ᠪᠥᠱᠺᠧᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠥᠱᠺᠧᠺ ᠬᠣᠲᠠ
ᠤᠯᠤᠰ ᠤᠨ ᠠᠴᠢ ᠬᠣᠯᠪᠣᠭᠳᠠᠯ ᠲᠠᠢ ᠬᠣᠲᠠ
"ᠠᠯ ᠳᠠᠭᠠᠨ" ᠨᠡᠷᠡᠲᠦ ᠬᠣᠲᠠ ᠶᠢᠨ ᠲᠥᠪ ᠲᠠᠯᠠᠪᠠᠢ ᠶᠢᠨ ᠵᠢᠷᠤᠭ᠃ 2003 ᠣᠨ ᠳᠤ ᠭᠣᠣᠯ ᠳᠤ ᠨᠢ "ᠡᠷᠺᠢᠨᠳᠢᠺ" («ᠡᠷᠬᠡ ᠳᠤᠷ ᠠ») ᠬᠥᠰᠢᠶ᠎ᠡ ᠶᠢ ᠪᠣᠰᠬᠠᠵᠠᠢ᠃

ᠰᠦᠯᠳᠡ ᠲᠤᠭ

ᠰᠦᠯᠳᠡ ᠲᠡᠮᠳᠡᠭ
ᠤᠯᠤᠰ ᠣᠷᠣᠨ ᠬᠢᠷᠭᠢᠰ ᠤᠯᠤᠰ ᠬᠢᠷᠭᠢᠰ
ᠤᠯᠤᠰ ᠤᠨ ᠬᠣᠲᠠ Coat of arms of Bishkek Kyrgyzstan.svg ᠪᠥᠱᠺᠧᠺ
ᠳᠡᠭᠦᠷᠭᠡ (4) ᠨᠡᠷ᠎ᠡ ᠪᠦᠬᠦᠢ 4 ᠳᠦᠭᠦᠷᠭᠡ ᠲᠡᠢ
ᠭᠠᠵᠠᠷ ᠨᠤᠲᠤᠭ 169.9 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 750—900 ᠮ
ᠬᠦᠮᠦᠨ ᠠᠮᠠ 2012 ᠣᠨ ᠳᠤ 874,400 ᠬᠦᠮᠦᠨ
ᠨᠢᠭᠲᠠᠴᠠ ᠰᠡᠶᠢᠷᠡᠭ 5066 ᠬᠦᠮᠦᠨ/км²
ᠠᠷᠠᠳ ᠲᠦᠮᠡᠨ 66.2% - ᠬᠢᠷᠭᠢᠰ᠂ 23.0% - ᠣᠷᠣᠰ
5.7% - ᠤᠶᠢᠭᠤᠷ᠂ 10.2% - ᠪᠤᠰᠤᠳ
ᠨᠤᠲᠤᠭ ᠤᠨ ᠣᠯᠠᠨ ᠪᠥᠱᠺᠧᠺ ᠦᠨ ᠬᠢᠨ
1825 ᠣᠨ ᠺᠣᠺᠠᠨᠳ ᠤᠨ ᠬᠠᠨᠯᠢᠭᠢᠬᠠᠨ ᠰᠢᠪᠡᠭᠡᠯᠡᠪᠡ
ᠠᠩᠬᠠᠨ ᠳᠤ ᠪᠠᠨ ᠣᠷᠣᠰ ᠢᠶᠠᠷ ᠫᠢᠰᠫᠧᠺ ᠭᠡᠵᠦ ᠪᠢᠴᠢᠵᠦ ᠪᠠᠶᠢᠪᠠ
1926 ᠣᠨ ᠹᠷᠦᠨᠽᠧ ᠨᠡᠷ᠎ᠡ ᠲᠡᠢ ᠪᠣᠯᠤᠭᠰᠠᠨ
1936 ᠣᠨ ᠠᠴᠠ ᠬᠢᠷᠭᠢᠰ ᠣᠷᠣᠨ ᠤ ᠨᠡᠶᠢᠰᠯᠡᠯ
1991 ᠣᠨ ᠪᠥᠱᠺᠧᠺ ᠨᠡᠷ᠎ᠡ ᠶᠢ ᠡᠷᠭᠢᠭᠦᠯᠦᠨ ᠠᠪᠤᠪᠠ
ᠴᠠᠭ ᠤᠨ ᠪᠥᠰᠡ ᠬᠢᠷᠭᠢᠰ ᠦᠨ ᠴᠠᠭ (ГЦ+6)
ᠮᠠᠰᠢᠨ ᠤ ᠳ᠋ᠣᠭᠠᠷ B, E
ᠴᠠᠬᠢᠮ ᠭᠠᠵᠠᠷ bishkekgov.in.kg (ᠣᠷᠣᠰ ᠢᠶᠠᠷ)

ᠪᠥᠱᠺᠧᠺ (ᠬᠢᠷᠭᠢᠰ ᠶᠢᠡᠷ ᠪᠥᠱᠺᠧᠺ ; ᠵᠥᠪᠯᠡᠯᠲᠦ ᠶᠢᠨ ᠦᠶ᠎ᠡ ᠳᠦ ᠮᠣᠩᠭᠣᠯ ᠬᠡᠯᠡᠨ ᠢᠶᠡᠨ ᠹᠷᠦᠨᠽᠧ ᠭᠡᠳᠡᠭ ᠪᠠᠶᠢᠯ᠎ᠠ) — ᠬᠢᠷᠭᠢᠰ ᠤᠯᠤᠰ ᠍ ᠤᠨ ᠨᠡᠶᠢᠰᠯᠡᠯ᠂ ᠲᠤᠰ ᠤᠯᠤᠰ ᠤᠨ ᠲᠡᠷᠢᠭᠦᠨ ᠶᠡᠬᠡ ᠬᠣᠲᠠ. ᠪᠥᠱᠺᠧᠺ ᠦᠨ ᠵᠠᠰᠠᠭ ᠤᠨ ᠡᠷᠬᠡ ᠨᠢ ᠶᠠᠮᠠᠷ ᠨᠢᠭᠡᠨ ᠮᠤᠵᠢ ᠳᠤ ᠬᠠᠷᠢᠶᠠᠯᠠᠭᠳᠠᠳᠠᠭ ᠦᠭᠡᠢ ᠤᠴᠢᠷ ᠤᠯᠤᠰ ᠤᠨ ᠬᠣᠲᠠ ᠭᠡᠵᠦ ᠣᠶᠢᠯᠠᠭᠠᠵᠤ ᠪᠣᠯᠤᠨ᠎ᠠ᠃ ᠲᠡᠭᠡᠬᠦ ᠳᠦ ᠪᠡᠨ ᠥᠪᠡᠷ ᠢ ᠨᠢ ᠡᠷᠭᠢᠨ ᠲᠣᠭᠣᠷᠢᠨ ᠬᠦᠷᠢᠶᠡᠯᠡᠭᠰᠡᠨ ᠴᠦᠢ ᠮᠤᠵᠢᠡᠶᠢᠨ ᠲᠥᠪ ᠪᠠᠶᠢᠬᠤ ᠡᠭᠦᠷᠭᠡ ᠣᠨᠣᠭᠳᠠᠭᠰᠠᠨ ᠪᠠᠶᠢᠳᠠᠭ᠃

ᠨᠡᠭᠦᠳᠡᠯ ᠦᠨ ᠮᠠᠯ ᠠᠵᠤ ᠠᠬᠤᠢ ᠳᠤ ᠬᠢᠷᠭᠢᠰᠡᠶᠢᠨ ᠨᠤᠲᠤᠭ ᠲᠤ ᠡᠨᠡ ᠬᠣᠲᠠ ᠴᠣᠭᠴᠠᠯᠠᠬᠤ ᠭᠡᠵᠦ 19 ᠍ ᠳᠦᠭᠡᠷ ᠵᠠᠭᠤᠨ ᠢ ᠬᠦᠷᠲᠡᠯ᠎ᠡ ᠬᠦᠯᠢᠶᠡᠵᠡᠢ᠃ 1825 ᠣᠨ ᠳᠤ ᠺᠣᠺᠠᠨᠳ ᠤᠨ ᠬᠠᠨᠯᠢᠭ ᠲᠤᠰ ᠭᠠᠵᠠᠷ ᠲᠤ ᠰᠢᠪᠡᠭᠡᠯᠡᠵᠦ᠂ ᠴᠡᠷᠢᠭ ᠢᠶᠡᠷ ᠰᠠᠬᠢᠭᠤᠯᠰᠤᠨ ᠢᠶᠠᠷ ᠲᠡᠦᠬᠡ ᠡᠬᠢᠯᠡᠳᠡᠭ᠃ 1862 ᠣᠨ ᠳᠤ ᠬᠠᠭᠠᠨᠲᠤ ᠣᠷᠣᠰ ᠤᠨ ᠮᠡᠳᠡᠯ ᠳᠦ ᠣᠷᠣᠭᠰᠠᠨ᠃ ᠡᠨᠡ ᠦᠶᠡᠰ ᠲᠦ ᠪᠥᠱᠺᠧᠺ ᠡᠰᠡᠪᠡᠯ ᠫᠢᠰᠫᠧᠺ («ᠠᠶᠢᠷᠠᠭᠠᠨ ᠤ ᠪᠦᠯᠢᠭᠦᠷ») ᠭᠡᠵᠦ ᠨᠡᠷ᠎ᠡ ᠪᠡᠷ ᠣᠷᠣᠰ ᠪᠢᠴᠢᠭ ᠲᠦ ᠲᠡᠮᠳᠡᠭᠯᠡᠭᠳᠡᠵᠦ ᠪᠠᠶᠢᠴᠠᠢ᠃ 1926 ᠣᠨ ᠠᠴᠠ ᠵᠥᠪᠯᠡᠯᠲᠦ ᠶᠢᠨ ᠦᠶ᠎ᠡ ᠳᠦ ᠬᠤᠪᠢᠰᠬᠠᠯ ᠤᠨ ᠤᠳᠤᠷᠢᠳᠤᠭᠴᠢ ᠮᠬᠤᠢᠯ ᠹᠷᠠᠩᠵᠡ ᠶᠢᠨ ᠨᠡᠷ᠎ᠡ ᠪᠡᠷ ᠹᠷᠦᠨᠽᠧ ᠭᠡᠵᠦ ᠨᠡᠷᠡᠯᠡᠭᠳᠡᠵᠦ ᠪᠠᠶᠢᠪᠠ᠃ ᠲᠡᠷᠡ ᠦᠶ᠎ᠡ ᠳᠦ ᠮᠣᠩᠭᠣᠯ ᠬᠡᠯᠡᠨ ᠢᠶᠡᠨ ᠹᠷᠦᠨᠽᠧ ᠭᠡᠵᠦ ᠣᠷᠣᠭᠰᠠᠨ᠃ ᠺ ᠤᠭ ᠤᠵᠰᠲ᠋ᠠᠨ ᠲᠤᠰᠠᠭᠠᠷ ᠲᠣᠭᠲᠠᠨᠢᠵᠤ 1991 ᠣᠨ ᠳᠤ ᠬᠣᠲᠠ ᠶᠢᠨ ᠠᠩᠬᠠᠨ ᠤ ᠨᠡᠷ᠎ᠡ ᠪᠡᠨ ᠰᠡᠷᠭᠦᠭᠡᠭᠰᠡᠨ ᠢᠶᠡᠷ ᠳᠡᠯᠡᠬᠡᠢ ᠳᠠᠬᠢᠨ ᠢᠶᠠᠨ 75 ᠵᠢᠯ ᠦᠨ ᠤᠯᠠᠮᠵᠢᠯᠠᠯᠲᠤ ᠹᠷᠦᠨᠽᠧ ᠭᠤᠸᠠᠢ ᠪᠠᠷ ᠣᠪᠤᠭᠯᠠᠭᠰᠠᠨ ᠨᠡᠷ᠎ᠡ ᠶᠢ ᠬᠠᠯᠠᠵᠤ ᠣᠳᠣ ᠪᠥᠱᠺᠧᠺ ᠭᠡᠬᠦ ᠪᠣᠯᠤᠭᠰᠠᠨ᠃

ᠪᠥᠱᠺᠧᠺ ᠤᠯᠤᠰ ᠤᠨ ᠢᠶᠠᠨ ᠬᠣᠶᠢᠳᠤ ᠪᠡᠶ᠎ᠡ ᠳᠦ ᠢᠰ ᠤᠺ-ᠺᠦᠶᠢᠯᠢ ᠨᠠᠭᠤᠷ ᠠᠴᠠ ᠪᠠᠷᠠᠭᠤᠨ ᠬᠣᠶᠢᠨ᠎ᠠ ᠲᠩᠷᠢ ᠠᠭᠤᠯᠠ ᠍ ᠤᠨ ᠰᠠᠯᠪᠤᠷᠢ ᠪᠣᠯᠬᠤ ᠬᠢᠷᠭᠢᠰ ᠦᠨ ᠨᠢᠷᠤᠭᠤ (ᠬᠢᠷᠭᠢᠰ ᠶᠢᠡᠷ ᠺ ᠤᠭ ᠤᠽ ᠠᠯ ᠳᠤ ᠪᠠᠨ) ᠍ ᠤ 4,855 ᠮ ᠥᠨᠳᠥᠷ ᠡᠴᠡ ᠬᠠᠷᠠᠭᠳᠠᠬᠤᠶᠢᠴᠠ ᠪᠠᠷ ᠠᠷᠤ ᠬᠣᠷᠮᠣᠢ ᠳᠤ ᠨᠢ ᠳ᠃ᠲ᠃ᠳ 800 ᠮᠧᠲ᠋ᠷ ᠲᠦ ᠴᠦᠢ ᠭᠣᠣᠯ ᠍ ᠤᠨ ᠬᠥᠨᠳᠡᠢ ᠳᠤ ᠣᠷᠣᠰᠢᠳᠠᠭ᠃

ᠪᠦᠬᠦᠯᠢ ᠳᠦ ᠪᠡᠨ 169,6 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ ᠲᠤᠰ ᠬᠣᠳᠠ ᠳᠤ 2009 ᠣᠨ ᠳᠤ 851,703 ᠬᠦᠮᠦᠨ ᠣᠷᠣᠰᠢᠨ ᠰᠠᠭᠤᠵᠤ ᠪᠠᠶᠢᠯ᠎ᠠ᠃[1] ᠲᠡᠳᠡᠨ ᠦ 66.2% ᠨᠢ ᠬᠢᠷᠭᠢᠰ᠂ 23.0% ᠨᠢ ᠣᠷᠣᠰ ᠬᠦᠮᠦᠰ ᠪᠠᠶᠢᠭ᠎ᠠ ᠶᠤᠮ ᠪᠠᠶᠢᠨ᠎ᠠ᠃ 1897 ᠣᠨ ᠳᠤ 7 ᠮᠢᠩᠭ᠎ᠠ᠂ 1926 ᠣᠨ ᠳᠤ 37 ᠮᠢᠩᠭ᠎ᠠ᠂ 1989 ᠣᠨ ᠳᠤ 611 ᠮᠢᠩᠭᠠᠨ ᠬᠦᠮᠦᠨ ᠠᠮᠠ ᠲᠠᠢ ᠪᠠᠶᠢᠭᠰᠠᠨ ᠲᠡᠦᠬᠡ ᠲᠡᠢ᠃

ᠰᠣᠨᠢᠷᠬᠠᠭᠤᠯᠬᠤ ᠳᠤ ᠵᠥᠪᠯᠡᠯᠲᠦ ᠶᠢᠨ ᠦᠶ᠎ᠡ ᠳᠦ ᠵ᠃ ᠭᠦᠷᠦᠷᠠᠭᠴᠠ ᠨᠠᠷ ᠤᠨ ᠹᠷᠦᠨᠽᠧᠳ ᠣᠴᠢᠵᠤ ᠰᠤᠷᠤᠯᠴᠠᠭᠰᠠᠨ ᠬᠦᠮᠦᠨ ᠮᠣᠩᠭᠣᠯ ᠳᠤ ᠣᠯᠠᠨ ᠪᠠᠶᠢᠳᠠᠭ ᠠᠴᠠ ᠭᠠᠳᠠᠨ᠎ᠠ ᠪᠥᠱᠺᠧᠺᠲ ᠣᠳᠣ ᠴᠤ ᠭᠡᠰᠡᠨ ᠳ᠃ ᠰᠦᠬᠡᠪᠠᠭᠠᠲᠤᠷ ᠤᠨ ᠨᠡᠷᠡᠲᠦ ᠭᠤᠳᠤᠮᠵᠢ (ᠬᠢᠷᠭᠢᠰ ᠶᠢᠡᠷ ᠰᠤᠭᠡ-ᠪᠠᠲ᠋ᠤᠷ ᠺᠥᠴᠡᠰᠦ; ᠣᠷᠣᠰ ᠶᠢᠡᠷ ᠤᠯᠢᠽᠠ ᠰᠤᠭᠡ-ᠪᠠᠲ᠋ᠤᠷᠠ) ᠪᠠᠶᠢᠭ᠎ᠠ ᠶᠤᠮ ᠪᠠᠶᠢᠨ᠎ᠠ᠃[2][3]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠬᠢᠷᠭᠢᠰ ᠦᠨ ᠨᠤᠲᠤᠭ

http://wiki.uhaan.com/index.php?title=ᠪᠥᠱᠺᠧᠺ&oldid=435435》 ᠍  ᠡᠴᠡ ᠠᠪᠤᠭᠰᠠᠨ

ᠪᠢᠴᠢᠭᠡᠰᠦ