ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠺᠣᠩᠭᠣ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠺᠣᠩᠭᠣ ᠤᠯᠤᠰ
ᠤᠷᠢᠶ᠎ᠠ: Justice – Paix – Travail</br>(ᠰᠢᠳᠤᠷᠭᠤ ᠪᠠᠶᠢᠳᠠᠯ – ᠡᠩᠬᠡ ᠲᠠᠶᠢᠪᠤᠩ – ᠠᠵᠢᠯ)
ᠲᠥᠷᠥ ᠵᠠᠰᠠᠭ ᠬᠠᠭᠠᠰ-ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠦᠭᠦᠳᠡ ᠨᠠᠶᠢᠷᠠᠮᠳᠠᠬᠤ ᠤᠯᠤᠰ
 -  ᠶᠡᠷᠦᠩᠬᠡᠶᠢᠯᠡᠭᠴᠢ ᠵᠣᠽᠧᠹ ᠺᠠᠪᠢᠯᠠ
 -  ᠶᠡᠷᠦᠩᠬᠡᠢ ᠰᠠᠶᠢᠳ ᠠᠳᠣᠯᠹ ᠮᠦᠽᠢᠲ᠋ᠣ
 -  ᠭᠠᠳᠠᠷᠭᠤ ᠶᠢᠨ ᠤᠰᠤ (%) 3.3
ᠬᠦᠮᠦᠨ ᠠᠮᠠ
 -  ᠲᠣᠭᠠᠴᠠᠭ᠎ᠠ () 62.6 ᠰᠠᠶ᠎ᠠ[1] 
ᠬᠡᠦᠬᠡᠳ ᠦᠨ ᠬᠥᠭᠵᠢᠯ ᠦᠨ ᠢᠨᠳᠧᠺᠰ  0.411 (168)
ᠮᠥᠩᠭᠥᠨ ᠦ ᠨᠢᠭᠡᠴᠡ ᠺᠣᠩᠭᠣ ᠹᠷᠠᠨᠺ )
ᠴᠠᠭ ᠤᠨ ᠪᠥᠰᠡ +1 ᠍ ᠰ +2
ᠤᠲᠠᠰᠤᠨ ᠤ ᠲᠣᠮᠢᠶ᠎ᠠ 243
ᠺᠣᠩᠭᠣ ᠭᠡᠰᠡᠨ ᠰᠠᠯᠠᠭ᠎ᠠ ᠤᠳᠬ᠎ᠠ ᠲᠠᠢ ᠦᠭᠡᠨ ᠦ ᠬᠠᠭᠤᠳᠠᠰᠤ ᠨᠤᠭᠤᠳ ᠢ ᠮᠥᠨ ᠦᠵᠡᠨ᠎ᠡ ᠦᠦ᠃

ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠺᠣᠩᠭᠣ ᠤᠯᠤᠰ (ᠹᠷᠠᠨᠼᠢ ᠪᠠᠷ République démocratique du Congo) ᠪᠤᠶᠤ ᠬᠠᠭᠤᠴᠢᠨ ᠢᠶᠠᠷ ᠵᠠᠢᠷ (ᠹᠷᠠᠨᠼᠢ ᠪᠠᠷ Zaïre) ᠨᠢ ᠭᠠᠵᠠᠷ ᠨᠤᠲᠤᠭ ᠢᠶᠠᠷ ᠢᠶᠠᠨ ᠭᠤᠷᠪᠠ ᠳᠤ ᠵᠢᠭ᠌ᠰᠠᠳᠠᠭ ᠠᠹᠷᠢᠺᠠᠡᠶᠢᠨ ᠣᠷᠣᠨ ᠶᠤᠮ᠃ ᠬᠡᠳᠦᠢ ᠪᠡᠷ ᠲᠥᠪ ᠠᠹᠷᠢᠺᠠ ᠶᠢᠨ ᠳᠡᠳ᠋ ᠪᠥᠰᠡ ᠳᠦ ᠬᠠᠮᠢᠶᠠᠷᠤᠭᠳᠠᠳᠠᠭ ᠪᠣᠯᠪᠠᠴᠤ ᠡᠮᠦᠨᠡᠲᠦ ᠠᠹᠷᠢᠺᠠ ᠶᠢᠨ ᠬᠥᠭᠵᠢᠯ ᠦᠨ ᠨᠢᠭᠡᠳᠦᠯ ᠦᠨ ᠭᠡᠰᠢᠭᠦᠨ ᠣᠷᠣᠨ ᠤ ᠬᠤᠪᠢ ᠳᠤ ᠡᠳ᠋ ᠍ ᠦᠨ ᠵᠠᠰᠠᠭ᠂ ᠨᠤᠲᠤᠭ ᠤᠨ ᠬᠤᠪᠢ ᠳᠤ ᠡᠮᠦᠨᠡᠲᠦ ᠠᠹᠷᠢᠺᠠ ᠲᠠᠢ ᠨᠠᠷᠢᠨ ᠬᠣᠯᠪᠣᠭ᠎ᠠ ᠲᠠᠢ᠃ ᠬᠣᠶᠢᠳᠤ ᠲᠠᠯ᠎ᠠ ᠪᠠᠷ ᠢᠶᠠᠨ ᠲᠥᠪ ᠠᠹᠷᠢᠺᠠ ᠶᠢᠨ ᠪᠦᠭᠦᠳᠡ ᠨᠠᠶᠢᠷᠠᠮᠳᠠᠬᠤ ᠤᠯᠤᠰᠰᠤᠳᠠᠨ ᠣᠷᠣᠨ ᠨᠤᠭᠤᠳ ᠲᠠᠢ᠂ ᠵᠡᠭᠦᠨ ᠲᠠᠯᠬᠤ ᠪᠠᠨ ᠤ᠋ᠭᠤᠨᠳᠤ᠋ᠷᠤᠸᠠᠩᠳᠠᠪᠦᠷᠤᠨᠳᠢ ᠣᠷᠣᠨ ᠨᠤᠭᠤᠳ ᠲᠠᠢ᠂ ᠡᠮᠦᠨᠡᠲᠦ ᠲᠠᠯ᠎ᠠ ᠪᠠᠷ ᠢᠶᠠᠨ ᠽᠠᠮᠪᠢᠠᠩᠭᠡᠯᠠ᠂ ᠪᠠᠷᠠᠭᠤᠨ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠺᠣᠩᠭᠣ ᠤᠯᠤᠰ ᠦᠳ ᠲᠠᠢ ᠲᠤᠰ ᠲᠤᠰ ᠬᠢᠯᠢᠯᠡᠨ᠎ᠡ᠃ ᠵᠡᠭᠦᠨ ᠲᠠᠯ᠎ᠠ ᠳᠤ ᠪᠠᠨ ᠲᠠᠨᠽᠠᠨᠢᠢ ᠠ ᠤᠯᠤᠰ ᠠᠴᠠ ᠲᠠᠩᠭᠠᠨᠢᠺᠠ ᠨᠠᠭᠤᠷ ᠢᠶᠠᠷ ᠲᠤᠰᠠᠭᠠᠷᠯᠠᠭᠳᠠᠳᠠᠭ᠃ ᠺᠣᠩᠭᠣ ᠭᠡᠰᠡᠨ ᠨᠡᠷ᠎ᠡ ᠨᠢ 《ᠠᠩᠨᠠᠭᠴᠢ》 ᠭᠡᠰᠡᠨ ᠤᠳᠬ᠎ᠠ ᠲᠠᠢ᠂ ᠺᠣᠩᠭᠣ ᠮᠥᠷᠡᠨ ᠦ ᠰᠠᠪᠠ ᠭᠠᠵᠠᠷ ᠲᠤ ᠠᠮᠢᠳᠤᠷᠠᠳᠠᠭ ᠪᠠᠺᠣᠩᠭᠣ ᠠᠶᠢᠮᠠᠭ ᠢ ᠲᠥᠯᠦᠭᠡᠯᠡᠭᠰᠡᠨ ᠨᠡᠷ᠎ᠡ ᠶᠤᠮ᠃

ᠠᠷᠠᠳᠴᠢᠯᠠᠭᠰᠠᠨ ᠺᠣᠩᠭᠣ ᠤᠯᠤᠰ ᠨᠢ ᠬᠠᠭᠤᠴᠢᠨ ᠢᠶᠠᠷ ᠪᠧᠯᠬᠢ ᠍ ᠶᠢᠨ ᠺᠣᠯᠣᠨᠢ ᠪᠠᠶᠢᠭᠰᠠᠨ ᠪᠥᠭᠡᠳ ᠲᠤᠰᠠᠭᠠᠷ ᠲᠣᠭᠨᠠᠭᠰᠠᠨ ᠤ ᠪᠠᠨ ᠳᠠᠷᠠᠭ᠎ᠠ᠂ 1964 ᠣᠨ ᠤ 8 ᠰᠠᠷ᠎ᠠ ᠶᠢᠨ 1 ᠬᠦᠷᠲᠡᠯ᠎ᠡ ᠪᠦᠭᠦᠳᠡ ᠨᠠᠶᠢᠷᠠᠮᠳᠠᠬᠤ ᠺᠣᠩᠭᠣ ᠤᠯᠤᠰ ᠨᠡᠷ᠎ᠡ ᠲᠡᠢ ᠪᠣᠯᠵᠠᠢ᠃ ᠡᠭᠦᠨ ᠦ ᠳᠠᠷᠠᠭ᠎ᠠ ᠪᠠᠷ ᠬᠠᠵᠠᠭᠤ ᠳᠤ ᠪᠠᠨ ᠬᠢᠯᠢᠯᠡᠳᠡᠭ ᠠᠳᠠᠯᠢ ᠨᠡᠷ᠎ᠡ ᠲᠡᠢ ᠤᠯᠤᠰ ᠠᠴᠠ ᠢᠯᠭᠠᠭᠳᠠᠬᠤ ᠵᠣᠷᠢᠯᠭ᠎ᠠ ᠪᠠᠷ ᠣᠳᠣ ᠶᠢᠨ ᠨᠡᠷ᠎ᠡ ᠪᠣᠯᠬᠤ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠺᠣᠩᠭᠣ ᠤᠯᠤᠰ ᠨᠡᠷ᠎ᠡ ᠶᠢ ᠰᠣᠩᠭᠣᠭᠰᠠᠨ ᠪᠠᠶᠢᠨ᠎ᠠ᠃ 1971 ᠣᠨ ᠤ 10 ᠰᠠᠷ᠎ᠠ ᠶᠢᠨ 27 ᠍ ᠳᠦ ᠲᠤᠬᠠᠢ ᠶᠢᠨ ᠦᠶ᠎ᠡ ᠶᠢᠨ ᠶᠡᠷᠦᠩᠬᠡᠶᠢᠯᠡᠭᠴᠢ ᠮᠣᠪᠤᠲᠤ ᠨᠢ ᠤᠯᠤᠰ ᠤᠨ ᠢᠶᠠᠨ ᠨᠡᠷ᠎ᠡ ᠶᠢ ᠵᠠᠢᠷ ᠨᠡᠷ᠎ᠡ ᠪᠡᠷ ᠰᠣᠯᠢᠭᠰᠠᠨ ᠪᠥᠭᠡᠳ ᠡᠨᠡ ᠨᠢ 《ᠭᠣᠣᠯ ᠪᠦᠬᠦᠨ ᠢ ᠵᠠᠯᠢᠭᠢᠳᠠᠭ ᠭᠣᠣᠯ》 ᠭᠡᠰᠡᠨ ᠤᠳᠬ᠎ᠠ ᠲᠠᠢ nzere ᠡᠰᠡᠪᠡᠯ nzadi ᠦᠭᠡ ᠶᠢᠨ ᠫᠣᠷᠲ᠋ᠤᠭᠠᠯ ᠳᠠᠭᠤᠳᠠᠯᠭ᠎ᠠ ᠪᠠᠶᠢᠪᠠ᠃ ᠮᠣᠪᠤᠲᠤᠭ ᠤᠨ ᠵᠠᠰᠠᠭᠯᠠᠯ ᠢ ᠤᠨᠠᠭᠠᠭᠰᠠᠨ᠂ 1997 ᠣᠨ ᠤ ᠺᠣᠩ ᠢᠶ᠎ᠠ ᠶᠢᠨ ᠨᠢᠭᠡᠳᠦᠭᠡᠷ ᠳᠠᠶᠢᠨᠢ ᠳᠠᠷᠤᠭ᠎ᠠ ᠬᠠᠭᠤᠴᠢᠨ ᠨᠡᠷ᠎ᠡ ᠳᠦ ᠪᠡᠨ ᠡᠷᠭᠢᠨ ᠣᠷᠣᠵᠠᠢ᠃ ᠠᠷᠠᠳᠴᠢᠯᠠᠭᠰᠠᠨ ᠺᠣᠩᠭᠣ ᠤᠯᠤᠰ ᠨᠢ 1998 ᠍ ᠰ 2003 ᠣᠨ ᠤ ᠬᠣᠭᠣᠷᠣᠨᠳᠣ ᠦᠷᠭᠦᠯᠵᠢᠯᠡᠭᠰᠡᠨ᠂ ᠳᠡᠯᠡᠬᠡᠢ ᠶᠢᠨ ᠬᠣᠶᠠᠳᠤᠭᠠᠷ ᠳᠠᠶᠢᠨᠢ ᠳᠠᠷᠠᠭᠠᠬᠢ ᠬᠠᠮᠤᠭ ᠤᠨ ᠬᠣᠣᠷ ᠬᠥᠨᠥᠭᠡᠯ ᠲᠡᠢ ᠳᠠᠶᠢᠨ ᠪᠣᠯᠬᠤ ᠺᠣᠩ ᠢᠶ᠎ᠠ ᠶᠢᠨ ᠬᠣᠶᠠᠳᠤᠭᠠᠷ ᠳᠠᠶᠢᠨ ᠢᠶᠠᠷ (ᠮᠥᠨ ᠠᠹᠷᠢᠺᠠ ᠶᠢᠨ ᠳᠡᠯᠡᠬᠡᠢ ᠶᠢᠨ ᠳᠠᠶᠢᠨ ᠭᠡᠳᠡᠭ) ᠶᠡᠬᠡᠳᠡ ᠵᠣᠪᠠᠯᠠᠩ ᠠᠮᠰᠠᠵᠠᠢ᠃ ᠭᠡᠪᠡᠴᠦ ᠣᠳᠣ ᠴᠤ ᠭᠡᠰᠡᠨ ᠤᠯᠤᠰ ᠤᠨ ᠵᠡᠭᠦᠨ ᠬᠡᠰᠡᠭ ᠢᠶᠡᠷ ᠪᠠᠶᠢᠯᠳᠤᠭᠠᠨ ᠦᠷᠭᠦᠯᠵᠢᠯᠡᠭᠰᠡᠭᠡᠷ ᠪᠠᠶᠢᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠺᠣᠩᠭᠣ ᠤᠯᠤᠰ

ᠪᠢᠴᠢᠭᠡᠰᠦ