ᠪᠤᠷᠬᠠᠨ ᠬᠠᠯᠳᠤᠨ ᠠᠭᠤᠯᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠪᠤᠷᠬᠠᠨ ᠬᠠᠯᠳᠤᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠵᠠᠭᠪᠤᠷ:ᠢᠨᠹᠣᠪᠣᠺᠰ ᠤᠤᠯ

ᠪᠤᠷᠬᠠᠨ ᠬᠠᠯᠳᠤᠨ ᠨᠢ ᠮᠣᠩᠭᠣᠯ ᠤᠯᠤᠰ ᠍ ᠍ ᠤᠨ ᠬᠡᠨᠲᠡᠢ ᠠᠶᠢᠮᠠᠭ ᠲᠤ ᠪᠠᠶᠢᠬᠤ ᠬᠡᠨᠲᠡᠢ ᠶᠢᠨ ᠨᠢᠷᠤᠭᠤᠨᠳ ᠪᠠᠭᠠᠳᠬᠤ ᠠᠭᠤᠯᠠ ᠶᠤᠮ᠃ ᠴᠢᠩᠭᠢᠰ ᠬᠠᠭᠠᠨᠢ ᠲᠦᠷᠦᠭᠰᠡᠨ ᠨᠤᠲᠤᠭ ᠪᠥᠭᠡᠳ ᠲᠡᠭᠦᠨ ᠦ ᠪᠤᠯᠠᠰᠢ ᠪᠠᠶᠢᠳᠠᠭ ᠭᠡᠰᠡᠨ ᠳᠣᠮᠣᠭ ᠲᠠᠢ᠂ ᠮᠣᠩᠭᠣᠯᠴᠤᠳ ᠍ ᠍ ᠤᠨ ᠡᠷᠬᠢᠮᠯᠡᠨ ᠰᠢᠲᠦᠳᠡᠭ ᠠᠭᠤᠯᠠ ᠶᠤᠮ᠃ ᠮᠣᠩᠭᠣᠯᠴᠤᠳ ᠲᠤᠰ ᠬᠠᠶᠢᠷᠬᠠᠨ ᠢ 《ᠬᠠᠳᠤᠨ ᠬᠠᠶᠢᠷᠬᠠᠨ》 ᠭᠡᠵᠦ ᠨᠡᠷᠡᠶᠢᠳᠳᠡᠭ ᠪᠠᠶᠢᠭᠰᠠᠨ ᠪᠣᠯ ᠰᠡᠭᠦᠯ ᠳᠦ ᠪᠤᠳ᠋ᠳ᠋ᠾᠠ ᠶᠢᠨ ᠱᠠᠰᠢᠨ ᠤ ᠨᠥᠯᠥᠭᠡᠭᠦᠷ ᠪᠤᠷᠬᠠᠨ ᠭᠡᠳᠡᠭ ᠨᠡᠷᠡᠰᠢᠯ ᠨᠡᠮᠡᠭᠳᠡᠵᠦ 《ᠪᠤᠷᠬᠠᠨ ᠬᠠᠯᠳᠤᠨ》 ᠪᠣᠯᠤᠭᠰᠠᠨ ᠪᠥᠭᠡᠳ ᠪᠤᠳ᠋ᠳ᠋ᠾᠠ ᠶᠢᠨ ᠱᠠᠰᠢᠨ ᠤ ᠨᠥᠯᠦᠭᠡᠨ ᠡᠴᠡ ᠡᠮᠦᠨ᠎ᠡ ᠮᠣᠩᠭᠣᠯᠴᠤᠳ 《ᠪᠤᠷᠬᠠᠨ》 ᠭᠡᠳᠡᠭ ᠦᠭᠡ ᠬᠡᠯᠡᠯᠭᠡ ᠬᠡᠷᠡᠭᠯᠡᠳᠡᠭ ᠦᠭᠡᠢ ᠪᠠᠶᠢᠭᠰᠠᠨ ᠲᠠᠢ ᠮᠠᠷᠭᠤᠬᠤ ᠦᠭᠡᠢ ᠪᠢᠵᠡ ᠪᠡᠨ᠃

1992 ᠣᠨ ᠳᠤ 12,000 ᠺᠢᠯᠣᠮᠧᠲ᠋ᠷ² ᠲᠠᠯᠠᠪᠠᠢ ᠶᠢ ᠨᠢ ᠬᠠᠨ ᠬᠡᠨᠲᠡᠢ ᠶᠢᠨ ᠲᠤᠰᠬᠠᠢ ᠬᠠᠮᠠᠭᠠᠯᠠᠯᠲᠠ ᠲᠠᠢ ᠪᠥᠰᠡ ᠬᠡᠮᠡᠨ ᠲᠣᠭᠲᠠᠭᠠᠵᠤ᠂ ᠲᠥᠷᠥ ᠶᠢᠨ ᠬᠠᠮᠠᠭᠠᠯᠠᠯᠲᠠ ᠳᠤ ᠠᠪᠤᠭᠰᠠᠨ᠃

1995 ᠣᠨ ᠳᠤ ᠶᠡᠷᠦᠩᠬᠡᠶᠢᠯᠡᠭᠴᠢ ᠶᠢᠨ ᠵᠠᠷᠯᠢᠭ ᠢᠶᠠᠷ ᠪᠤᠷᠬᠠᠨ ᠬᠠᠯᠳᠤᠨ ᠠᠭᠤᠯᠠ ᠶᠢ ᠲᠥᠷᠥ ᠶᠢᠨ ᠲᠠᠬᠢᠯᠭᠠᠲᠤ ᠠᠭᠤᠯᠠ ᠪᠣᠯᠭᠠᠭᠰᠠᠨ ᠶᠤᠮ[1]

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ТӨРИЙН ТАХИЛГАТ УУЛ. www.touristinfocenter.mn.

ᠮᠣᠩᠭᠣᠯ ᠬᠦᠮᠦᠨ ᠦ ᠵᠢᠷᠦᠬᠡ ᠰᠡᠳᠬᠢᠯ ᠰᠦᠰᠦᠭ ᠪᠢᠰᠢᠷᠡᠯ ᠳᠦ ᠭᠦᠨ ᠰᠢᠩᠭᠡᠭᠰᠡᠨ ᠭᠠᠵᠠᠷ ᠪᠢᠯᠡ᠃ 1818 ᠣᠨ ᠠᠴᠠ ᠠᠯᠪᠠᠨ ᠶᠣᠰᠣᠭᠠᠷ ᠲᠠᠬᠢᠯᠭ᠎ᠠ ᠦᠢᠯᠡᠳᠳᠡᠭ ᠪᠣᠯᠤᠭᠰᠠᠨ᠃

ᠪᠤᠷᠬᠠᠨ ᠬᠠᠯᠳᠤᠨ ᠠᠭᠤᠯᠠ ᠨᠢ ᠠᠷᠤ ᠥᠪᠥᠷ ᠢᠶᠡᠷ ᠢᠶᠡᠨ ᠪᠢᠲᠡᠭᠦᠦ ᠮᠣᠳᠣ ᠪᠠᠷ ᠬᠤᠴᠢᠭᠳᠠᠭᠰᠠᠨ᠂ ᠵᠥᠪᠬᠡᠨ ᠣᠶᠢᠷ᠎ᠠ ᠬᠠᠪᠢᠳᠠᠭ᠎ᠠ ᠰᠡᠶᠢᠷᠡᠭ ᠮᠣᠳᠣ ᠲᠠᠢ᠂ ᠲᠠᠶᠢᠭ᠎ᠠ ᠶᠢᠨ ᠲᠠᠴᠢᠷ ᠤᠷᠭᠤᠮᠠᠯ ᠲᠠᠢ ᠠᠭᠤᠯᠠ ᠶᠤᠮ᠃ ᠪᠤᠷᠬᠠᠨ ᠬᠠᠯᠳᠤᠨ ᠠᠭᠤᠯᠠᠨ ᠳᠤ ᠳᠡᠭᠡᠳᠦ ᠳᠤᠮᠳᠠ ᠳ᠋ᠣᠣ ᠳᠤ ᠬᠡᠮᠡᠬᠦ ᠭᠤᠷᠪᠠᠨ ᠣᠪᠣᠭ᠎ᠠ ᠪᠠᠶᠢᠳᠠᠭ᠃ ᠳ᠋ᠣᠣ ᠳᠤ ᠣᠪᠣᠭ᠎ᠠ ᠨᠢ ᠠᠭᠤᠯᠠ ᠶᠢᠨ ᠪᠡᠯ ᠳᠦ᠂ ᠳᠤᠮᠳᠠ ᠣᠪᠣᠭ᠎ᠠ ᠨᠢ ᠤᠤᠯ ᠤᠨ ᠳᠤᠮᠳᠠ ᠬᠠᠪᠢᠴᠠᠭ᠎ᠠ ᠪᠠᠶᠢᠳᠠᠭ᠃ ᠠᠭᠤᠯᠠ ᠶᠢᠨ ᠣᠷᠣᠢ ᠨᠢ ᠴᠡᠯᠡᠶᠢᠭᠰᠡᠨ ᠲᠣᠮᠣ ᠲᠠᠯᠠᠪᠠᠢ ᠲᠠᠢ᠃

ᠲᠠᠯᠠᠪᠠᠢ ᠶᠢᠨ ᠳᠤᠮᠳᠠ ᠪᠠᠷᠤᠭ ᠬᠦᠮᠦᠨ ᠦ ᠭᠠᠷ ᠢᠶᠠᠷ ᠬᠢᠭᠰᠡᠨ ᠭᠡᠮᠡᠷ ᠬᠥᠮᠦᠷᠢᠭᠰᠡᠨ ᠲᠡᠪᠰᠢ ᠮᠡᠲᠦ ᠲᠠᠪᠴᠠᠩ ᠪᠠᠶᠢᠳᠠᠭ᠃ ᠠᠷᠪᠠᠨ ᠳᠠᠪᠬᠤᠷ ᠪᠠᠷᠢᠯᠭ᠎ᠠ ᠠᠴᠠ ᠴᠤ ᠥᠨᠳᠥᠷ ᠡᠨᠡ ᠠᠭᠤᠯᠠᠨ ᠳᠡᠭᠡᠷᠡᠬᠢ ᠱᠣᠪᠣᠭᠣᠷ ᠨᠢ ᠳᠡᠭᠡᠳᠦ ᠣᠪᠣᠭ᠎ᠠ ᠶᠤᠮ᠃ ᠪᠡᠯ ᠳᠦ ᠪᠠᠶᠢᠬᠤ ᠪᠠᠭ᠎ᠠ ᠣᠪᠣᠭᠠᠨ ᠠᠴᠠ ᠳᠤᠮᠳᠠ ᠣᠪᠣᠭ᠎ᠠ ᠬᠦᠷᠲᠡᠯ᠎ᠡ ᠭᠠᠶᠢᠭᠤᠢ ᠰᠠᠶᠢᠨ ᠮᠣᠷᠢ ᠪᠠᠷ ᠬᠣᠶᠠᠷ ᠴᠠᠭ ᠣᠷᠴᠢᠮ ᠵᠢᠳᠬᠦᠭᠦᠯᠵᠦ ᠬᠦᠷᠡᠳᠡᠭ᠃

ᠳᠤᠮᠳᠠ ᠣᠪᠣᠭᠠᠨ ᠤ ᠲᠡᠨᠳᠡ ᠮᠧᠲ᠋ᠷ ᠣᠷᠴᠢᠮ ᠤᠨ ᠭᠣᠣᠯᠴᠢ ᠲᠠᠢ ᠲᠣᠮᠣ ᠬᠦᠷᠡᠯ ᠲᠣᠭᠣᠭ᠎ᠠ ᠪᠤᠢ᠃ ᠠᠭᠤᠯᠠ ᠶᠢᠨ ᠣᠷᠣᠢ ᠳᠠᠬᠢ ᠶᠡᠬᠡ ᠣᠪᠣᠭᠠᠨ ᠤ ᠲᠡᠨᠳᠡ ᠡᠴᠡ ᠳᠣᠭᠣᠭᠰᠢ ᠶᠠᠪᠤᠬᠤ ᠳᠤ ᠡᠩᠭᠡᠷ ᠲᠠᠯ᠎ᠠ ᠶᠢᠨ ᠵᠤᠤᠪᠠᠩᠳᠠᠭᠤ ᠬᠠᠪᠴᠢᠯ ᠳᠤ ᠲᠤᠩᠭᠠᠯᠠᠭ ᠰᠠᠶᠢᠬᠠᠨ ᠨᠠᠭᠤᠷ ᠪᠤᠢ᠃ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠍ ᠍ ᠦᠨ ᠭᠠᠵᠠᠷ ᠵᠦᠢ ᠶᠢᠨ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠵᠢᠯᠲᠠᠨ ᠪᠠᠽᠠᠷᠭᠦᠷ ᠨᠢᠭᠡᠨ ᠰᠢᠨ᠎ᠡ ᠰᠠᠨᠠᠭ᠎ᠠ ᠳᠡᠪᠰᠢᠭᠦᠯᠦᠭᠰᠡᠨ ᠪᠥᠭᠡᠳ ᠲᠡᠷᠡᠪᠡᠷ 《ᠲᠡᠮᠦᠵᠢᠨ ᠪᠦᠷᠭᠢ ᠡᠷᠭᠢ ᠭᠡᠳᠡᠭ ᠭᠠᠵᠠᠷ ᠨᠤᠲᠤᠭᠯᠠᠵᠤ ᠪᠠᠶᠢᠬᠤ ᠳᠤ ᠲᠠᠶᠢᠴᠢᠭᠤᠳ ᠳᠠᠶᠢᠯᠠᠨ ᠢᠷᠡᠵᠦ ᠲᠡᠮᠦᠵᠢᠨ ᠪᠦᠷᠭᠢ ᠡᠷᠭᠢ ᠡᠴᠡ 24 ᠺᠢᠯᠣᠮᠧᠲ᠋ᠷ ᠲᠤ ᠤᠷᠤᠰᠢᠬᠤ ᠮᠥᠩᠬᠡᠵᠢᠷᠭᠠᠯᠠᠩ ᠠᠭᠤᠯᠠ ᠶᠢᠨ ᠵᠦᠭ ᠡᠳᠦᠷ ᠲᠦ ᠪᠡᠨ ᠵᠢᠭᠤᠲᠠᠭᠠᠭᠰᠠᠨ᠃

ᠡᠨᠡ ᠠᠭᠤᠯᠠᠨ ᠳᠤ ᠲᠡᠷᠡ ᠣᠯᠠᠨ ᠵᠢᠯ ᠠᠮᠢᠳᠤᠷᠠᠭᠰᠠᠨ᠃ ᠲᠡᠶᠢᠮᠦ ᠤᠴᠢᠷ ᠠᠴᠠ ᠡᠨᠡ ᠠᠭᠤᠯᠠ ᠪᠣᠯ ᠵᠢᠩᠬᠢᠨᠢ ᠲᠥᠷᠥ ᠶᠢᠨ ᠲᠠᠬᠢᠯᠭ᠎ᠠ ᠲᠠᠢ ᠪᠤᠷᠬᠠᠨ ᠬᠠᠯᠳᠤᠨ ᠠᠭᠤᠯᠠ ᠪᠠᠶᠢᠬᠤ ᠶᠣᠰᠣᠲᠠᠢ》 ᠦᠵᠡᠵᠦ ᠪᠠᠶᠢᠨ᠎ᠠ᠃ ᠲᠡᠦᠬᠡ ᠶᠢᠨ ᠤᠷᠲᠤ ᠵᠠᠮ ᠤᠨ ᠡᠬᠢᠨ ᠳᠦ ᠬᠠᠨ ᠬᠡᠨᠲᠡᠢ ᠠᠭᠤᠯᠠ ᠶᠢ ᠨᠡᠶᠢᠲᠡ ᠳᠦ ᠨᠢ ᠪᠤᠷᠬᠠᠨ ᠬᠠᠯᠳᠤᠨ ᠭᠡᠵᠦ ᠨᠡᠷᠡᠯᠡᠵᠦ ᠪᠠᠶᠢᠴᠠᠢ᠃ ᠮᠥᠨ ᠬᠡᠨᠲᠡᠢ ᠶᠢᠨ ᠨᠢᠷᠤᠭᠤᠨ ᠳᠤ ᠪᠤᠷᠬᠠᠨ ᠬᠠᠯᠳᠤᠨ ᠭᠡᠰᠡᠨ 13 ᠨᠡᠷ᠎ᠡ ᠪᠠᠶᠢᠳᠠᠭ ᠠᠵᠢ᠃

ᠡᠭᠦᠨ ᠳᠣᠲᠣᠷ᠎ᠠ ᠠᠴᠠ ᠬᠠᠮᠤᠭ ᠤᠨ ᠥᠨᠳᠥᠷ ᠣᠷᠭᠢᠯ ᠨᠢ ᠪᠤᠷᠬᠠᠨ ᠬᠠᠯᠳᠤᠨ ᠨᠡᠷ᠎ᠡ ᠲᠡᠢ ᠪᠡᠨ ᠦᠯᠡᠳᠡᠭᠰᠡᠨ ᠭᠡᠨ᠎ᠡ᠃ ᠭᠡᠪᠡᠴᠦ ᠡᠨᠡ ᠪᠣᠯ ᠲᠥᠷᠥ ᠶᠢᠨ ᠲᠠᠬᠢᠯᠭ᠎ᠠ ᠳᠤ ᠠᠭᠤᠯᠠ ᠪᠢᠰᠢ᠃ ᠬᠠᠷᠢᠨ ᠴᠢᠩᠭᠢᠰ ᠬᠠᠭᠠᠨ ᠳᠠᠶᠢᠯᠠᠷ᠎ᠠ ᠮᠣᠷᠳᠠᠬᠤ ᠳᠤ ᠪᠠᠨ ᠮᠥᠩᠬᠡᠵᠢᠷᠭᠠᠯᠠᠩ ᠢ ᠲᠠᠬᠢᠵᠤ ᠠᠷᠭᠠᠳᠠᠳᠠᠭ ᠪᠠᠶᠢᠭᠰᠠᠨ ᠭᠡᠵᠦ ᠮᠡᠳᠡᠭᠳᠡᠵᠦ ᠪᠠᠶᠢᠨ᠎ᠠ᠃ 1992 ᠣᠨ ᠳᠤ 12,000 ᠠᠮᠠ ᠺᠢᠯᠣᠮᠧᠲ᠋ᠷ ᠲᠠᠯᠠᠪᠠᠢ ᠶᠢ ᠨᠢ ᠬᠠᠨ ᠬᠡᠨᠲᠡᠢ ᠶᠢᠨ ᠲᠤᠰᠬᠠᠢ ᠬᠠᠮᠠᠭᠠᠯᠠᠯᠲᠠ ᠲᠠᠢ ᠪᠥᠰᠡ ᠬᠡᠮᠡᠨ ᠲᠣᠭᠲᠠᠭᠠᠵᠤ᠂ ᠤᠯᠤᠰ ᠤᠨ ᠬᠠᠮᠠᠭᠠᠯᠠᠯᠲᠠᠨ ᠳᠤ ᠠᠪᠴᠤ 48°45′14″N 108°39′50″E / 48.753889°N 108.66375°E / 48.753889; 108.66375

ᠪᠢᠴᠢᠭᠡᠰᠦ