ᠪᠤᠷᠢᠶᠠᠳ ᠣᠷᠣᠰ ᠲᠤ ᠡᠵᠡᠯᠡᠭᠳᠡᠭᠰᠡᠨ ᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠷᠣᠰ ᠤᠨ ᠬᠠᠭᠠᠨᠲᠤ ᠤᠯᠤᠰ ᠬᠦᠴᠦᠷᠬᠡᠭᠵᠢᠬᠦ ᠶᠢᠨ ᠬᠡᠷ ᠢᠶᠡᠷ ᠭᠠᠵᠠᠷ ᠨᠤᠲᠤᠭ ᠢᠶᠠᠨ ᠲᠡᠯᠡᠵᠦ ᠥᠷᠭᠡᠵᠢᠭᠦᠯᠬᠦ ᠲᠦᠷᠢᠮᠡᠭᠡᠢ ᠪᠣᠳᠣᠯᠭ᠎ᠠ ᠬᠡᠷᠡᠭᠵᠢᠭᠦᠯᠵᠦ ᠡᠬᠢᠯᠡᠭᠰᠡᠨ ᠪᠠᠶᠢᠨ᠎ᠠ᠃ ᠣᠷᠣᠰ ᠍ ᠤᠨ ᠪᠠᠷᠠᠭᠤᠨ ᠲᠠᠯ᠎ᠠ ᠳᠤ ᠬᠦᠴᠦᠷᠬᠡᠭ ᠬᠥᠷᠰᠢ ᠨᠦᠭᠦᠳ ᠪᠠᠶᠢᠭᠰᠠᠨ ᠠᠴᠠ ᠤᠯᠠᠮᠵᠢᠯᠠᠨ ᠳᠤᠮᠳᠠᠳᠤ ᠵᠠᠭᠤᠨ ᠤ ᠦᠶ᠎ᠡ ᠳᠦ ᠭᠠᠵᠠᠷ ᠨᠤᠲᠤᠭ ᠢᠶᠠᠨ ᠲᠡᠯᠡᠵᠦ ᠴᠢᠳᠠᠭ᠎ᠠ ᠦᠭᠡᠢ ᠪᠥᠭᠡᠳ ᠵᠥᠪᠬᠡᠨ ᠶᠡᠬᠡ ᠫᠧᠲ᠋ᠷ ᠬᠠᠭᠠᠨ ᠤ ᠰᠢᠨᠡᠴᠢᠯᠡᠯ ᠦᠨ ᠦᠷ᠎ᠡ ᠳ᠋ᠦᠩ ᠳᠦ ᠰᠢᠨᠡᠴᠢᠯᠡᠭᠰᠡᠨ ᠠᠷᠮᠢ ᠶᠢᠨ ᠬᠦᠴᠦ ᠪᠡᠷ ᠲᠦᠷᠢᠮᠡᠭᠡᠢ ᠳᠠᠶᠢᠨ ᠨᠤᠭᠤᠳ ᠢ ᠬᠢᠭᠰᠡᠨ ᠪᠠᠶᠢᠨ᠎ᠠ᠃ ᠪᠠᠷᠠᠭᠤᠨ ᠲᠠᠯ᠎ᠠ ᠶᠢᠨ ᠬᠦᠴᠦᠷᠬᠡᠭ ᠬᠥᠷᠰᠢ ᠶᠢᠨ ᠡᠰᠡᠷᠬᠦ ᠪᠢᠰᠢ ᠬᠠᠷᠢᠨ ᠵᠡᠭᠦᠨ ᠲᠠᠯ᠎ᠠ ᠶᠢᠨ ᠨᠡᠭᠦᠳᠡᠯᠴᠢᠳ ᠦᠨ ᠰᠤᠯᠠ ᠲᠠᠯ᠎ᠠ ᠶᠢ ᠠᠩᠵᠠᠭᠠᠷᠠᠭᠰᠠᠨ ᠣᠷᠣᠰ ᠤᠳ ᠥᠪᠡᠷᠰᠡᠳ ᠦᠨ ᠭᠠᠯᠲᠤ ᠵᠡᠪᠰᠡᠭ ᠦᠨ ᠳᠠᠪᠠᠭᠤ ᠲᠠᠯ᠎ᠠ᠂ ᠬᠦᠮᠦᠨ ᠦ ᠨᠥᠭᠡᠴᠡᠳ ᠲᠦᠰᠢᠭᠯᠡᠨ ᠲᠦᠷᠢᠮᠡᠭᠡᠶᠢᠯᠡᠯ ᠢ ᠡᠭᠡᠯᠵᠢ ᠳᠠᠷᠠᠭᠠᠯᠠᠨ ᠱᠠᠲᠤᠯᠠᠨ ᠥᠷᠭᠡᠵᠢᠭᠦᠯᠬᠦ ᠠᠷᠭ᠎ᠠ ᠪᠠᠷ ᠭᠦᠢᠴᠡᠳᠭᠡᠭᠰᠡᠨ᠃ ᠡᠬᠢᠨ ᠦ ᠱᠠᠲᠤᠨ ᠳᠤ ᠬᠦᠴᠦ ᠪᠡᠷ ᠰᠤᠯᠠ ᠰᠢᠪᠸᠷᠢᠶ ᠠ ᠶᠢᠨ ᠬᠠᠨᠯᠢᠭ ᠢ ᠪᠤᠲᠠ ᠴᠣᠬᠢᠨ ᠭᠠᠵᠠᠷ ᠨᠤᠲᠤᠭ ᠢ ᠨᠢ ᠡᠵᠡᠯᠡᠰᠦᠨ ᠦ ᠳᠠᠷᠠᠭ᠎ᠠ ᠵᠦᠩᠭᠠᠷ ᠤᠨ ᠬᠦᠴᠦᠷᠬᠡᠭ ᠬᠠᠭᠠᠨᠲᠤ ᠤᠯᠤᠰ ᠲᠠᠢ ᠰᠢᠭᠤᠳ ᠬᠢᠯᠢ ᠵᠠᠯᠭᠠᠬᠤ ᠪᠣᠯᠤᠭᠰᠠᠨ ᠪᠠ ᠺᠷᠠᠰᠠᠨ ᠠᠢᠷᠰᠺᠡᠶᠢᠨ ᠴᠢᠭᠯᠡᠯ ᠳᠦ ᠬᠡᠭᠰᠡᠨ ᠲᠦᠷᠢᠮᠡᠭᠡᠶᠢᠯᠡᠯ ᠨᠢ ᠵᠦᠩᠭᠠᠷ ᠍ ᠤᠨ ᠴᠡᠷᠢᠭ ᠦᠨ ᠬᠦᠴᠦᠲᠡᠢ ᠬᠡᠳᠦ ᠬᠡᠳᠦᠨ ᠤᠳᠠᠭ᠎ᠠ ᠶᠢᠨ ᠲᠤᠯᠤᠯᠳᠤᠭᠠᠨ ᠢᠶᠠᠷ ᠢᠯᠠᠭᠳᠠᠭᠰᠠᠨ ᠲᠤᠯᠠ ᠵᠣᠭᠰᠣᠭᠰᠠᠨ ᠪᠠᠶᠢᠨ᠎ᠠ᠃ ᠬᠠᠷᠢᠨ ᠵᠦᠩᠭᠠᠷ ᠤᠨ ᠬᠠᠷᠢᠶᠠᠲᠤ ᠨᠤᠭᠤᠳ ᠤᠨ ᠬᠣᠶᠢᠭᠤᠷ ᠲᠠᠶᠢᠭ᠎ᠠ ᠶᠢᠨ ᠣᠲᠣᠭ ᠣᠪᠣᠭ ᠤᠳ ᠤᠨ ᠨᠤᠲᠤᠭ ᠢ ᠡᠵᠡᠯᠡᠨ ᠳᠣᠷᠣᠨ᠎ᠠ ᠵᠦᠭ ᠠᠬᠢᠭᠰᠠᠭᠠᠷ ᠪᠠᠶᠢᠭᠠᠯᠢ ᠨᠠᠭᠤᠷ ᠬᠠᠪ ᠤᠨ ᠪᠤᠷᠢᠶᠠᠳ ᠦᠳ ᠤᠨ ᠨᠤᠲᠤᠭ ᠲᠤ ᠪᠤᠶᠤ ᠮᠣᠩᠭᠣᠯ ᠤᠯᠤᠰ ᠤᠨ ᠬᠣᠶᠢᠳᠤ ᠬᠢᠯᠢ ᠳᠦ ᠲᠤᠯᠵᠤ ᠢᠷᠡᠵᠡᠢ᠃ ᠣᠷᠣᠰ ᠲᠤ ᠬᠢᠭᠳᠡᠵᠦ ᠪᠤᠢ ᠭᠠᠵᠠᠷ ᠤᠨ ᠵᠤᠷᠭᠠᠨ ᠳᠤ ᠪᠤᠲᠠᠷᠠᠯ ᠤᠨ ᠦᠶ᠎ᠡ ᠶᠢᠨ ᠥᠪᠥᠷ ᠮᠣᠩᠭᠣᠯ᠂ ᠵᠦᠩᠭᠠᠷ ᠤᠨ ᠬᠢᠯᠢ ᠶᠢ ᠵᠥᠪ ᠵᠢᠷᠤᠳᠠᠭ ᠪᠣᠯᠪᠠᠴᠤ 14-17 ᠍ ᠳᠤᠭᠠᠷ ᠵᠠᠭᠤᠨ ᠤ ᠮᠣᠩᠭᠣᠯ ᠤᠨ ᠭᠠᠵᠠᠷ ᠤᠨ ᠵᠤᠷᠭᠠᠨ ᠳᠤ ᠡᠮᠦᠨᠡᠲᠦ ᠰᠢᠪᠢᠷᠢ ᠶᠢ ᠣᠷᠣᠭᠤᠯᠤᠯ ᠦᠭᠡᠢ ᠵᠢᠷᠤᠳᠠᠭ ᠠᠴᠠ ᠣᠷᠣᠰ ᠢᠷᠭᠡᠳ ᠲᠤᠬᠠᠢ ᠶᠢᠨ ᠦᠶ᠎ᠡ ᠳᠦ ᠮᠣᠩᠭᠣᠯ ᠤᠨ ᠬᠢᠯᠢ ᠡᠮᠦᠨᠡᠲᠦ ᠰᠢᠪᠸᠷᠢᠶ ᠠ ᠶᠢ ᠬᠠᠮᠤᠷᠴᠢ ᠪᠠᠶᠢᠭᠰᠠᠨ ᠢ ᠮᠡᠳᠡᠳᠡᠭ ᠦᠭᠡᠢ ᠪᠠᠶᠢᠨ᠎ᠠ᠃

ᠣᠷᠣᠰ ᠤᠳ 1620 ᠍ ᠢᠤᠳ᠋ ᠣᠨ ᠳᠤ ᠪᠠᠷᠠᠭᠤᠨ ᠪᠤᠷᠢᠶᠠᠳ ᠤᠳ ᠤᠨ ᠨᠤᠲᠤᠭ ᠤᠨ ᠵᠠᠬ᠎ᠠ ᠵᠦᠯᠭᠦᠠᠩᠭᠠᠷ ᠮᠥᠷᠡᠨ ᠳᠤ ᠲᠤᠯᠵᠤ ᠢᠷᠡᠵᠡᠢ᠃ ᠡᠨᠡ ᠦᠶ᠎ᠡ ᠳᠦ ᠪᠤᠷᠢᠶᠠᠳ ᠤᠳ ᠣᠯᠠᠨ ᠣᠪᠣᠭᠲᠤ ᠬᠤᠪᠢᠶᠠᠭᠳᠠᠭᠰᠠᠨ᠂ ᠮᠠᠰᠢ ᠲᠠᠷᠬᠠᠢ ᠪᠤᠲᠠᠷᠬᠠᠢ ᠠᠮᠢᠳᠤᠷᠠᠳᠠᠭ ᠪᠠᠶᠢᠪᠠ᠃ ᠮᠣᠩᠭᠣᠯ ᠳᠤ ᠥᠪᠡᠷ ᠬᠣᠭᠣᠷᠣᠨᠳᠣ ᠶᠢᠨ ᠲᠡᠮᠡᠴᠡᠯ ᠬᠦᠴᠦ ᠲᠡᠢ ᠶᠠᠪᠤᠭᠳᠠᠵᠤ ᠪᠠᠶᠢᠭᠰᠠᠨ ᠲᠤᠯᠠ ᠪᠤᠷᠢᠶᠠᠳ ᠤᠳ ᠵᠥᠪᠬᠡᠨ ᠥᠪᠡᠷᠰᠡᠳ ᠦᠨ ᠬᠦᠴᠦ ᠪᠡᠷ ᠣᠷᠣᠰ ᠤᠳ ᠤᠨ ᠡᠰᠡᠷᠬᠦ ᠲᠡᠮᠡᠴᠡᠬᠦ ᠱᠠᠭᠠᠷᠳᠠᠯᠭ᠎ᠠ ᠲᠠᠢ ᠪᠣᠯᠵᠠᠢ᠃ ᠣᠷᠣᠰ ᠤᠳ ᠭᠠᠯ ᠵᠡᠪᠰᠡᠭ ᠠᠰᠢᠭᠯᠠᠨ᠂ ᠪᠡᠬᠢᠯᠡᠯᠲᠡ ᠪᠠᠷᠢᠵᠤ ᠪᠡᠬᠢᠵᠢᠨ᠂ ᠪᠤᠷᠢᠶᠠᠳ ᠤᠳ ᠤᠨ ᠡᠬᠡᠨᠡᠷ᠂ ᠬᠡᠦᠬᠡᠳ ᠢ ᠬᠢᠳᠤᠬᠤ᠂ ᠣᠯᠵᠠᠯᠠᠨ ᠠᠪᠠᠴᠢᠬᠤ ᠵᠡᠷᠭᠡ ᠪᠡᠷ ᠠᠯᠬᠤᠮ ᠠᠯᠬᠤᠮ ᠢᠶᠠᠷ ᠤᠷᠤᠭᠰᠢᠯᠠᠭᠰᠠᠭᠠᠷ ᠪᠠᠶᠢᠭᠠᠯᠢ ᠨᠠᠭᠤᠷ ᠤᠨ ᠬᠣᠶᠠᠷ ᠲᠠᠯ᠎ᠠ ᠪᠠᠷ ᠪᠤᠷᠢᠶᠠᠳ ᠮᠣᠩᠭᠣᠯᠴᠤᠳ ᠤᠨ ᠨᠤᠲᠤᠭ ᠲᠤ ᠭᠦᠨ ᠣᠷᠣᠭᠰᠠᠨ ᠠᠵᠤ᠃ ᠪᠤᠷᠢᠶᠠᠳ ᠤᠨ ᠵᠠᠷᠢᠮ ᠣᠪᠤᠭ ᠤᠳ ᠬᠦᠴᠦᠨ ᠳᠦ ᠠᠪᠲᠠᠨ ᠲᠡᠳᠡᠨ ᠦ ᠡᠷᠬᠡᠰᠢᠶᠡᠯ ᠳᠦ ᠣᠷᠣᠵᠤ᠂ ᠠᠯᠪᠠ ᠲᠥᠯᠦᠵᠦ ᠡᠬᠢᠯᠡᠭᠰᠡᠨ ᠪᠣᠯ ᠵᠠᠷᠢᠮ ᠨᠢ ᠮᠣᠩᠭᠣᠯ ᠨᠤᠲᠤᠭ ᠷᠤ ᠵᠢᠭᠤᠳᠠᠬᠤ ᠪᠣᠯᠵᠠᠢ᠃ ᠭᠡᠪᠡᠴᠦ ᠲᠤᠬᠠᠢ ᠶᠢᠨ ᠦᠶ᠎ᠡ ᠳᠦ ᠮᠣᠩᠭᠣᠯ ᠨᠤᠲᠤᠭ ᠲᠤ ᠦᠢᠮᠡᠭᠡᠨ ᠰᠠᠮᠠᠭᠤᠨ ᠶᠡᠬᠡ ᠲᠡᠢ ᠪᠠᠶᠢᠭᠰᠠᠨ ᠲᠤᠯᠠ ᠲᠡᠳᠡᠭᠡᠷ ᠨᠡᠭᠦᠳᠡᠯᠴᠢᠳ ᠡᠷᠭᠢᠵᠦ ᠨᠡᠭᠦᠬᠦ ᠪᠣᠯᠤᠭᠰᠠᠨ ᠪᠠᠶᠢᠨ᠎ᠠ᠃ ᠵᠦᠯᠭᠦ ᠮᠥᠷᠡᠨ ᠢ ᠥᠭᠰᠥᠵᠦ ᠢᠷᠡᠭᠰᠡᠨ ᠣᠷᠣᠰ ᠤᠳ ᠸᠧᠷᠾᠣᠯᠧᠨᠰᠺ ᠪᠡᠬᠢᠯᠡᠯᠲᠡ ᠶᠢ ᠪᠠᠷᠢᠵᠠᠢ᠃ ᠲᠡᠳᠡᠨ ᠳᠦ ᠣᠩᠭᠣᠢ ᠰᠡᠭᠰᠡᠨ᠂ ᠣᠶᠢᠯᠠᠩ ᠢᠶᠠ ᠪᠥᠭᠡ ᠲᠡᠷᠢᠭᠦᠲᠡᠢ ᠠᠪᠵᠠᠢ ᠣᠪᠤᠭ ᠤᠨ ᠬᠢᠨ ᠡᠶ᠎ᠡ ᠶᠢ ᠬᠢᠴᠢᠶᠡᠨ ᠠᠩᠬ᠎ᠠ ᠣᠷᠣᠰ ᠤᠳ ᠲᠤ ᠠᠯᠪᠠ ᠪᠠᠷᠢᠬᠤ ᠪᠣᠯᠵᠠᠢ᠃ ᠬᠠᠷᠢᠨ ᠡᠬᠢᠷᠢᠳᠢ ᠶᠢᠨ ᠱᠤᠨ᠎ᠠ ᠣᠪᠣᠭ ᠤᠨ ᠬᠢᠨ ᠣᠷᠣᠰ ᠤᠳ ᠤᠨ ᠡᠰᠡᠷᠬᠦ ᠡᠷᠡᠰ ᠲᠡᠮᠡᠴᠡᠵᠦ ᠡᠬᠢᠯᠡᠭᠰᠡᠨ ᠪᠣᠯᠤᠨ᠎ᠠ᠃ 1628 ᠣᠨ ᠳᠤ ᠫᠧᠲ᠋ᠷ ᠪᠧᠺᠧᠲ᠋ᠣᠸ ᠤᠨ ᠬᠠᠰᠠᠭ ᠴᠡᠷᠢᠭ ᠦᠳ ᠠᠩᠭᠠᠷ ᠮᠥᠷᠡᠨ ᠢ ᠥᠭᠰᠥᠨ ᠢᠷᠡᠵᠦ ᠪᠡᠬᠢᠯᠡᠯᠲᠡ ᠪᠠᠷᠢᠨ᠂ ᠣᠺᠠ ᠭᠣᠣᠯ ᠤᠨ ᠪᠤᠷᠢᠶᠠᠳ ᠤᠳ ᠠᠴᠠ ᠠᠯᠪᠠ ᠠᠪᠴᠤ ᠡᠬᠢᠯᠡᠵᠡᠢ᠃

1631 ᠣᠨ ᠳᠤ ᠪᠤᠷᠢᠶᠠᠳ ᠤᠳ ᠪᠷᠠᠲ᠋ᠰᠺ ᠤᠨ ᠪᠡᠬᠢᠯᠡᠯᠲᠡ ᠶᠢ ᠳᠣᠪᠲᠣᠯᠵᠤ ᠰᠢᠲᠠᠭᠠᠭᠰᠠᠨ ᠪᠠᠶᠢᠨ᠎ᠠ᠃ 1641 ᠣᠨ ᠤ 04 ᠍ ᠳᠤᠭᠠᠷ ᠰᠠᠷ᠎ᠠ ᠶᠢᠨ 30 ᠍ ᠳᠤ ᠪᠤᠷᠢᠶᠠᠳ ᠤᠳ ᠤᠨ ᠲᠡᠮᠡᠴᠡᠯ ᠦᠨ ᠲᠣᠮᠣᠬᠠᠨ ᠤᠳᠤᠷᠢᠳᠤᠭᠴᠢ ᠡᠬᠢᠷᠢᠳᠢ ᠶᠢᠨ ᠪᠤᠤᠷ᠎ᠠ ᠠᠶᠢᠮᠠᠭ ᠤᠨ ᠲᠡᠷᠢᠭᠦᠨ ᠱᠪᠰᠡᠢ ᠪᠠᠭᠠᠲᠤᠷ ᠲᠤᠯᠤᠯᠳᠤᠭᠠᠨ ᠳᠤ ᠠᠮᠢ ᠦᠷᠡᠭᠳᠡᠭᠰᠡᠨ ᠢᠶᠡᠷ ᠣᠷᠣᠰ ᠤᠳ ᠳᠠᠪᠠᠮᠠᠭᠠᠶᠢᠯᠠᠵᠤ ᠡᠬᠢᠯᠡᠵᠡᠢ᠃ 1640 ᠣᠨ ᠳᠤ ᠮᠠᠺᠰᠢᠮ ᠫᠧᠷᠹᠢᠯᠢᠶᠧᠸ ᠸᠢᠲ᠋ᠢᠮ ᠭᠣᠣᠯ ᠢᠶᠠᠷ ᠳᠠᠮᠵᠢᠨ ᠪᠠᠶᠢᠭᠠᠯᠢ ᠶᠢᠨ ᠵᠡᠭᠦᠨ ᠲᠠᠯ᠎ᠠ ᠳᠤ ᠭᠠᠷᠴᠠᠢ᠃ 1645 ᠣᠨ ᠳᠤ ᠸᠠᠰᠢᠯᠢᠢ ᠺᠣᠯᠧᠰᠨᠢᠺᠣᠸ ᠲᠡᠷᠢᠭᠦᠲᠡᠢ ᠣᠷᠣᠰ ᠬᠠᠰᠠᠭ ᠴᠡᠷᠢᠭ ᠪᠠᠶᠢᠭᠠᠯᠢ ᠨᠠᠭᠤᠷ ᠢ ᠭᠠᠲᠤᠯᠤᠨ ᠰᠡᠯᠡᠩᠭᠡ ᠮᠥᠷᠡᠨ ᠦ ᠠᠳᠠᠭ ᠲᠤ ᠭᠠᠷᠴᠤ ᠢᠷᠡᠭᠰᠡᠨ ᠪᠣᠯᠪᠠᠴᠤ ᠪᠡᠬᠢᠵᠢᠵᠦ ᠴᠢᠳᠠᠯ ᠦᠭᠡᠢ ᠪᠤᠴᠠᠭᠰᠠᠨ ᠪᠠᠶᠢᠨ᠎ᠠ᠃ 1646 ᠣᠨ ᠳᠤ ᠳ᠋ᠠᠬᠢᠨ ᠣᠷᠣᠯᠳᠤᠯᠭ᠎ᠠ ᠬᠢᠵᠦ᠂ ᠳᠡᠭᠡᠳᠦ ᠠᠩᠭᠠᠷ ᠤᠨ ᠠᠳᠠᠭ ᠲᠤ ᠪᠡᠬᠢᠯᠡᠯᠲᠡ ᠪᠠᠷᠢᠵᠠᠢ᠃ 1645 ᠣᠨ ᠳᠤ 2000 ᠭᠠᠷᠤᠢ ᠪᠤᠷᠢᠶᠠᠳ ᠤᠳ ᠵᠦᠯᠭᠦ ᠮᠥᠷᠡᠨ ᠦ ᠡᠷᠭᠢ ᠳᠦ ᠪᠠᠷᠢᠭᠳᠠᠭᠰᠠᠨ ᠸᠧᠷᠾᠣᠯᠧᠨᠰᠺ ᠤᠨ ᠪᠡᠬᠢᠯᠡᠯᠲᠡ ᠶᠢ ᠭᠤᠷᠪᠠᠨ ᠤᠳᠠᠭ᠎ᠠ ᠳᠣᠪᠲᠣᠯᠵᠠᠢ᠃ 1647 ᠣᠨ ᠳᠤ ᠶᠡᠨᠢᠰᠧᠢᠰᠺ ᠡᠴᠡ ᠢᠯᠡᠭᠡᠭᠳᠡᠭᠰᠡᠨ ᠫᠣᠬᠠᠪᠤᠪ ᠲᠡᠷᠢᠭᠦᠲᠡᠢ ᠴᠡᠷᠢᠭ ᠦᠳ ᠪᠠᠶᠢᠭᠠᠯ ᠢ ᠭᠠᠲᠤᠯᠤᠨ ᠢᠷᠡᠵᠦ ᠦᠳᠡ᠂ ᠰᠡᠯᠡᠩᠭᠡ ᠮᠥᠷᠡᠨ ᠦ ᠬᠠᠪᠢᠶᠠᠷᠠ ᠢᠷᠡᠨ ᠪᠤᠷᠢᠶᠠᠳ ᠤᠳ ᠲᠠᠢ ᠲᠤᠯᠤᠯᠳᠤᠭᠰᠠᠨ ᠬᠡᠳᠦᠢ ᠴᠤ ᠡᠷᠬᠡᠰᠢᠶᠡᠯ ᠳᠦ ᠪᠡᠨ ᠣᠷᠣᠭᠤᠯᠵᠤ ᠴᠢᠳᠠᠯ ᠦᠭᠡᠢ 70 ᠭᠠᠷᠤᠢ ᠡᠬᠡᠨᠡᠷ᠂ ᠬᠡᠦᠬᠡᠳ ᠢ ᠣᠯᠵᠠᠯᠠᠨ ᠠᠪᠴᠠᠢ᠃ ᠪᠤᠴᠠᠬᠤ ᠵᠠᠮ ᠳᠤ ᠪᠠᠨ ᠪᠠᠶᠢᠭᠠᠯᠢ ᠶᠢᠨ ᠡᠮᠦᠨ᠎ᠡ ᠡᠲᠡᠭᠡᠳ ᠲᠦ ᠺᠦᠶᠢᠯᠲᠤᠺ ᠤᠨ ᠪᠡᠬᠢᠯᠡᠯᠲᠡ ᠶᠢ ᠪᠠᠷᠢᠵᠠᠢ᠃

1648 ᠣᠨ ᠳᠤ ᠫᠣᠬᠠᠪᠣᠸ ᠲᠤ ᠲᠤᠰᠠᠯᠠᠭᠤᠯᠬᠤ ᠪᠠᠷ ᠢᠸᠠᠩ ᠭᠠᠯᠺᠢᠨ ᠲᠡᠷᠢᠭᠦᠲᠡᠢ 60 ᠴᠡᠷᠢᠭ ᠢᠯᠡᠭᠡᠵᠢ ᠪᠡᠨ᠃ ᠢᠸᠠᠩ ᠭᠠᠯᠺᠢᠨ ᠪᠠᠷᠭᠠᠵᠢᠨ ᠠᠳᠠᠭ ᠲᠤ ᠪᠡᠬᠢᠯᠡᠯᠲᠡ ᠪᠠᠷᠢᠨ ᠪᠠᠷᠭᠠᠵᠢᠨ᠂ ᠰᠡᠯᠡᠩᠭᠡ᠂ ᠬᠶ᠋ᠢᠯᠭ᠎ᠠ ᠭᠣᠯᠣᠭᠣᠷᠬ᠎ᠠ ᠪᠤᠷᠢᠶᠠᠳ ᠤᠳ ᠢ ᠳᠣᠪᠲᠣᠯᠵᠤ ᠡᠬᠢᠯᠡᠵᠡᠢ᠃ 1654 ᠣᠨ ᠳᠤ ᠪᠷᠠᠲ᠋ᠰᠺ ᠤᠨ ᠪᠡᠬᠢᠯᠡᠯᠲᠡ ᠡᠴᠡ ᠤᠷᠤᠭᠰᠢ ᠪᠠᠯᠭᠠᠨ ᠤ ᠪᠡᠬᠢᠯᠡᠯᠲᠡ ᠶᠢ ᠪᠠᠷᠢᠪᠠ᠃ 1658, 1696 ᠣᠨ ᠨᠤᠭᠤᠳ ᠲᠤ ᠮᠥᠨ ᠣᠷᠣᠰ ᠤᠳ ᠤᠨ ᠡᠰᠡᠷᠬᠦ ᠪᠣᠰᠤᠯᠭ᠎ᠠ ᠭᠠᠷᠤᠭᠰᠠᠨ ᠬᠡᠳᠦᠢ ᠴᠤ ᠲᠡᠳᠦᠶᠢᠯᠡᠨ ᠠᠮᠵᠢᠯᠲᠠ ᠣᠯᠤᠭᠰᠠᠨ ᠦᠭᠡᠢ᠃ 1661 ᠣᠨ ᠳᠤ ᠢᠷᠠᠺ ᠲᠤ ᠭᠣᠣᠯ ᠤᠨ ᠡᠷᠭᠢ ᠳᠦ ᠣᠷᠣᠰ ᠤᠳ ᠪᠡᠬᠢᠯᠡᠯᠲᠡ ᠴᠠᠶᠢᠵᠠ ᠪᠠᠷᠢᠵᠤ ᠡᠬᠢᠯᠡᠭᠰᠡᠨ ᠪᠥᠭᠡᠳ ᠡᠨᠡ ᠨᠢ 1686 ᠣᠨ ᠳᠤ ᠡᠷᠡᠬᠦᠦ ᠬᠣᠲᠠ ᠪᠣᠯᠤᠨ ᠥᠷᠭᠡᠵᠢᠵᠡᠢ᠃ 1665 ᠣᠨ ᠳᠤ ᠨᠡᠷᠡᠰᠢᠭᠦᠦ ᠪᠣᠯᠤᠨ ᠰᠡᠯᠡᠩᠭᠡ ᠶᠢᠨ᠂ 1666 ᠣᠨ ᠳᠤ ᠦᠳᠡ ᠶᠢᠨ ᠪᠡᠬᠢᠯᠡᠯᠲᠡ ᠨᠦᠭᠦᠳ ᠢ ᠪᠠᠷᠢᠵᠠᠢ᠃ 1675 ᠣᠨ ᠳᠤ ᠰᠡᠯᠡᠩᠭᠡ ᠶᠢᠨ ᠪᠡᠬᠢᠯᠡᠯᠲᠡ ᠳᠦ 30 ᠭᠠᠷᠤᠢ ᠬᠠᠰᠢᠶ᠎ᠠ ᠪᠠᠶᠢᠰᠢᠩ᠂ 200 ᠭᠠᠷᠤᠢ ᠣᠷᠣᠰ ᠤᠳ ᠣᠷᠣᠰᠢᠨ ᠰᠠᠭᠤᠬᠤ ᠪᠣᠯᠵᠤ᠃ ᠡᠨᠡᠬᠦ ᠪᠡᠬᠢᠯᠡᠯᠲᠡ ᠡᠴᠡ ᠭᠤᠷᠪᠠ ᠬᠣᠨᠣᠭ ᠤᠨ ᠭᠠᠵᠠᠷ ᠲᠤ ᠲᠦᠰᠢᠶᠡᠲᠦ ᠬᠠᠨ ᠤ ᠴᠢᠯᠠᠭᠤᠨ ᠥᠷᠭᠦᠭᠡ ᠪᠠᠶᠢᠴᠠᠢ᠃

ᠡᠶᠢᠨᠬᠦᠦ ᠬᠠᠯᠬ᠎ᠠ ᠶᠢᠨ ᠬᠣᠶᠢᠳᠤ ᠬᠢᠵᠠᠭᠠᠷ ᠢ ᠣᠷᠣᠰ ᠤᠳ ᠡᠵᠡᠯᠡᠵᠦ ᠳᠠᠭᠤᠰᠤᠭᠰᠠᠨ ᠡᠨᠡ ᠦᠶ᠎ᠡ ᠳᠦ ᠯᠠ ᠬᠠᠯᠬ᠎ᠠ ᠶᠢᠨ ᠬᠠᠨ ᠨᠠᠷ ᠣᠷᠣᠰ ᠤᠳ ᠤᠨ ᠡᠰᠡᠷᠬᠦ ᠲᠡᠮᠡᠴᠡᠬᠦ ᠣᠷᠣᠯᠳᠤᠯᠭ᠎ᠠ ᠬᠢᠵᠦ ᠡᠬᠢᠯᠡᠵᠡᠢ᠃ ᠬᠣᠶᠢᠳᠤ ᠬᠠᠯᠬ᠎ᠠ ᠶᠢᠨ ᠲᠣᠮᠣᠬᠠᠨ ᠣᠪᠣᠭ ᠪᠣᠯᠬᠤ ᠲᠠᠪᠠᠩᠭ᠎ᠠ ᠨᠤᠭᠤᠳ ᠨᠠᠷᠠᠲᠠᠢ ᠲᠤᠯᠤᠭᠰᠠᠨ ᠢᠶᠠᠷ ᠣᠷᠣᠰ ᠤᠳ ᠬᠦᠴᠦᠨ ᠳᠦ ᠪᠡᠨ ᠡᠷ᠎ᠡ ᠳᠦ ᠬᠢ ᠨᠢ ᠪᠠᠭᠠᠰᠤᠭᠰᠠᠨ ᠪᠠᠶᠢᠨ᠎ᠠ᠃ 1682 ᠣᠨ ᠠᠴᠠ ᠲᠠᠪᠠᠩᠭ᠎ᠠ ᠨᠤᠭᠤᠳ ᠨᠠᠷ ᠰᠡᠯᠡᠩᠭᠡ᠂ ᠦᠳᠡ ᠶᠢᠨ ᠪᠡᠬᠢᠯᠡᠯᠲᠡ ᠶᠢᠨ ᠣᠷᠴᠢᠮ ᠢᠷᠡᠵᠦ ᠮᠠᠯ ᠢ ᠲᠠᠭᠤᠨ ᠣᠳᠬᠤ᠂ ᠣᠷᠣᠰ ᠤᠳ ᠢ ᠵᠣᠳᠣᠬᠤ ᠵᠡᠷᠭᠡ ᠪᠡᠷ ᠠᠪᠤᠷᠢᠯᠠᠬᠤ ᠪᠣᠯᠤᠭᠰᠠᠨ ᠲᠤᠬᠠᠢ ᠢᠸᠠᠩ ᠸᠯᠠᠰᠤᠪᠠ ᠬᠡᠮᠡᠭᠴᠢ ᠪᠢᠴᠢᠵᠡᠢ᠃ 1684 ᠣᠨ ᠳᠤ ᠰᠡᠯᠡᠩᠭᠡ ᠶᠢᠨ ᠪᠡᠬᠢᠯᠡᠯᠲᠡ ᠳᠤ ᠣᠴᠢᠷᠠᠢ ᠬᠠᠨ ᠤ ᠡᠯᠴᠢ ᠢᠷᠡᠵᠦ᠂ ᠥᠪᠡᠷᠰᠡᠳ ᠦᠨ ᠠᠯᠪᠠᠲᠤ ᠪᠤᠷᠢᠶᠠᠳ ᠨᠠᠷ ᠢ ᠴᠢᠯᠦᠭᠡᠯᠡᠬᠦ ᠶᠢ ᠣᠷᠣᠰ ᠤᠳ ᠠᠴᠠ ᠱᠠᠭᠠᠷᠳᠠᠵᠠᠢ᠃ 1685 ᠣᠨ ᠳᠤ ᠰᠡᠯᠡᠩᠭᠡ ᠶᠢᠨ ᠪᠡᠬᠢᠯᠡᠯᠲᠡ ᠶᠢ ᠪᠥᠰᠡᠯᠡᠨ ᠬᠠᠭᠠᠭᠰᠠᠨ ᠪᠠᠶᠢᠨ᠎ᠠ᠃ 1687 ᠣᠨ ᠳᠤ ᠣᠴᠢᠷᠠᠢ ᠬᠠᠨ ᠤ ᠴᠡᠷᠢᠭ ᠰᠡᠯᠡᠩᠭᠡ ᠶᠢᠨ ᠪᠡᠬᠢᠯᠡᠯᠲᠡ ᠶᠢ ᠪᠦᠰᠡᠯᠡᠭᠰᠡᠨ ᠬᠡᠳᠦᠢ ᠴᠤ ᠢᠯᠠᠭᠳᠠᠯ ᠬᠦᠯᠢᠶᠡᠵᠡᠢ᠃

ᠡᠨᠡ ᠦᠶ᠎ᠡ ᠳᠦ ᠮᠠᠨᠵᠤ ᠴᠢᠩ ᠤᠯᠤᠰᠲᠠᠢ ᠬᠢᠯᠢ ᠶᠢᠨ ᠬᠡᠯᠡᠯᠴᠡᠭᠡᠷ ᠬᠢᠬᠦ ᠪᠡᠷ 2000 ᠴᠡᠷᠢᠭ ᠲᠡᠢ ᠶᠠᠪᠤᠵᠤ ᠪᠠᠶᠢᠭᠰᠠᠨ ᠹᠧ ᠳᠤ ᠪᠠᠷ ᠭᠣᠯᠣᠸᠢᠨ ᠡᠨᠡ ᠲᠡᠮᠡᠴᠡᠯ ᠳᠦ ᠬᠦᠴᠦ ᠬᠠᠪᠰᠤᠷᠤᠨ ᠲᠠᠪᠠᠩᠭ᠎ᠠ ᠨᠤᠭᠤᠳ ᠤᠨ ᠲᠠᠶᠢᠰᠢ ᠰᠡᠷᠡᠨ-ᠰᠧᠺᠤᠯᠠᠢ ᠶᠢ ᠪᠤᠲᠠ ᠴᠣᠬᠢᠵᠠᠢ᠃ ᠮᠥᠨ ᠪᠤᠰᠤᠳ ᠮᠣᠩᠭᠣᠯ ᠤᠨ ᠲᠠᠶᠢᠰᠢ ᠨᠠᠷ ᠢ ᠰᠡᠯᠡᠩᠭᠡ᠂ ᠦᠳᠡ᠂ ᠢᠯᠨ ᠤ ᠵᠠᠮ ᠳᠤ ᠲᠤᠯᠤᠯᠳᠤᠵᠤ ᠢᠯᠠᠵᠠᠢ᠃ 1688 ᠣᠨ ᠳᠤ ᠲᠦᠰᠢᠶᠡᠲᠦ ᠬᠠᠨ ᠤ ᠳᠡᠭᠦᠦ ᠰᠢᠭᠰᠢᠳ ᠪᠠᠭᠠᠲᠤᠷ ᠬᠣᠲᠣᠭᠣᠶᠢᠳ ᠤᠨ ᠭᠡᠨᠳᠡᠩ ᠪᠠᠭᠠᠲᠤᠷ ᠤᠨ ᠳᠡᠭᠦᠦ ᠶᠢᠨ ᠬᠠᠮᠲᠤ ᠴᠡᠷᠢᠭ ᠬᠥᠳᠡᠯᠭᠡᠵᠦ ᠦᠳᠡ ᠭᠣᠣᠯ ᠳᠠᠬᠢ ᠣᠷᠣᠰ ᠪᠡᠬᠢᠯᠡᠯᠲᠡ ᠶᠢ ᠳᠠᠭᠠᠷᠢᠵᠤ ᠪᠠᠶᠢᠪᠠ᠃

1688 ᠣᠨ ᠳᠤ ᠬᠶ᠋ᠢᠯᠭ᠎ᠠ ᠭᠣᠣᠯ ᠳᠡᠭᠡᠷ᠎ᠡ ᠲᠠᠪᠠᠩᠭ᠎ᠠ ᠨᠤᠭᠤᠳ ᠤᠨ ᠴᠡᠷᠢᠭ ᠢ ᠭᠣᠯᠣᠸᠢᠨ ᠢᠯᠠᠵᠤ ᠲᠠᠪᠠᠩᠭ᠎ᠠ ᠨᠤᠭᠤᠳ ᠤᠨ ᠲᠠᠶᠢᠰᠢ ᠵᠢᠷᠭᠤᠭᠠᠨ ᠵᠠᠶᠢᠰᠠᠩ᠂ 30 ᠰᠢᠭᠦᠯᠡᠩᠭᠡ᠂ 1200 ᠭᠠᠷᠤᠢ ᠡᠷᠦᠬᠡ ᠠᠶᠢᠯ ᠤᠨ ᠬᠠᠮᠲᠤ ᠣᠷᠣᠰᠣᠳ ᠳᠠᠭᠠᠷ᠎ᠠ ᠣᠷᠣᠵᠠᠢ᠃ 1689 ᠣᠨ ᠳᠤ ᠤᠳᠠᠭ᠎ᠠ ᠳᠠᠷᠠᠭ᠎ᠠ ᠢᠯᠠᠭᠳᠠᠯ ᠬᠦᠯᠢᠶᠡᠭᠰᠡᠨ ᠲᠠᠪᠠᠩᠭ᠎ᠠ ᠨᠤᠭᠤᠳ ᠤᠨ ᠲᠠᠶᠢᠰᠢ ᠨᠠᠷ ᠣᠷᠣᠰ ᠤᠨ ᠬᠠᠷᠢᠶᠠᠲᠤ ᠪᠣᠯᠬᠤ ᠭᠡᠷ᠎ᠡ ᠬᠢᠵᠦ᠂ ᠠᠯᠪᠠ ᠤᠯᠭᠤᠬᠤ ᠪᠣᠯᠵᠠᠢ᠃ ᠭᠡᠪᠡᠴᠦ ᠲᠠᠪᠠᠩᠭ᠎ᠠ ᠨᠤᠭᠤᠳ ᠨᠠᠷ ᠣᠷᠣᠰ ᠤᠨ ᠳᠠᠷᠤᠯᠠᠯ ᠠᠴᠠ ᠵᠢᠭᠤᠲᠠᠨ ᠮᠣᠩᠭᠣᠯ ᠨᠤᠲᠤᠭ ᠤᠨ ᠭᠦᠨ ᠷᠦᠦ ᠨᠡᠭᠦᠵᠦ ᠣᠳᠤᠭᠰᠠᠨ ᠪᠣᠯᠪᠠᠴᠤ 1718-1722 ᠣᠨ ᠨᠤᠭᠤᠳ ᠲᠤ ᠡᠷᠭᠢᠨ ᠢᠷᠡᠵᠡᠢ᠃ 1689 ᠣᠨ ᠤ 08 ᠍ ᠳᠤᠭᠠᠷ ᠰᠠᠷ᠎ᠠ ᠶᠢᠨ 25 ᠍ ᠳᠤ ᠨᠡᠷᠡᠰᠢᠭᠦᠳ ᠹᠧ ᠳᠤ ᠪᠠᠷ ᠭᠣᠯᠣᠸᠢᠨ ᠮᠠᠨᠵᠤ ᠶᠢᠨ ᠡᠯᠴᠢ ᠲᠡᠢ ᠠᠭᠤᠯᠵᠠᠨ ᠡᠷᠭᠦᠨ᠎ᠡ ᠮᠥᠷᠡᠨ ᠡᠴᠡ ᠵᠡᠭᠦᠨ ᠲᠡᠰᠢ ᠨᠤᠲᠤᠭ ᠤᠨ ᠬᠢᠯᠢ ᠶᠢ ᠲᠣᠭᠲᠠᠵᠠᠢ᠃

ᠬᠠᠷᠢᠨ 1727 ᠣᠨ ᠤ 08 ᠍ ᠳᠤᠭᠠᠷ ᠰᠠᠷ᠎ᠠ ᠶᠢᠨ 20 ᠍ ᠳᠤ ᠬᠢᠶᠠᠭᠲᠤ ᠬᠣᠲᠠ ᠠᠴᠠ ᠬᠣᠯᠠ ᠦᠭᠡᠢ ᠪᠤᠤᠷ᠎ᠠ ᠭᠣᠣᠯ ᠍ ᠤᠨ ᠡᠷᠭᠢ ᠳᠡᠭᠡᠷ᠎ᠡ ᠣᠷᠣᠰ ᠤᠨ ᠲᠠᠯ᠎ᠠ ᠠᠴᠠ ᠰᠠᠪᠠᠪᠠ ᠷᠭ᠎ᠠ ᠨᠤᠵᠢᠨᠰᠺ ᠦ᠂ ᠮᠠᠨᠵᠤ ᠶᠢᠨ ᠲᠠᠯ᠎ᠠ ᠠᠴᠠ ᠬᠠᠯᠬ᠎ᠠ ᠶᠢᠨ ᠲᠦᠰᠢᠶᠡᠲᠦ ᠬᠠᠨ ᠠᠭᠤᠯᠵᠠᠵᠤ ᠪᠤᠤᠷ᠎ᠠ ᠶᠢᠨ ᠭᠡᠷ᠎ᠡ ᠭᠡᠭᠴᠢ ᠶᠢ ᠪᠠᠶᠢᠭᠤᠯᠵᠠᠢ᠃ ᠡᠨᠡ ᠭᠡᠷ᠎ᠡ ᠪᠡᠷ ᠬᠢᠶᠠᠭᠲᠤᠠ ᠠᠴᠠ ᠪᠠᠷᠠᠭᠤᠨ ᠲᠡᠰᠢ ᠶᠡᠨᠢᠰᠧᠢ ᠮᠥᠷᠡᠨ ᠦ ᠡᠬᠢ ᠬᠦᠷᠲᠡᠯ᠎ᠡ᠂ ᠵᠡᠭᠦᠨ ᠲᠡᠰᠢ ᠨᠡᠷᠡᠰᠢᠭᠦᠦ ᠶᠢᠨ ᠭᠡᠷ᠎ᠡ ᠪᠡᠷ ᠲᠣᠭᠲᠠᠭᠰᠠᠨ ᠬᠢᠯᠢ ᠬᠦᠷᠲᠡᠯᠡᠬᠢ ᠨᠤᠲᠤᠭ ᠤᠨ ᠬᠢᠯᠢ ᠶᠢ ᠲᠣᠭᠲᠠᠵᠠᠢ᠃ ᠡᠶᠢᠨᠬᠦᠦ ᠬᠣᠶᠢᠳᠤ ᠮᠣᠩᠭᠣᠯᠴᠤᠳ ᠪᠤᠰᠤᠳ ᠮᠣᠩᠭᠣᠯᠴᠤᠳ ᠠᠴᠠ ᠪᠠᠨ ᠲᠠᠰᠤᠯᠤᠭᠳᠠᠨ ᠪᠤᠷᠢᠶᠠᠳ ᠬᠡᠮᠡᠬᠦ ᠨᠢᠭᠡᠨ ᠨᠡᠷᠡᠨ ᠳᠣᠣᠷ᠎ᠠ ᠨᠢᠭᠡ ᠳᠦ ᠬᠢ ᠦᠢᠯᠡ ᠶᠠᠪᠤᠴᠠ ᠡᠷᠴᠢᠮᠵᠢᠭᠰᠡᠨ ᠪᠠᠶᠢᠨ᠎ᠠ᠃ 1570 ᠍ ᠊ᠭᠠᠳ ᠣᠨ ᠳᠤ ᠣᠷᠣᠰ ᠤᠨ ᠡᠵᠡᠨᠲᠦ ᠭᠦᠷᠦᠨ ᠦ ᠶᠡᠷᠦᠮᠠᠺ ᠬᠡᠮᠡᠭᠴᠢ ᠣᠷᠭᠣᠳᠠᠯ ᠤᠷᠠᠯ ᠢ ᠳᠠᠪᠠᠨ ᠵᠢᠭᠤᠲᠠᠵᠤ᠂ 600 ᠍ ᠊ᠭᠠᠳ ᠬᠦᠮᠦᠨ ᠲᠡᠢ ᠪᠦᠯᠦᠭ ᠪᠠᠶᠢᠭᠤᠯᠤᠨ ᠲᠣᠪᠠᠯ ᠬᠣᠲᠠ ᠶᠢ ᠡᠵᠡᠯᠡᠨ᠂ ᠭᠡᠮ ᠢᠶᠡᠨ ᠨᠠᠮᠠᠨᠴᠢᠯᠠᠵᠤ ᠢᠸᠠᠩ ᠬᠠᠭᠠᠨ ᠳᠤ ᠪᠠᠨ ᠡᠷᠭᠦᠨ ᠪᠠᠷᠢᠭᠰᠠᠨ ᠢᠶᠠᠷ ᠮᠣᠩᠭᠣᠯ ᠭᠦᠷᠦᠨ ᠦ ᠬᠣᠶᠢᠮᠣᠷ ᠢᠶᠠᠷ ᠣᠷᠣᠰ ᠤᠨ ᠺᠣᠯᠣᠨᠢᠴᠢᠯᠠᠯ ᠤᠨ ᠭᠠᠷ ᠣᠷᠣᠵᠤ ᠢᠷᠡᠭᠡᠳ ᠲᠦᠢᠪᠡᠭᠡᠬᠦ ᠶᠢᠨ ᠡᠬᠢᠯᠡᠯ ᠪᠣᠯᠤᠯ᠎ᠠ᠃ 1630 ᠍ ᠊ᠭᠠᠳ ᠣᠨ ᠳᠤ ᠣᠷᠣᠰ ᠤᠨ ᠵᠠᠰᠠᠭ ᠤᠨ ᠭᠠᠵᠠᠷ ᠠᠴᠠ ᠪᠡᠯᠡᠳᠬᠡᠨ ᠢᠯᠡᠭᠡᠭᠰᠡᠨ ᠺᠣᠯᠣᠨᠢᠴᠢᠯᠠᠭᠴᠢᠳ ᠪᠠᠶᠢᠭᠠᠯᠢ ᠳᠠᠯᠠᠢ ᠶᠢᠨ ᠪᠠᠷᠠᠭᠤᠨ ᠡᠷᠭᠢ ᠳᠦ ᠢᠷᠡᠵᠦ ᠨᠤᠲᠤᠭ ᠤᠨ ᠮᠣᠩᠭᠣᠯᠴᠤᠳ ᠲᠠᠢ ᠴᠢᠰᠤ ᠠᠰᠬᠠᠷᠠᠭᠤᠯᠤᠭᠰᠠᠨ ᠪᠠᠶᠢᠯᠳᠤᠭᠠᠨ ᠬᠢᠯ᠎ᠡ᠃ ᠲᠡᠷᠡ ᠲᠤᠬᠠᠢ ᠣᠷᠣᠰ ᠤᠨ ᠰᠤᠳᠤᠯᠤᠭᠠᠴᠢᠳ ᠪᠢᠴᠢᠬᠦ ᠳᠦ ᠪᠡᠨ "ᠠᠩᠭᠠᠷ ᠢ ᠥᠭᠰᠡᠭᠰᠡᠨ ᠴᠢᠨᠠᠭᠰᠢᠳᠠ ᠶᠢᠨ ᠳᠣᠪᠲᠣᠯᠭᠠᠨ ᠶᠡᠬᠡᠳᠡ ᠰᠠᠭᠠᠲᠠᠭᠰᠠᠨ ᠨᠢ ᠠᠩᠭᠠᠷ ᠤᠨ ᠬᠠᠷᠭᠢᠶ᠎ᠠ ᠵᠡᠷᠭᠡ ᠪᠠᠶᠢᠭᠠᠯᠢ ᠶᠢᠨ ᠰᠠᠭᠠᠳ ᠠᠴᠠ ᠰᠢᠯᠲᠠᠭᠠᠯᠠᠭᠰᠠᠨ ᠲᠡᠳᠦᠢ ᠦᠭᠡᠢ ᠶᠡᠬᠡᠩᠬᠢ ᠳᠦ ᠪᠡᠨ ᠠᠩᠭᠠᠷ ᠤᠨ ᠡᠬᠢᠨ ᠳᠦ ᠣᠷᠣᠰᠢᠨ ᠰᠠᠭᠤᠳᠠᠭ ᠮᠣᠩᠭᠣᠯ ᠠᠶᠢᠮᠠᠭ ᠤᠨ ᠪᠤᠷᠢᠶᠠᠳ ᠪᠤᠶᠤ "ᠪᠷᠠᠲ᠋ᠰᠺᠧ ᠯ ᠳᠦᠢ" ᠬᠡᠮᠡᠭᠴᠢᠳ ᠦᠨ ᠰᠢᠷᠭᠠᠭᠤ ᠡᠰᠡᠷᠭᠦᠴᠡᠯ ᠡᠴᠡ ᠰᠢᠯᠲᠠᠭᠠᠯᠠᠭᠰᠠᠨ ᠶᠤᠮ᠃ 1631 ᠣᠨ ᠳᠤ ᠲᠡᠳᠡᠨ ᠢ ᠡᠵᠡᠯᠡᠬᠦ ᠵᠣᠷᠢᠯᠭ᠎ᠠ ᠪᠠᠷ ᠪᠠᠶᠢᠭᠤᠯᠤᠭᠰᠠᠨ ᠪᠷᠠᠲ᠋ᠰᠺ ᠤᠨ (ᠪᠤᠷᠢᠶᠠᠳ ᠤᠨ-ᠳ᠃ᠪ) ᠪᠡᠬᠢᠯᠡᠯᠲᠡ ᠴᠠᠶᠢᠵᠠ ᠨᠢᠭᠡ ᠪᠤᠰᠤ ᠤᠳᠠᠭ᠎ᠠ ᠠᠶᠤᠯ ᠳᠤ ᠣᠷᠣᠵᠤ ᠪᠠᠶᠢᠭᠰᠠᠨ ᠤ ᠳᠣᠲᠣᠷ᠎ᠠ 1635 ᠣᠨ ᠳᠤ ᠪᠦᠬᠦ ᠭᠠᠷᠨᠢᠽᠣᠨ ᠬᠢᠳᠤᠭᠳᠠᠵᠤ᠂ ᠵᠥᠪᠬᠡᠨ 1936 ᠣᠨ ᠳᠤ ᠣᠷᠣᠰ ᠤᠨ ᠵᠠᠬᠢᠷᠭ᠎ᠠ ᠶᠢ ᠰᠡᠷᠭᠦᠭᠡᠵᠦ ᠪᠠᠶᠢᠯ᠎ᠠ᠃ ᠴᠢᠨᠠᠭᠰᠢᠳᠠ ᠪᠠᠨ ᠠᠩᠭᠠᠷ ᠤᠨ ᠡᠬᠢᠨ ᠳᠦ ᠣᠷᠣᠰᠢᠨ ᠰᠠᠭᠤᠭᠴᠢᠳ ᠢ ᠳᠠᠭᠠᠭᠤᠯᠬᠤ ᠦᠢᠯᠡ ᠶᠠᠪᠤᠴᠠ ᠲᠠᠰᠤᠷᠠᠯᠲᠠ ᠦᠭᠡᠢ ᠲᠡᠮᠡᠴᠡᠯ ᠲᠡᠢ ᠲᠤᠯᠭᠠᠷᠴᠢ ᠦᠷᠭᠦᠯᠵᠢᠯᠡᠭᠰᠡᠭᠡᠷ ᠲᠡᠳᠡᠨ ᠦ ᠣᠯᠠᠩᠬᠢ ᠶᠢ ᠡᠮᠦᠨ᠎ᠡ ᠵᠦᠭ ᠬᠠᠯᠬ᠎ᠠ ᠮᠣᠩᠭᠣᠯ ᠷᠤ ᠨᠢ ᠲᠦᠷᠢᠨ ᠰᠢᠬᠠᠰᠠᠨ ᠢᠶᠠᠷ ᠳᠠᠭᠤᠰᠤᠯ᠎ᠠ᠃ ᠠᠩᠭᠠᠷ ᠤᠨ ᠡᠬᠢᠨ ᠳᠦ ᠪᠡᠬᠢᠵᠢᠬᠦ ᠶᠢᠨ ᠲᠤᠯᠠᠳᠠ ᠪᠷᠠᠲ᠋ᠰᠺ ᠤᠨ ᠴᠠᠶᠢᠵᠠ ᠠᠴᠠ ᠤᠷᠤᠭᠰᠢ 1654 ᠣᠨ ᠳᠤ ᠪᠠᠯᠭᠠᠨ ᠤ ᠪᠡᠬᠢᠯᠡᠯᠲᠡ ᠪᠠᠶᠢᠭᠤᠯᠪᠠ᠃ ᠲᠡᠭᠦᠨ ᠡᠴᠡ 2 ᠵᠢᠯ ᠦᠨ ᠡᠮᠦᠨ᠎ᠡ ᠫᠣᠬᠠᠪᠤᠪ ᠡᠷᠡᠬᠦᠦ ᠭᠣᠣᠯ ᠠᠩᠭᠠᠷ ᠲᠤ ᠴᠢᠳᠬᠤᠬᠤ ᠭᠠᠵᠠᠷ ᠡᠪᠦᠯᠵᠢᠶ᠎ᠡ ᠪᠠᠶᠢᠭᠤᠯᠰᠤᠨ ᠢᠶᠠᠷ ᠠᠩᠭᠠᠷ-ᠣᠺ ᠤᠨ ᠪᠤᠷᠢᠶᠠᠳ ᠤᠳ ᠢ ᠡᠵᠡᠯᠡᠬᠦ ᠦᠢᠯᠡ ᠶᠠᠪᠤᠴᠠ ᠳᠠᠭᠤᠰᠪᠠ" ᠭᠡᠵᠡᠢ᠃ ᠪᠤᠷᠢᠶᠠᠳ ᠢ ᠡᠵᠡᠯᠡᠬᠦ ᠠᠩᠬᠠᠨ ᠤ ᠴᠡᠷᠢᠭᠵᠢᠭᠦᠯᠦᠭᠰᠡᠨ ᠡᠺᠰᠫᠧᠳᠢᠼ ᠢ 1623 ᠣᠨ ᠳᠤ ᠵᠢᠳᠠᠨ ᠺᠣᠽᠣᠯᠣᠸ᠂ ᠸᠠᠰᠢᠯᠢᠢ ᠯᠣᠳ ᠢᠶᠢᠨ᠂ ᠠᠨᠠᠨ ᠦ ᠢᠸᠠᠨᠨᠣᠸ ᠢᠶᠠᠷ ᠲᠣᠯᠣᠭᠠᠶᠢᠯᠠᠭᠤᠯᠤᠨ ᠶᠠᠪᠤᠭᠤᠯᠵᠤ᠂ ᠴᠢᠨᠠᠭᠰᠢᠳᠠ ᠡᠭᠡᠯᠵᠢᠯᠡᠨ ᠵᠢᠳᠬᠦᠭ᠍ᠰᠡᠭᠡᠷ 1628 ᠣᠨ ᠳᠤ ᠶᠠᠺᠣᠸ ᠬᠷᠢᠫᠦᠨᠣᠪ ᠢᠶᠠᠷ ᠲᠣᠯᠣᠭᠠᠶᠢᠯᠠᠭᠤᠯᠤᠭᠰᠠᠨ ᠡᠵᠡᠯᠡᠨ ᠲᠦᠷᠢᠮᠡᠬᠡᠶᠢᠯᠡᠭᠴᠢᠳ ᠠᠩᠬᠠᠨ ᠤ ᠳᠠᠶᠢᠨ ᠬᠢᠵᠦ "ᠡᠮᠡᠰ᠂ ᠥᠬᠢᠳ᠂ ᠬᠡᠦᠬᠡᠳ ᠢ ᠣᠯᠵᠠᠯᠠᠨ " ᠠᠪᠠᠴᠢᠭᠠᠳ᠂ ᠮᠥᠨ ᠣᠨ ᠳᠤ ᠫᠧᠲ᠋ᠷ ᠪᠧᠺᠧᠲ᠋ᠣᠸ ᠤᠨ ᠬᠢᠨ 40 ᠪᠤᠷᠢᠶᠠᠳ ᠢ ᠠᠯᠠᠵᠤ ᠢᠷᠭᠠᠯᠠᠭᠰᠠᠨ ᠢᠶᠠᠷ ᠺᠣᠯᠣᠨᠢ ᠶᠢᠨ ᠪᠠᠶᠢᠯᠳᠤᠨ ᠳᠠᠭᠠᠭᠤᠯᠤᠯᠲᠠ ᠡᠬᠢᠯᠡᠭᠰᠡᠨ ᠶᠤᠮ᠃

1641 ᠣᠨ ᠤ 4 ᠳ᠋ᠦ᠋ᠭᠡᠷ ᠰᠠᠷ᠎ᠠ ᠶᠢᠨ 30 ᠍ ᠳᠤ ᠡᠬᠢᠷᠢᠰ ᠤᠨ ᠱᠡᠪᠰᠢᠶᠢ ᠪᠠᠭᠠᠲᠤᠷ ᠲᠤᠯᠤᠯᠳᠤᠭᠠᠨ ᠳᠤ ᠠᠯᠠᠭᠳᠠᠭᠰᠠᠨ ᠢᠶᠠᠷ ᠺᠣᠯᠣᠨᠢᠴᠢᠯᠠᠭᠴᠢᠳ ᠡᠬᠢᠷᠢᠰ᠂ ᠪᠤᠯᠭᠤᠳ ᠢ ᠪᠠᠶᠢᠯᠳᠤᠭᠠᠨ ᠳᠤ ᠢᠯᠠᠬᠤ ᠪᠣᠯᠤᠮᠵᠢ ᠣᠯᠤᠭᠰᠠᠨ ᠢ ᠲᠡᠦᠬᠡᠨ ᠳᠦ ᠲᠡᠮᠳᠡᠭᠯᠡᠭᠰᠡᠨ ᠪᠠᠶᠢᠳᠠᠭ᠃ 1645 ᠣᠨ ᠳᠤ ᠵᠦᠯᠬᠦ ᠶᠢᠨ ᠡᠬᠢᠷᠢᠰ ᠦᠳ ᠪᠣᠰᠤᠯᠭ᠎ᠠ ᠭᠠᠷᠭᠠᠨ ᠲᠠᠲᠠᠪᠤᠷᠢ ᠲᠥᠯᠦᠬᠦ ᠡᠴᠡ ᠲᠠᠲᠠᠭᠠᠯᠵᠠᠵᠤ᠂ ᠲᠡᠭᠦᠨ ᠢ ᠳᠠᠷᠤᠬᠤ ᠪᠠᠷ ᠶᠠᠪᠤᠭᠤᠯᠤᠭᠰᠠᠨ᠎ᠠ᠃ᠪᠧᠳᠠᠷᠧᠸ ᠤᠨ ᠵᠡᠪᠰᠡᠭᠲᠦ ᠣᠲᠷᠢᠶᠠᠳ᠋ ᠍ ᠲᠠᠢ 50 ᠍ ᠠᠴᠠ ᠳᠣᠭᠣᠭᠰᠢ ᠦᠭᠡᠢ ᠬᠦᠮᠦᠨ ᠲᠡᠢ ᠪᠡᠷ ᠡᠳᠦᠷᠵᠢᠨ ᠲᠤᠯᠤᠯᠳᠤᠭᠰᠠᠨ ᠲᠡᠦᠬᠡ ᠨᠢ ᠪᠤᠷᠢᠶᠠᠳ ᠢ ᠺᠣᠯᠣᠨᠴᠢᠯᠠᠭᠰᠠᠨ ᠦᠢᠯᠡᠰ ᠴᠢᠰᠤᠨ ᠮᠥᠷ ᠲᠡᠢ ᠪᠠᠶᠢᠭᠰᠠᠨ ᠤ ᠪᠠᠷᠢᠮᠲᠠ ᠶᠤᠮ᠃ ᠡᠨᠡ ᠦᠶ᠎ᠡ ᠳᠦ ᠮᠣᠩᠭᠣᠯ ᠤᠯᠤᠰ ᠳᠣᠲᠣᠭᠠᠳᠤ ᠶᠢᠨ ᠬᠢᠮᠤᠷᠠᠯ᠂ ᠮᠠᠨᠵᠤ ᠶᠢᠨ ᠲᠦᠷᠢᠯᠲᠡ ᠳᠦ ᠰᠤᠯᠢᠳᠠᠨ ᠬᠣᠶᠢᠳᠤ ᠬᠢᠵᠠᠭᠠᠷ ᠢᠶᠠᠨ ᠥᠮᠦᠭᠡᠯᠡᠬᠦ ᠴᠢᠳᠠᠪᠤᠷᠢ ᠮᠡᠬᠦᠰ ᠪᠠᠶᠢᠭᠰᠠᠨ ᠪᠥᠭᠡᠳ 1667 ᠣᠨ ᠳᠤ ᠵᠡᠭᠦᠨ ᠭᠠᠷ ᠤᠨ ᠰᠡᠩᠭᠡ ᠲᠠᠶᠢᠵᠢ ᠺᠷᠠᠰᠠᠨ ᠠᠢᠷᠰᠺ ᠤᠨ ᠪᠡᠬᠢᠯᠡᠯᠲᠡ ᠶᠢ ᠡᠵᠡᠯᠡᠨ ᠺᠣᠯᠣᠨᠴᠢᠯᠠᠭᠴᠢᠳ ᠲᠤ ᠵᠠᠨᠤᠯᠬᠢᠯᠡᠵᠦ᠂ 1669-70 ᠣᠨ ᠳᠤ ᠳᠠᠶᠢᠬᠠᠨ ᠲᠠᠶᠢᠵᠢ ᠶᠢᠨ ᠮᠣᠩᠭᠣᠯᠴᠤᠳ 15 ᠮᠢᠩᠭᠠᠨ ᠴᠡᠷᠢᠭ ᠢᠶᠡᠷ ᠨᠧᠷᠴᠢ ᠶᠢ ᠡᠵᠡᠯᠡᠨ ᠪᠤᠷᠢᠶᠠᠳ ᠤᠳ ᠢ ᠬᠤᠷᠢᠶᠠᠨ ᠪᠤᠴᠠᠭᠠᠵᠤ᠂ 1674 ᠣᠨ ᠳᠤ ᠲᠠᠪᠤᠨᠠᠩ ᠤᠨ ᠭᠡᠭᠡᠨ ᠲᠠᠶᠢᠵᠢ ᠴᠡᠷᠢᠭᠯᠡᠨ ᠬᠥᠳᠡᠯᠵᠦ ᠪᠠᠶᠢᠪᠠ᠃ 1684 ᠣᠨ ᠳᠤ ᠡᠷᠡᠬᠦᠦ ᠳᠦ ᠣᠴᠢᠷ ᠰᠠᠢ ᠶᠢᠨ ᠬᠠᠨ ᠤ ᠡᠯᠴᠢ ᠢᠯᠡᠭᠡᠵᠦ᠂ ᠡᠷᠡᠬᠦᠦ ᠶᠢᠨ ᠪᠤᠷᠢᠶᠠᠳ ᠤᠳ ᠮᠣᠩᠭᠣᠯ ᠤᠨ ᠢᠷᠭᠡᠳ ᠪᠣᠯᠬᠤ ᠶᠢ ᠲᠠᠶᠢᠯᠪᠤᠷᠢᠯᠠᠨ ᠬᠡᠯᠡᠯᠴᠡᠭᠡ ᠬᠢᠬᠦ ᠳᠦ "ᠲᠠᠨ ᠤ ᠮᠣᠩᠭᠣᠯ ᠤᠨ ᠣᠴᠢᠷ ᠰᠠᠶᠢᠨ ᠬᠠᠨ ᠮᠠᠨ ᠤ ᠶᠡᠬᠡ ᠡᠵᠡᠨ ᠦ ᠡᠷᠲᠡᠨ ᠦ ᠠᠯᠪᠠᠲᠤ ᠪᠤᠷᠢᠶᠠᠳ ᠤᠳ ᠠᠴᠠ ᠲᠠᠲᠠᠪᠤᠷᠢ ᠠᠪᠤᠨ᠎ᠠ ᠭᠡᠳᠡᠭ ᠤᠬᠠᠭᠠᠨ ᠰᠠᠨᠠᠭᠠᠨ ᠳᠤ ᠪᠠᠭᠠᠳᠤᠮ ᠦᠭᠡᠢ" ᠬᠡᠮᠡᠨ ᠳᠡᠭᠡᠷᠡᠯᠬᠡᠭᠡᠳ ᠡᠯᠴᠢ ᠶᠢ ᠬᠥᠭᠡᠭᠡᠵᠦ ᠪᠤᠴᠠᠭᠠᠭᠰᠠᠨ ᠪᠢᠯᠡ᠃

1688 ᠣᠨ ᠳᠤ ᠪᠠᠭᠠᠲᠤᠷ ᠬᠤᠨ ᠲᠠᠶᠢᠵᠢ ᠶᠢᠨ ᠬᠢᠨ 4 ᠮᠢᠩᠭᠠᠨ ᠴᠡᠷᠢᠭ ᠢᠶᠡᠷ ᠤᠳᠤ ᠬᠣᠲᠠ ᠪᠣᠯᠤᠨ ᠰᠡᠯᠡᠩᠭᠡ ᠶᠢᠨ ᠬᠣᠲᠠ ᠶᠢ ᠳᠠᠭᠠᠷᠢᠵᠤ ᠪᠠᠶᠢᠬᠤ ᠦᠶ᠎ᠡ ᠳᠦ ᠭᠠᠯᠳᠠᠨ ᠪᠣᠱᠤᠭᠳᠤ ᠲᠦᠰᠢᠶᠡᠲᠦ ᠬᠠᠨ ᠢ ᠳᠣᠪᠲᠣᠯᠰᠠᠨ᠎ᠠ ᠪᠠᠷ ᠮᠣᠩᠭᠣᠯ ᠤᠨ ᠴᠡᠷᠢᠭ ᠨᠤᠲᠤᠭ ᠪᠤᠴᠠᠵᠤ᠃ ᠪᠤᠷᠢᠶᠠᠳ ᠨᠤᠲᠤᠭ ᠢᠶᠠᠨ ᠣᠷᠣᠰ ᠭᠦᠷᠦᠨ ᠦ ᠺᠣᠯᠣᠨᠴᠢᠯᠠᠯ ᠠᠴᠠ ᠥᠮᠦᠭᠡᠯᠡᠬᠦ ᠬᠦᠴᠦ ᠮᠥᠬᠦᠭᠰᠡᠨ ᠪᠢᠯᠡ᠃ ᠣᠷᠣᠰ ᠤᠳ ᠡᠭᠦᠨ ᠢ ᠨᠢ ᠠᠰᠢᠭᠯᠠᠨ 1688 ᠣᠨ ᠤ 9 ᠳ᠋ᠦ᠋ᠭᠡᠷ ᠰᠠᠷ᠎ᠠ ᠶᠢᠨ 16 ᠍ ᠳᠤ ᠲᠠᠪᠤᠨᠠᠩᠭ᠎ᠠ ᠨᠤᠭᠤᠳ ᠢ ᠳᠣᠪᠲᠣᠯᠵᠤ 200 ᠬᠦᠮᠦᠨ ᠢ ᠠᠯᠠᠵᠤ᠂ ᠣᠯᠠᠨ ᠬᠦᠮᠦᠨ ᠢ ᠮᠠᠯ ᠬᠥᠷᠦᠩᠭᠡ ᠲᠡᠢ ᠨᠢ ᠣᠯᠵᠯᠠᠭᠰᠠᠨ ᠶᠤᠮ᠃ ᠣᠶᠢᠷᠠᠳ ᠪᠣᠯᠤᠨ ᠬᠠᠯᠬ᠎ᠠ ᠶᠢᠨ ᠬᠣᠭᠣᠷᠣᠨᠳᠣ ᠪᠠᠶᠢᠯᠳᠤᠭᠠᠨ ᠪᠣᠯᠵᠤ᠂ ᠮᠠᠨᠵᠢ ᠨᠤᠭᠤᠳ ᠬᠠᠯᠬ᠎ᠠ ᠶᠢ ᠳᠠᠭᠠᠭᠤᠯᠤᠨ ᠡᠵᠡᠯᠡᠭᠰᠡᠨ ᠨᠢ ᠪᠤᠷᠢᠶᠠᠳ ᠲᠦᠮᠡᠨ ᠬᠠᠷᠢ ᠶᠢᠨ ᠡᠵᠡᠯᠡᠭᠴᠢᠳ ᠢ ᠡᠰᠡᠷᠭᠦᠴᠡᠬᠦ ᠦᠨᠳᠦᠰᠦ ᠶᠢ ᠲᠠᠰᠤᠯᠤᠭᠠᠳ ᠵᠣᠭᠰᠣᠭ᠎ᠠ ᠦᠭᠡᠢ ᠮᠠᠨᠵᠤ ᠶᠢᠨ ᠳᠠᠷᠤᠯᠠᠯ᠂ ᠳᠣᠲᠣᠭᠠᠳᠤ ᠶᠢᠨ ᠳᠠᠶᠢᠨ ᠤ ᠬᠦᠨᠳᠦ ᠳᠠᠷᠤᠮᠲᠠ ᠳᠤ ᠳᠤᠷᠠᠭᠦᠶᠢᠴᠡᠭᠰᠡᠨ ᠮᠣᠩᠭᠣᠯᠴᠤᠳ ᠤᠮᠠᠷᠠᠲᠤ ᠵᠦᠭ ᠨᠡᠭᠦᠵᠦ᠂ ᠣᠷᠣᠰ ᠤᠨ ᠬᠠᠷᠢᠶᠠᠲᠤ ᠪᠣᠯᠬᠤ ᠨᠥᠬᠥᠴᠡᠯ ᠢ ᠪᠦᠷᠢᠳᠦᠭᠦᠯᠵᠦ ᠪᠠᠶᠢᠯ᠎ᠠ᠃ ᠡᠶᠢᠨᠬᠦᠦ 1680 ᠍ ᠊ᠭᠠᠳ ᠣᠨ ᠤ ᠰᠡᠭᠦᠯᠴᠢ ᠡᠴᠡ ᠡᠬᠢᠯᠡᠨ ᠠᠯᠲᠠᠢ᠂ ᠬᠠᠩᠭᠠᠢ ᠶᠢᠨ ᠠᠤᠯᠠᠯᠠᠰ ᠢᠶᠠᠷ ᠨᠤᠲᠤᠭᠯᠠᠵᠤ ᠪᠠᠶᠢᠭᠰᠠᠨ ᠠᠲᠠᠭᠠᠨ᠂ ᠠᠱᠠᠪᠠᠭ᠎ᠠ ᠳᠤ᠃ ᠰᠣᠩᠭᠣᠭᠠᠯ᠂ ᠦᠵᠡᠨ᠂ ᠶᠦᠩᠰᠢᠶᠡᠪᠦ᠂ ᠥᠭᠡᠯᠡᠳ᠂ ᠰᠠᠷᠲᠠᠭᠤᠯ᠂ ᠬᠠᠲᠠᠭᠢᠨ ᠣᠪᠣᠭ ᠤᠨ ᠬᠢᠨ ᠬᠣᠶᠢᠰᠢ ᠪᠠᠨ ᠨᠡᠭᠦᠵᠦ ᠣᠷᠣᠰ ᠲᠤ ᠳᠠᠭᠠᠷ᠎ᠠ ᠣᠷᠣᠵᠠᠢ᠃ ᠡᠭᠦᠨ ᠦ ᠨᠢᠭᠡ ᠪᠠᠷᠢᠮᠲᠠ ᠨᠢ ᠡᠳᠦᠭᠡ ᠮᠣᠩᠭᠣᠯ ᠤᠯᠤᠰ ᠤᠨ ᠢᠷᠭᠡᠨ 84 ᠨᠠᠰᠤᠲᠠᠢ ᠱ᠃ ᠲᠡᠷᠡᠪᠢᠰᠢ ᠭᠤᠸᠠᠢ ᠳᠤ ᠬᠠᠳᠠᠭᠠᠯᠠᠭᠳᠠᠨ ᠪᠤᠢ ᠬᠡᠪᠯᠡᠯ ᠦᠢᠯᠡᠳᠪᠦᠷᠢIII ᠵᠠᠭᠤᠨ ᠤ ᠦᠶ᠎ᠡ ᠶᠢᠨ ᠭᠠᠷ ᠪᠢᠴᠢᠮᠡᠯ "ᠲᠤᠷᠰᠢᠬᠢ ᠤᠨ ᠨᠠᠮᠲᠠᠷ" ᠪᠢᠯᠡ᠃ ᠲᠡᠨᠳᠡ ᠥᠭᠭᠦᠭᠦᠯᠬᠦ ᠳᠦ ᠪᠡᠨ᠂ "ᠠᠱᠠᠪᠠᠭ᠎ᠠ ᠳᠤ ᠶᠠᠰᠤᠲᠤ ᠪᠠᠢᠪᠢᠯᠭᠡ ᠣᠮᠣᠭ ᠤᠨ ᠲᠤᠷᠰᠢᠬᠢ ᠮᠣᠯᠬᠠᠨ ᠤ ᠡᠷᠲᠡ ᠲᠦᠷᠦᠭᠰᠡᠨ ᠭᠠᠵᠠᠷ ᠬᠡᠮᠡᠪᠡᠰᠦ ᠠᠯᠲᠠᠢ᠂ ᠬᠠᠩᠭᠠᠢ ᠭᠠᠵᠠᠷ ᠠᠴᠠ ᠰᠠᠶᠢᠨ ᠬᠠᠨ ᠤ ᠠᠯᠪᠠᠲᠤ ᠪᠥᠭᠡᠳ ᠲᠡᠷᠡ ᠣᠷᠣᠨ ᠠᠴᠠ ᠪᠣᠱᠢᠭᠤ ᠳᠤ ᠬᠠᠨᠳᠠ ᠭᠠᠬᠠᠢ ᠵᠢᠯ ᠦᠨ ᠡᠪᠦᠯ ᠦᠨ ᠳᠤᠮᠳᠠ ᠰᠠᠷ᠎ᠠ ᠳᠤ ᠴᠡᠷᠢᠭ ᠮᠣᠷᠳᠠᠭᠠᠳ ᠪᠣᠱᠢᠭᠲᠦ ᠶᠢᠨ ᠬᠣᠶᠠᠷ (ᠬᠡᠰᠡᠭ) ᠴᠡᠷᠢᠭ ᠢ ᠨᠢ ᠳᠣᠪᠲᠣᠯᠤᠭᠠᠳ ᠴᠢᠨᠠᠭᠰᠢ ᠳᠤ ᠪᠣᠱᠢᠭᠲᠠᠳ ᠣᠴᠢᠵᠤ ᠳᠦᠷᠪᠡᠭᠡᠵᠦ ᠣᠷᠬᠢᠭᠠᠳ ᠬᠣᠭᠣᠯᠠ ᠬᠦᠨᠡᠰᠦ ᠲᠠᠰᠤᠯᠳᠠᠨ ᠪᠤᠴᠠᠵᠤ ᠢᠷᠡᠲᠡᠯ᠎ᠡ ᠬᠣᠶᠢᠲᠤ ᠬᠤᠯᠤᠭᠠᠨ᠎ᠠ ᠵᠢᠯ ᠳᠤ ᠪᠣᠱᠢᠭᠤ ᠳᠤ ᠴᠡᠷᠢᠭᠯᠡᠨ ᠪᠢᠳᠡᠨ ᠢ ᠳᠣᠪᠲᠣᠯᠤᠭᠰᠠᠨ ᠪᠣᠰᠬᠠᠭᠤᠯᠠᠭᠰᠠᠨ᠃..

1686 ᠣᠨ ᠳᠤ ᠶᠡᠬᠡ ᠳᠡᠭᠡᠳᠦ ᠢᠮᠫᠧᠷᠠᠲ᠋ᠣᠷ ᠴᠠᠭᠠᠨ ᠬᠠᠭᠠᠨ ᠳᠤ ᠵᠠᠯᠪᠠᠷᠢᠨ ᠢᠷᠡᠵᠦ᠂ ᠡᠷᠡᠬᠦᠦ ᠬᠣᠲᠠᠨ ᠢᠶᠠᠨ ᠠᠶᠢᠯᠠᠳᠬᠠᠨ ᠮᠡᠳᠡᠭᠦᠯᠵᠦ ᠡᠨᠡ ᠶᠡᠬᠡ ᠳᠠᠯᠠᠢ ᠶᠢᠨ ᠬᠣᠶᠢᠲᠠᠳ ᠬᠤᠳᠠᠢ ᠶᠢᠨ ᠭᠣᠣᠯ ᠬᠡᠮᠡᠬᠦ ᠨᠤᠲᠤᠭ ᠲᠤ ᠰᠠᠭᠤᠭᠰᠠᠭᠠᠷ᠃.." ᠭᠡᠬᠦᠴᠢᠯᠡᠨ ᠦᠭᠦᠯᠡᠵᠡᠢ᠃ 1690 ᠍ ᠊ᠭᠡᠳ ᠣᠨ ᠳᠤ ᠲᠦᠰᠢᠶᠡᠲᠦ ᠬᠠᠨ ᠤ ᠦᠬᠢᠨ ᠲᠠᠶᠢᠵᠢ ᠶᠢᠨ ᠬᠢᠨ ᠰᠡᠯᠡᠩᠭᠡ ᠶᠢᠨ ᠲᠠᠪᠤᠨᠠᠩᠭ᠎ᠠ ᠨᠤᠭᠤᠳ ᠲᠠᠢ ᠨᠡᠶᠢᠯᠡᠵᠦ᠂ 1722 ᠣᠨ ᠳᠤ ᠰᠡᠴᠡᠨ ᠬᠠᠨ ᠤ ᠡᠵᠢ ᠭᠦᠩᠵᠦ ᠶᠢᠨ ᠠᠯᠪᠠᠲᠤ ᠪᠣᠯᠭᠠᠵᠤ ᠲᠦᠰᠢᠶᠡᠲᠦ ᠬᠠᠨ ᠠᠴᠠ ᠥᠭᠭᠦᠭᠰᠡᠨ ᠭᠤᠷᠪᠠᠨ ᠲᠠᠪᠤᠨᠠᠩ ᠤᠨ ᠣᠲᠣᠭ ᠣᠨᠣᠨ ᠭᠣᠣᠯ ᠤᠨ ᠪᠢᠨᠳᠦᠷᠢᠶ᠎ᠠ ᠨᠤᠲᠤᠭ ᠠᠴᠠ ᠪᠠᠨ ᠬᠡᠨᠲᠡᠢ ᠶᠢᠨ ᠬᠥᠪᠴᠢ ᠶᠢ ᠨᠡᠪᠲᠡᠯᠦᠨ ᠵᠢᠭᠤᠲᠠᠵᠤ ᠬᠶ᠋ᠢᠯᠭ᠎ᠠ᠂ ᠴᠥᠬᠥ ᠶᠢᠨ ᠭᠣᠣᠯ ᠳᠤ ᠰᠠᠭᠤᠷᠢᠰᠢᠭᠰᠠᠨ ᠶᠤᠮ᠃ ᠮᠣᠩᠭᠣᠯ ᠤᠯᠤᠰ ᠮᠠᠨᠵᠤ ᠳᠤ ᠳᠠᠭᠠᠷ᠎ᠠ ᠣᠷᠣᠵᠤ᠂ ᠭᠠᠯᠳᠠᠨ ᠪᠣᠱᠤᠭᠳᠤ ᠢᠯᠠᠭᠳᠠᠭᠰᠠᠨ ᠤ ᠳᠠᠷᠠᠭ᠎ᠠ ᠣᠷᠣᠰ᠂ ᠮᠠᠨᠵᠤ ᠭᠦᠷᠦᠨ ᠨᠦᠭᠦᠳ ᠰᠢᠭᠤᠳ ᠬᠢᠯᠢᠯᠡᠵᠦ᠂ ᠬᠢᠯᠢ ᠶᠢ ᠲᠣᠭᠲᠠᠭᠠᠬᠤ ᠠᠰᠠᠭᠤᠳᠠᠯ ᠮᠣᠩᠭᠣᠯ ᠲᠥᠷᠦ ᠶᠢᠨ ᠮᠡᠳᠡᠯ ᠡᠴᠡ ᠳᠠᠪᠠᠵᠤ᠂ 1727-28 ᠣᠨ ᠤ ᠪᠤᠤᠷ᠎ᠠ ᠶᠢᠨ ᠬᠡᠯᠡᠯᠴᠡᠭᠡᠷ ᠭᠡᠭᠴᠢ ᠪᠡᠷ ᠪᠤᠷᠢᠶᠠᠳ ᠢ ᠥᠭᠭᠦᠭᠡᠳ ᠵᠣᠭᠰᠣᠭ᠎ᠠ ᠦᠭᠡᠢ᠃ ᠬᠠᠯᠬ᠎ᠠ ᠶᠢᠨ ᠪᠦᠷᠢᠯᠳᠦᠬᠦᠨ ᠳᠦ ᠣᠷᠣᠵᠤ ᠪᠠᠶᠢᠭᠰᠠᠨ ᠬᠠᠲᠠᠭᠢᠨ᠂ ᠰᠠᠯᠵᠢ ᠨᠤᠭᠤᠳ ᠤᠨ ᠬᠣᠶᠢᠲᠤ ᠦᠵᠦᠭᠦᠷ ᠢ ᠰᠠᠷᠲᠠᠭᠤᠯ ᠤᠨ ᠬᠠᠮᠲᠤ ᠲᠠᠰᠤᠯᠤᠨ ᠣᠷᠣᠰ ᠲᠤ ᠥᠭᠭᠦᠭᠰᠡᠨ ᠶᠤᠮ᠃ ᠡᠶᠢᠨᠬᠦᠦ "ᠪᠤᠷᠢᠶᠠᠳ" ᠭᠡᠳᠡᠭ ᠨᠡᠷ᠎ᠡ ᠨᠢᠭᠡᠨ ᠣᠪᠣᠭ ᠶᠠᠰᠤᠲᠠᠨ ᠤ ᠨᠡᠷ᠎ᠡ ᠪᠠᠶᠢᠭᠰᠠᠨ ᠢᠶᠠᠨ ᠡᠷᠲᠡᠨ ᠦ ᠡᠪᠦᠭᠡ ᠮᠣᠩᠭᠣᠯ ᠤᠨ ᠣᠯᠠᠨ ᠣᠪᠣᠭ᠂ ᠠᠶᠢᠮᠠᠭ ᠠᠴᠠ ᠪᠦᠷᠢᠳᠦᠭᠰᠡᠨ ᠨᠡᠭᠳᠡᠬᠦᠨ ᠦ ᠶᠡᠷᠦᠩᠬᠡᠢ ᠨᠡᠷ᠎ᠡ ᠪᠣᠯᠵᠤ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ