᠡᠷᠪᠠᠨᠢᠩᠰᠺ ᠦ ᠷᠠᠶᠣᠨ ᠢᠷᠠᠭᠤᠨ᠎ᠠ ᠶᠢᠨ ᠠᠶᠢᠮᠠᠭ 30725 3 18,360 15  ᠨᠠᠷᠠᠰᠤᠳᠤ 14
ᠪᠤᠷᠢᠶᠠᠳ ᠣᠷᠣᠨ ᠤ ᠳᠦᠩ 351334 971,391 3+254


ᠠᠵᠤ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1923 ᠤᠨ ᠠᠴᠠ 1958 ᠤᠨ ᠬᠦᠷᠲᠡᠯ᠎ᠡ ᠤᠯᠤᠰ ᠤᠨ ᠨᠡᠷ ᠡ ᠶᠢ ᠣᠷᠣᠰ ᠢᠶᠠᠷ ᠪᠤᠷᠢᠲ-ᠮᠣᠩᠭᠣᠯᠢᠰᠺᠠᠶ᠎ᠠ ᠭᠡᠵᠤ ᠪᠠᠶᠢᠭᠰᠠᠨ᠃ 1958 ᠤᠨ ᠤ 7 ᠰᠠᠷ᠎ᠠ ᠶᠢᠨ 7 ᠍ ᠤ ᠵᠥᠪᠯᠡᠯᠲᠦ ᠬᠣᠯᠪᠣᠭᠠᠲᠤ ᠤᠯᠤᠰ ᠤᠨ ᠳᠡᠭᠡᠳᠦ ᠵᠥᠪᠯᠡᠯ ᠦᠨ ᠲᠡᠷᠢᠭᠦᠯᠡᠭᠴᠢᠳ ᠦᠨ ᠵᠠᠷᠯᠢᠭ ᠢᠶᠠᠷ ᠮᠣᠩᠭᠣᠯ ᠭᠡᠰᠡᠨ ᠦᠭᠡ ᠶᠢ ᠬᠠᠰᠴᠤ᠂ ᠪᠦᠷᠢᠶᠠᠳ ᠭᠡᠳᠡᠭ ᠪᠣᠯᠤᠭᠰᠠᠨ ᠶᠤᠮ᠃ ᠭᠡᠪᠡᠴᠦ ᠦᠨᠳᠦᠰᠦᠨ ᠦ ᠦᠵᠡᠯ ᠲᠡᠢ ᠪᠤᠷᠢᠶᠠᠳ ᠬᠦᠮᠦᠰ ᠪᠤᠷᠢᠶᠠᠳ-ᠮᠣᠩᠭᠣᠯ ᠬᠦᠮᠦᠨ᠂ ᠪᠤᠷᠢᠶᠠᠳ-ᠮᠣᠩᠭᠣᠯ ᠣᠷᠣᠨ ᠭᠡᠵᠦ ᠪᠢᠴᠢᠬᠦ ᠨᠢ ᠣᠳᠣ ᠴᠤ ᠲᠦᠭᠡᠮᠡᠯ ᠪᠠᠶᠢᠭᠰᠠᠭᠠᠷ ᠪᠠᠶᠢᠭ᠎ᠠ᠃
  2. ᠣᠷᠣᠰ ᠲᠤ ᠠᠯᠪᠠᠨ ᠶᠣᠰᠣᠨ ᠤ ᠪᠢᠴᠢᠭ ᠪᠠᠷᠢᠮᠲᠠᠨ ᠳᠤ ᠣᠷᠣᠰ ᠦᠭᠡ ᠶᠢ ᠲᠣᠬᠢᠷᠠᠭᠤᠯᠤᠭᠰᠠᠨ ᠪᠦᠷᠢᠶᠠᠳ ᠷᠧᠰᠫᠦᠪᠯᠢᠺᠠ ᠭᠡᠳᠡᠭ ᠢᠶᠡᠷ ᠪᠢᠴᠢᠳᠡᠭ᠃ ᠡᠭᠦᠨ ᠡᠴᠡ ᠭᠠᠳᠠᠨ᠎ᠠ ᠮᠣᠩᠭᠣᠯ ᠤᠯᠤᠰ ᠤᠨ ᠨᠡᠷ᠎ᠡ ᠲᠣᠮᠢᠶᠠᠨ ᠠᠴᠠ ᠰᠠᠨᠠᠭ᠎ᠠ ᠠᠪᠴᠤ ᠪᠥᠭᠥᠳᠡ ᠨᠠᠶᠢᠷᠠᠮᠳᠠᠬᠤ ᠪᠤᠷᠶᠶᠠᠳ ᠤᠯᠤᠰ ᠭᠡᠵᠦ ᠪᠢᠴᠢᠭᠰᠡᠨ ᠨᠢ ᠴᠤ ᠴᠥᠭᠡᠨ ᠦᠭᠡᠢ᠃
  3. ᠣᠼᠧᠩᠺᠠ ᠴᠢᠰᠯᠧᠨᠨᠣᠰᠲ᠋ᠢ ᠫᠣᠰᠲᠠᠢᠩᠨᠠᠭ
    ᠨᠠᠰᠧᠯᠧᠨᠢᠶ᠎ᠠ РФ ᠨᠠ 1 ᠢᠨᠠᠪᠤᠷᠢᠶᠠ 2013 ᠭᠷᠠᠮ᠃
  4. ᠳᠧᠮᠣᠰᠺᠣᠫ
  5. ᠲᠠᠪᠯᠢᠼᠠ 35. ᠣᠼᠧᠩᠺᠠ ᠴᠢᠰᠯᠧᠨᠨᠣᠰᠲ᠋ᠢ ᠫᠣᠰᠲᠠᠢᠩᠨᠠᠭ ᠨᠠᠰᠧᠯᠧᠨᠢᠶ᠎ᠠ ᠨᠠ 1 ᠢᠨᠠᠪᠤᠷᠢᠶᠠ 2012 ᠭᠷᠠᠮ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠪᠤᠷᠢᠶᠠᠳ ᠣᠷᠣᠨ»
  • egov-buryatia.ru — ᠵᠠᠰᠠᠭ ᠤᠨ ᠭᠠᠵᠠᠷ ᠤᠨ ᠰᠠᠶᠢᠲᠤ  (ᠣᠷᠣᠰ᠃)  (ᠪᠤᠷ᠃)  (ᠠᠩᠭᠯ᠃)
  • buryatia.org — ᠪᠤᠷᠢᠶᠠᠳ ᠠᠷᠠᠳ ᠤᠨ ᠰᠠᠶᠢᠲᠤ  (ᠪᠤᠷ᠃)  (ᠣᠷᠣᠰ᠃)
  • buryatia.ru — ᠰᠣᠨᠢᠨ ᠮᠡᠳᠡᠭᠡᠨ ᠦ ᠰᠠᠶᠢᠲᠤ  (ᠣᠷᠣᠰ᠃)  (ᠪᠤᠷ᠃)
  • infpol.ru — ᠰᠣᠨᠢᠨ ᠮᠡᠳᠡᠭᠡᠨ ᠦ ᠰᠠᠶᠢᠲᠤ  (ᠣᠷᠣᠰ᠃)  (ᠪᠤᠷ᠃)

ᠵᠠᠭᠪᠤᠷ:ᠣᠷᠣᠰ ᠬᠣᠯᠪᠣᠭᠠᠨ ᠤ ᠤᠯᠤᠰ ᠤᠨ ᠵᠠᠰᠠᠭ ᠵᠠᠬᠢᠷᠭᠠᠨ ᠤ ᠨᠢᠭᠡᠴᠡ ᠨᠦᠭᠦᠳ ᠵᠠᠭᠪᠤᠷ:ᠪᠦᠭᠦᠳᠡ ᠨᠠᠶᠢᠷᠠᠮᠳᠠᠬᠤ ᠪᠤᠷᠢᠶᠠᠳ ᠤᠯᠤᠰ ᠤᠨ ᠵᠠᠰᠠᠭ ᠵᠠᠬᠢᠷᠭᠠᠨ ᠤ ᠬᠤᠪᠢᠶᠠᠷᠢ

ᠪᠢᠴᠢᠭᠡᠰᠦ