ᠪᠤᠷᠢᠶᠠᠳ ᠠᠶᠠᠯᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠤᠷᠢᠶᠠᠳ ᠠᠶᠠᠯᠭᠤ
ᠮᠣᠩᠭᠣᠯ ᠬᠡᠯᠡᠨ ᠦ ᠤᠮᠠᠷᠠᠳᠤ ᠠᠶᠠᠯᠭᠤ
ᠡᠵᠡᠮᠨᠡᠭᠴᠢ300,000 ᠬᠦᠮᠦᠨ (ᠪᠠᠭᠴᠠᠭ᠎ᠠ)
ᠬᠡᠯᠡᠲᠡᠨᠪᠤᠷᠢᠶᠠᠳ ᠶᠠᠰᠤᠲᠠᠨᠪᠠᠷᠭᠤ ᠶᠠᠰᠤᠲᠠᠨ
ᠲᠥᠷᠥᠯ ᠵᠦᠢ
ᠣᠨᠴᠠᠯᠠᠬᠤ ᠠᠶᠠᠯᠭᠤ
ᠲᠥᠯᠥᠭᠡᠯᠡᠬᠦ ᠤᠮᠠᠷᠠᠳᠤ ᠠᠶᠠᠯᠭᠤ:
1. ᠪᠠᠶᠢᠭᠠᠯ ᠤᠨ ᠥᠪᠥᠷ ᠦᠨ
ᠪᠤᠷᠢᠶᠠᠳ ᠤᠨ ᠠᠶᠠᠯᠭᠤ
2. ᠪᠠᠶᠢᠭᠠᠯ ᠤᠨ ᠠᠷᠤ ᠶᠢᠨ
ᠪᠤᠷᠢᠶᠠᠳ ᠤᠨ ᠠᠶᠠᠯᠭᠤ
ᠲᠥᠪ ᠤᠮᠠᠷᠠᠳᠤ ᠶᠢᠨ ᠵᠠᠪᠰᠠᠷ ᠤᠨ ᠠᠶᠠᠯᠭᠤ:
3. ᠪᠠᠷᠭᠤ ᠶᠢᠨ ᠠᠶᠠᠯᠭᠤ
4. ᠰᠡᠯᠡᠩᠭᠡ ᠶᠢᠨ ᠠᠶᠠᠯᠭᠤ
ᠪᠢᠴᠢᠭ ᠦᠰᠦᠭ1. ᠪᠤᠷᠢᠶᠠᠳ ᠺᠢᠷᠢᠯ ᠦᠰᠦᠭ (1939–ᠥᠨᠥ)
2. ᠪᠤᠷᠢᠶᠠᠳ ᠯᠠᠲ᠋ᠢᠨ ᠦᠰᠦᠭ (1931–1939)
3. ᠮᠣᠩᠭᠣᠯ ᠺᠢᠷᠢᠯ ᠦᠰᠦᠭ (1941–ᠥᠨᠥ)
4. ᠸᠠᠭᠢᠨᠳᠠᠷ᠎ᠠ ᠶᠢᠨ ᠦᠰᠦᠭ (1905-1910)
5. ᠬᠤᠳᠤᠮ ᠮᠣᠩᠭᠣᠯ ᠦᠰᠦᠭ (1204–ᠥᠨᠥ)
ᠠᠯᠪᠠᠨ ᠶᠣᠰᠣᠭᠠᠷ ᠬᠡᠷᠡᠭᠯᠡᠳᠡᠭ ᠭᠠᠵᠠᠷ ᠣᠷᠣᠨ
ᠦᠨᠳᠦᠰᠦᠨ ᠨᠢᠭᠡ«ᠮᠣᠩᠭᠣᠯ» → ᠮᠣᠩᠭᠣᠯ ᠮᠣᠩᠭᠣᠯ (ᠮᠣᠩᠭᠣᠯ ᠤᠯᠤᠰ)
ᠬᠣᠶᠠᠷ ᠤᠨ ᠨᠢᠭᠡ«ᠪᠤᠷᠢᠶᠠᠳ» → ᠪᠦᠭᠦᠳᠡ ᠨᠠᠶᠢᠷᠠᠮᠳᠠᠬᠤ ᠪᠤᠷᠢᠶᠠᠳ ᠤᠯᠤᠰ ᠪᠤᠷᠢᠶᠠᠳ ( ᠪᠦᠭᠦᠳᠡ ᠨᠠᠶᠢᠷᠠᠮᠳᠠᠬᠤ ᠪᠤᠷᠢᠶᠠᠳ ᠤᠯᠤᠰ)
«ᠮᠣᠩᠭᠣᠯ» → ᠥᠪᠥᠷ ᠮᠣᠩᠭᠣᠯ (ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ)
ᠲᠣᠬᠢᠷᠠᠭᠤᠯᠤᠭᠴᠢᠮᠣᠩᠭᠣᠯ ᠬᠡᠯᠡ ᠥᠭᠦᠯᠡᠯ ᠦᠨ ᠬᠡᠰᠡᠭ ᠢ ᠦᠵᠡᠬᠦ
ᠣᠯᠠᠨ ᠤᠯᠤᠰ ᠤᠨ ᠲᠣᠮᠢᠶᠠᠯᠠᠪᠤᠷᠢ  (ᠠᠩᠭᠯ᠃)
ISO 639-2bua
ISO 639-3bua – inclusive code
Individual codes:
bxu – China Buriat
bxm – Mongolia Buriat
bxr – Russia Buriat

ᠵᠥᠪᠯᠡᠯᠲᠦ ᠣᠷᠣᠰ ᠲᠤ 1958 ᠤᠨ ᠬᠦᠷᠲᠡᠯ᠎ᠡ ᠣᠷᠣᠰ ᠢᠶᠠᠷ бурят-монгольский язык (ᠪᠤᠷᠢᠲ ᠮᠣᠩᠭᠣᠯᠢᠰᠺ ᠦᠨ ᠢᠵᠤᠺ)ᠪᠤᠷᠢᠶᠠᠳ ᠺᠢᠷᠢᠯ ᠢᠶᠡᠷ буряад-монгол хэлэн(ᠪᠤᠷᠢᠶᠠᠳ ᠮᠣᠩᠭᠣᠯ ᠬᠡᠯᠡᠨ),[1] 1958 ᠤᠨ ᠠᠴᠠ ᠬᠣᠶᠢᠰᠢ[2] ᠣᠷᠣᠰ ᠢᠶᠠᠷ бурят-монгольский язык (ᠪᠤᠷᠢᠶᠠᠲ᠋ᠰᠺ ᠦᠨ ᠢᠵᠤᠺ)ᠪᠤᠷᠢᠶᠠᠳ ᠺᠢᠷᠢᠯ ᠢᠶᠡᠷ буряад- хэлэн (ᠪᠤᠷᠢᠶᠠᠳ ᠬᠡᠯᠡ)[1] ᠮᠣᠩᠭᠣᠯ ᠳᠤ 1959 ᠤᠨ ᠠᠴᠠ ᠬᠣᠶᠢᠰᠢ ᠮᠣᠩᠭᠣᠯ ᠬᠡᠯᠡᠵᠢ ᠤᠮᠠᠷᠠᠳᠤ ᠠᠶᠠᠯᠭᠤ[3] ᠭᠡᠵᠦ ᠪᠤᠢ ᠲᠤᠰᠠᠭᠠᠷ ᠨᠢᠭᠡᠨ ᠬᠡᠯᠡ ᠴᠤ ᠶᠤᠮ ᠰᠢᠭ᠂ ᠭᠡᠪᠡᠴᠦ ᠬᠠᠷᠢᠯᠴᠠᠬᠤ ᠣᠷᠴᠢᠨ ᠪᠤᠯᠢᠶᠠᠭᠳᠠᠭᠰᠠᠨ᠂ ᠡᠮᠦᠨᠡᠬᠢ ᠪᠢᠴᠢᠭ ᠡᠴᠡ ᠬᠣᠯᠠᠳᠠᠭᠰᠠᠨ ᠳᠦᠷᠢᠮ ᠲᠡᠢ᠂ ᠨᠥᠭᠥᠭᠡ ᠲᠠᠯ᠎ᠠ ᠠᠴᠠ ᠲᠣᠳᠣᠷᠬᠠᠢ ᠬᠡᠯᠡᠨ ᠦ ᠵᠠᠬ᠎ᠠ ᠶᠢᠨ ᠠᠶᠠᠯᠭᠤ ᠴᠤ ᠶᠤᠮ ᠰᠢᠭ᠋᠂ ᠲᠡᠭᠦᠨ ᠢᠶᠡᠨ ᠳᠠᠭᠠᠭᠠᠳ ᠲᠥᠪ ᠠᠶᠠᠯᠭᠤᠨ ᠤ ᠪᠢᠴᠢᠭ ᠢ ᠪᠠᠷᠢᠳᠠᠭ᠂ ᠶᠠᠮᠠᠷ ᠲᠤ ᠪᠠᠨ ᠴᠤ ᠠᠯᠲᠠᠢ ᠢᠵᠠᠭᠤᠷ ᠤᠨ ᠬᠡᠯᠡᠨ ᠦ ᠮᠣᠩᠭᠣᠯ ᠪᠦᠯᠦᠭ ᠲᠦ ᠬᠠᠮᠢᠶᠠᠷᠤᠭᠳᠠᠳᠠᠭ᠂ ᠪᠤᠷᠢᠶᠠᠳ ᠪᠣᠯᠤᠨ ᠪᠠᠷᠭᠤ ᠠᠷᠠᠳ ᠤᠨ ᠬᠡᠯᠡ  ᠶᠠᠷᠢᠶ᠎ᠠᠶᠢ ᠮᠣᠩᠭᠣᠯ ᠢᠶᠠᠷ ᠪᠤᠷᠢᠶᠠᠳ ᠠᠶᠠᠯᠭᠤ ᠭᠡᠵᠦ ᠬᠡᠯᠡᠨ᠎ᠡ᠃

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠤᠨ ᠤ ᠪᠠᠶᠢᠳᠠᠯ ᠢᠶᠠᠷ ᠣᠷᠣᠰ ᠤᠯᠤᠰ ᠲᠤ 461,389,[4] ᠮᠣᠩᠭᠣᠯ ᠤᠯᠤᠰ ᠲᠤ 45,087[5] ᠪᠤᠷᠢᠶᠠᠳ ᠬᠦᠮᠦᠨ ᠠᠵᠤ ᠲᠥᠷᠥᠨ ᠰᠠᠭᠤᠵᠤ ᠪᠠᠶᠢᠨ᠎ᠠ᠃ ᠳᠤᠮᠳᠠᠳᠤ ᠤᠯᠤᠰ ᠲᠤ 10,000 ᠣᠷᠴᠢᠮ ᠪᠤᠷᠢᠶᠠᠳ᠂ 30,000 ᠪᠠᠷᠭᠤ ᠪᠤᠢ ᠭᠡᠵᠦ ᠦᠵᠡᠳᠡᠭ ᠢ ᠨᠡᠮᠡᠪᠡᠯ ᠪᠦᠭᠦᠳᠡ 550,000 ᠭᠠᠷᠤᠢ ᠪᠤᠷᠢᠶᠠᠳ ᠠᠶᠠᠯᠭᠤᠲᠠᠨ ᠪᠠᠶᠢᠨ᠎ᠠ᠃

ᠣᠷᠣᠰ ᠲᠤ ᠣᠷᠣᠰ ᠲᠤ ᠢᠯᠡᠭᠦᠦ ᠣᠯᠠᠨ ᠲᠣᠭ᠎ᠠ ᠲᠠᠢ ᠪᠠᠶᠢᠭᠰᠠᠭᠠᠷ ᠣᠯᠠᠨ ᠵᠢᠯ ᠢ ᠦᠳᠡᠭᠰᠡᠨ ᠪᠣᠯᠬᠣᠷ ᠪᠤᠷᠢᠶᠠᠳ ᠤᠳ ᠬᠣᠣᠰ ᠬᠡᠯᠡ ᠲᠡᠢ᠂ ᠲᠡᠭᠡᠬᠦ ᠳᠦ ᠪᠡᠨ ᠣᠷᠣᠰ ᠬᠡᠯᠡᠵᠢ ᠪᠦᠭᠦᠳᠡ ᠮᠡᠳᠡᠬᠦ ᠮᠥᠷᠲᠡᠯ᠎ᠡ ᠪᠤᠷᠢᠶᠠᠳ ᠮᠣᠩᠭᠣᠯ ᠢᠶᠠᠨ ᠭᠡᠭᠡᠭᠰᠡᠨ ᠵᠠᠷᠢᠮ ᠨᠢ ᠶᠡᠬᠡ ᠪᠣᠯᠵᠠᠢ᠃ ᠪᠤᠷᠢᠶᠠᠳ ᠣᠷᠣᠨ (ᠪᠦᠭᠦᠳᠡ ᠨᠠᠶᠢᠷᠠᠮᠳᠠᠬᠤ ᠪᠤᠷᠢᠶᠠᠳ ᠤᠯᠤᠰ) ᠍ ᠳᠦ 1992 ᠤᠨ ᠠᠴᠠ ᠬᠣᠶᠢᠰᠢ ᠣᠷᠣᠰ ᠬᠡᠯᠡᠨ ᠦ ᠬᠠᠮᠲᠤ ᠪᠠᠷ ᠪᠤᠷᠢᠶᠠᠳ ᠮᠣᠩᠭᠣᠯ ᠢ (ᠣᠷᠣᠰ ᠢᠶᠠᠷ ᠪᠤᠷᠢᠶᠠᠲ᠋ᠰᠺ ᠤᠨ ᠢᠵᠤᠺ) ᠠᠯᠪᠠᠨ ᠶᠣᠰᠣᠨ ᠤ ᠬᠡᠯᠡ ᠪᠣᠯᠭᠠᠭᠰᠠᠨ᠃ ᠰᠣᠨᠢᠷᠬᠠᠯ ᠳᠡᠭᠡᠭᠰᠢᠯᠡᠵᠦ ᠪᠤᠢ ᠴᠤ ᠬᠡᠷᠡᠭᠯᠡᠭᠡ ᠦᠭᠡᠢ ᠰᠡᠬᠡᠭᠡ ᠦᠭᠡᠢ ᠯᠠ ᠪᠠᠶᠢᠨ᠎ᠠ᠃ 2010 ᠤᠨ ᠳᠤ 218,557 ᠬᠦᠮᠦᠨ "ᠪᠤᠷᠢᠶᠠᠲ᠋ᠰᠺ ᠤᠨ ᠢᠵᠤᠺ" (ᠮᠣᠩᠭᠣᠯ ᠬᠡᠯᠡᠨ ᠦ ᠪᠤᠷᠢᠶᠠᠳ ᠠᠶᠠᠯᠭᠤ) ᠮᠡᠳᠡᠨ᠎ᠡ ᠭᠡᠰᠡᠨ ᠨᠢ ᠣᠷᠣᠰ ᠤᠨ ᠪᠤᠷᠢᠶᠠᠳ 47.4% ᠪᠣᠯᠤᠨ᠎ᠠ᠃[6] ᠭᠡᠪᠡᠴᠦ 2000 ᠤᠨ ᠤ ᠰᠤᠳᠤᠯᠭᠠᠨ ᠠᠴᠠ ᠬᠠᠷᠠᠪᠠᠯ ᠡᠨᠡ ᠲᠣᠭ᠎ᠠ ᠨᠠᠰᠤᠨ ᠠᠴᠠ ᠬᠠᠮᠢᠶᠠᠷᠤᠭᠠᠳ 3%–32% ᠤᠷᠤᠭᠤ ᠪᠠᠭᠤᠨ᠎ᠠ᠃[7]

ᠮᠣᠩᠭᠣᠯ ᠤᠯᠤᠰ ᠲᠤ ᠮᠣᠩᠭᠣᠯ ᠬᠡᠯᠡᠲᠡᠨ ᠲᠥᠪ ᠠᠶᠠᠯᠭᠤᠨ ᠳᠤ ᠪᠠᠨ ᠪᠠᠲᠤ ᠵᠠᠩᠭᠢᠳᠤᠭ᠎ᠠ ᠲᠠᠢ ᠤᠴᠢᠷ ᠪᠢᠴᠢᠭ ᠦᠨ ᠠᠯᠪᠠᠨ ᠳᠦᠷᠢᠮ  ᠦᠭᠡᠢ ᠪᠤᠷᠢᠶᠠᠳ ᠠᠶᠠᠯᠭᠤ ᠪᠠᠷ ᠶᠠᠷᠢᠬᠤ ᠭᠡᠵᠦ ᠵᠣᠷᠢᠭᠤᠳᠠ ᠵᠢᠳᠬᠦᠬᠦ ᠨᠢ ᠬᠣᠪᠣᠷ ᠠᠵᠢ᠃

ᠳᠤᠮᠳᠠᠳᠤ ᠤᠯᠤᠰ ᠤᠨ ᠥᠪᠥᠷ ᠮᠣᠩᠭᠣᠯ ᠣᠷᠣᠨ ᠤ ᠬᠥᠯᠦᠨ ᠪᠤᠶᠢᠷ ᠠᠶᠢᠮᠠᠭ ᠤᠨ ᠡᠸ᠋ᠨᠭᠬᠢ ᠬᠣᠰᠢᠭᠤᠵᠢᠨ ᠰᠢᠨᠡᠬᠡᠨ (ᠪᠤᠷᠢᠶᠠᠳ ᠺᠢᠷᠢᠯ ᠢᠶᠡᠷ ᠰᠢᠨᠡᠬᠡᠨ) ᠨᠡᠷ᠎ᠡ ᠲᠡᠢ ᠪᠠᠷᠠᠭᠤᠨ᠂ ᠵᠡᠭᠦᠨ ᠬᠣᠶᠠᠷ ᠰᠤᠮᠤᠨ ᠳᠤ ᠪᠤᠷᠢᠶᠠᠳ ᠤᠳ᠂ ᠰᠢᠨ᠎ᠡ ᠬᠠᠭᠤᠴᠢᠨ ᠪᠠᠷᠭᠤ ᠭᠡᠰᠡᠨ ᠳᠥᠷᠪᠡᠨ ᠬᠣᠰᠢᠭᠤᠨ ᠳᠤ ᠪᠠᠷᠭᠤᠴᠤᠳ ᠣᠷᠣᠰᠢᠨ ᠰᠠᠭᠤᠳᠠᠭ᠃ ᠲᠡᠳᠡ ᠬᠢᠲᠠᠳ ᠬᠦᠮᠦᠨ ᠬᠠᠷᠢᠴᠠᠩᠭᠤᠢ ᠴᠥᠭᠡᠨ ᠭᠠᠵᠠᠷ ᠲᠤ ᠮᠠᠯ ᠠᠵᠤ ᠠᠬᠤᠢ ᠲᠠᠢ ᠪᠠᠨ ᠪᠠᠶᠢᠭ᠎ᠠ ᠪᠣᠯᠬᠣᠷ ᠬᠡᠯᠡ ᠠᠶᠠᠯᠭᠤ  ᠪᠠᠨ ᠰᠠᠶᠢᠨ ᠡᠵᠡᠮᠰᠢᠵᠦ᠂ ᠬᠤᠳᠤᠮ ᠮᠣᠩᠭᠣᠯ ᠦᠰᠦᠭ ᠢᠶᠡᠷ ᠪᠢᠴᠢᠵᠦ ᠲᠥᠪ ᠠᠶᠠᠯᠭᠤ ᠤᠷᠤᠭᠤ ᠤᠢ᠋ᠷᠠᠳᠤᠳᠠᠭ᠃

ᠠᠶᠠᠯᠭᠤ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠥᠪᠯᠡᠯᠲᠦᠣᠷᠣᠰᠪᠤᠷᠢᠶᠠᠳ ᠤᠨ ᠡᠷᠳᠡᠮᠲᠡᠳ ᠠᠷᠠᠳ  ᠤᠨ ᠬᠡᠯᠡ ᠶᠢ ᠨᠠᠷᠢᠪᠴᠢᠯᠠᠨ ᠰᠤᠳᠤᠯᠵᠤ ᠣᠯᠠᠨ ᠵᠥᠷᠢᠭᠦᠲᠡᠢ ᠰᠠᠨᠠᠯ ᠳᠡᠪᠰᠢᠭᠦᠯᠦᠭᠰᠡᠨ ᠡᠴᠡ ᠳᠡᠯᠭᠡᠷᠡᠩᠭᠦᠢ ᠨᠢᠭᠡ ᠶᠢ (ᠥᠩᠭᠡ ᠪᠡᠷ ᠢᠯᠭᠠᠭᠰᠠᠨ) ᠠᠪᠴᠤ ᠮᠣᠩᠭᠣᠯ ᠤᠨ ᠡᠷᠳᠡᠮᠲᠡᠨ ᠰᠢᠳᠠᠪ ᠤᠨ ᠯᠤᠪᠰᠠᠩᠸᠠᠩᠳᠠᠨ ᠤ 1959 ᠤᠨ ᠤ ᠥᠷᠭᠡᠨ ᠠᠩᠬᠢᠯᠠᠯ ᠤᠨ (ᠰᠠᠷᠠᠯ ᠳᠡᠪᠢᠰᠬᠡᠷᠲᠦ) ᠬᠦᠷᠢᠶᠡᠨ ᠳᠦ ᠲᠠᠭᠠᠷᠠᠭᠤᠯᠤᠨ ᠬᠦᠰᠦᠨᠦᠭᠲᠦᠴᠢᠯᠡᠪᠡ᠃

ᠠᠶᠠᠯᠭᠤ ᠰᠠᠯᠪᠤᠷᠢ ᠠᠶᠠᠯᠭᠤ ᠠᠮᠠᠨ ᠠᠶᠠᠯᠭᠤ ᠰᠠᠭᠤᠭᠠᠯᠢ ᠨᠤᠲᠤᠭ
ᠤᠮᠠᠷᠠᠳᠤ ᠠᠶᠠᠯᠭᠤ ᠬᠣᠷᠢ ᠬᠣᠷᠢ ᠬᠣᠷᠢᠬᠴᠡᠩᠭᠡᠢᠷᠠᠭᠤ
ᠠᠭ ᠠᠭ
ᠮᠤᠬᠤᠷᠰᠢᠪᠡᠷ ᠮᠤᠬᠤᠷᠰᠢᠪᠡᠷᠪᠢᠴᠢᠭᠦᠷ
ᠢᠬᠢᠷᠡᠳ ᠢᠬᠢᠷᠡᠳ ᠢᠬᠢᠷᠡᠳ-ᠪᠤᠯᠭᠠᠳ᠂ ᠪᠠᠶᠠᠨᠳᠠᠢ
ᠺᠠᠴᠤᠭ ᠺᠠᠴᠤᠭ
ᠪᠠᠷᠭᠤᠵᠢᠨ ᠪᠠᠷᠭᠠᠵᠢᠨᠬᠤᠷᠮᠠᠬᠠᠭᠠᠨ
ᠪᠠᠶᠢᠭᠠᠯ-ᠬᠤᠳᠠᠷ ᠬᠠᠪᠠᠭᠠᠨ
ᠡᠪᠯᠢᠭ ᠡᠪᠯᠢᠭ
ᠬᠣᠩᠭᠣᠣᠳᠣᠷ ᠠᠯᠠᠶᠢᠷ ᠠᠯᠠᠶᠢᠷ᠂ ᠨᠥᠬᠥᠳ
ᠲᠦᠩᠬᠡᠨ-ᠠᠬ᠎ᠠ-ᠵᠠᠬᠠᠮᠢᠨ ᠲᠦᠩᠬᠡᠨᠠᠬ᠎ᠠᠵᠠᠬᠠᠮᠢᠨ
ᠪᠤᠯᠭᠠᠳ ᠪᠣᠭᠣᠬᠠᠨ ᠪᠣᠭᠣᠬᠠᠨ᠂ ᠣᠰᠤ
ᠲᠤᠤᠷᠠᠳᠤ-ᠦᠳᠡ ᠡᠷᠬᠦᠦ
ᠲᠥᠪ ᠤᠮᠠᠷᠠᠳᠤ ᠶᠢᠨ
ᠵᠠᠪᠰᠠᠷ ᠤᠨ ᠠᠶᠠᠯᠭᠤ
ᠴᠣᠩᠭᠣᠯ-ᠰᠠᠷᠲᠠᠭᠤᠯ ᠴᠣᠩᠭᠣᠯ ᠰᠡᠯᠡᠩᠭᠡᠬᠢᠶᠠᠭᠲᠤ
ᠰᠠᠷᠲᠠᠭᠤᠯ ᠵᠡᠳᠠ
ᠪᠠᠷᠭᠤ  ᠨᠠᠷᠢᠨ ᠰᠤᠳᠤᠯᠤᠭ᠎ᠠ ᠦᠭᠡᠢ ᠬᠥᠯᠦᠨ ᠪᠤᠶᠢᠷᠮᠣᠩᠭᠣᠯ

ᠦᠰᠦᠭ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠷᠢᠶᠠᠳ ᠤᠳ ᠠᠩᠬ᠎ᠠ ᠬᠤᠳᠤᠮ ᠮᠣᠩᠭᠣᠯ ᠪᠢᠴᠢᠭᠲᠡᠢ ᠪᠠᠶᠢᠪᠠ᠃ ᠳᠠᠷᠠᠭ᠎ᠠ ᠨᠢ ᠵᠥᠪᠯᠡᠯᠲᠦ ᠶᠢᠨ ᠬᠡᠯᠡᠨ ᠦ ᠪᠣᠳᠣᠯᠭ᠎ᠠ ᠪᠠᠷ ᠥᠭᠡᠷᠡᠴᠢᠯᠡᠭᠳᠡᠵᠦ ᠣᠷᠣᠰ ᠤᠨ ᠪᠤᠷᠢᠶᠠᠳ ᠤᠳ 1931-1939 ᠤᠨ ᠤ ᠬᠣᠭᠣᠷᠣᠨᠳᠣ ᠯᠠᠲ᠋ᠢᠨ ᠦᠰᠦᠭ ᠦᠨ ᠪᠢᠴᠢᠭ ᠲᠡᠢ ᠪᠣᠯᠵᠤ᠂ 1939 ᠤᠨ ᠠᠴᠠ ᠡᠬᠢᠯᠡᠨ ᠥᠨᠥ  ᠬᠦᠷᠲᠡᠯ᠎ᠡ ᠺᠢᠷᠢᠯ ᠦᠰᠦᠭ ᠢᠶᠡᠷ ᠪᠢᠴᠢᠵᠦ ᠪᠠᠶᠢᠨ᠎ᠠ᠃ ᠲᠡᠷᠡ ᠬᠦ ᠪᠤᠷᠢᠶᠠᠳ ᠺᠢᠷᠢᠯ ᠪᠢᠴᠢᠭ ᠦᠨ ᠳᠦᠷᠢᠮ ᠢ ᠭ᠃ ᠳ᠃ ᠰᠠᠩᠵᠠᠢᠢᠶ᠋ᠧᠸ᠂ ᠴ᠃ ᠪ᠃ ᠴᠧᠳᠡᠨᠳᠠᠮᠪᠠᠶ᠋ᠸ ᠨᠠᠷ ᠤᠨ ᠡᠷᠳᠡᠮᠲᠡᠳ ᠵᠣᠬᠢᠶᠠᠵᠠᠢ᠃

1931-1939 ᠤᠨ ᠤ ᠬᠣᠭᠣᠷᠣᠨᠳᠣ ᠮᠥᠷᠳᠡᠭᠰᠡᠨ ᠯᠠᠲ᠋ᠢᠨ ᠴᠠᠭᠠᠨ ᠲᠣᠯᠣᠭᠠᠢ 27 ᠦᠰᠦᠭ ᠲᠡᠢ ᠪᠠᠶᠢᠪᠠ᠃

A a B b C c Ç ç D d E e F f G g
H h I i J j K k L l M m N n O o
Ө ө P p R r S s Ş ş T t U u V v
Y y Z z Ƶ ƶ

1939 ᠤᠨ ᠠᠴᠠ ᠥᠨᠥᠳᠥᠷ ᠴᠤ ᠬᠡᠷᠡᠭᠯᠡᠭᠰᠡᠭᠡᠷ ᠪᠤᠢ ᠺᠢᠷᠢᠯ ᠴᠠᠭᠠᠨ ᠲᠣᠯᠣᠭᠠᠢ 36 ᠦᠰᠦᠭ ᠲᠡᠢ᠃

А а Б б В в Г г Д д Е е Ё ё Ж ж
З з И и Й й К к Л л М м Н н О о
Ө ө П п Р р С с Т т У у Ү ү Ф ф
Х х Һ h Ц ц Ч ч Ш ш Щ щ Ъ ъ Ы ы
Ь ь Э э Ю ю Я я

ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1958 ᠤᠨ ᠠᠴᠠ ᠡᠮᠦᠨᠡᠬᠢ ᠤᠳᠬ᠎ᠠ ᠶᠢ ᠨᠢ ᠮᠣᠩᠭᠣᠯ ᠺᠢᠷᠢᠯ ᠢᠶᠡᠷ ᠪᠢᠴᠢᠪᠡᠯ ᠪᠤᠷᠢᠶᠠᠳ ᠮᠣᠩᠭᠣᠯ ᠬᠡᠯᠡ ᠭᠡᠨ᠎ᠡ᠃ 1958 ᠤᠨ ᠠᠴᠠ ᠬᠣᠶᠢᠰᠢᠬᠢ ᠶᠢ ᠨᠢ ᠺᠢᠷᠢᠯ ᠮᠣᠩᠭᠣᠯ ᠢᠶᠠᠷ ᠪᠢᠴᠢᠪᠡᠯ Буриад хэл ( ᠪᠤᠷᠢᠶᠠᠳ ᠬᠡᠯᠡ) ᠭᠡᠨ᠎ᠡ᠃ ᠳᠡᠯᠡᠬᠡᠶᠢᠴᠢᠯᠡᠯ᠂ ᠬᠣᠲᠠᠵᠢᠯᠲᠠ ᠲᠠᠢ ᠵᠠᠮ ᠨᠡᠶᠢᠯᠡᠭᠰᠡᠨ ᠣᠷᠣᠰᠴᠢᠯᠠᠯ ᠢ ᠡᠰᠡᠨ ᠮᠡᠨᠳᠦ ᠭᠡᠲᠦᠯᠦᠨ ᠶᠣᠰᠣ ᠤᠯᠠᠮᠵᠢᠯᠠᠯ ᠢᠶᠠᠨ ᠠᠪᠴᠤ ᠦᠯᠡᠳᠡᠬᠦ ᠳᠦ ᠬᠡᠷᠡᠭ ᠪᠣᠯᠤᠨ᠎ᠠ ᠭᠡᠳᠡᠭ ᠡᠭᠦᠳᠡᠨ ᠡᠴᠡ ᠴᠤ ᠲᠡᠷᠡ ᠦᠦ ᠣᠳᠣ ᠴᠠᠭ ᠲᠤ ᠴᠤ ᠭᠡᠰᠡᠨ ᠬᠥᠭᠰᠢᠨ ᠵᠠᠯᠠᠭᠤ ᠪᠦᠬᠦᠨ ᠴᠢᠭᠢ ᠢᠯᠭᠠᠭ᠎ᠠ ᠦᠭᠡᠢ ᠮᠣᠩᠭᠣᠯᠤᠷᠬᠠᠬ ᠦᠵᠡᠯ ᠲᠡᠢ ᠪᠤᠷᠢᠶᠠᠳ ᠬᠦᠮᠦᠰ ᠥᠪᠡᠷ ᠢ ᠪᠡᠨ ᠪᠤᠷᠢᠶᠠᠳ ᠮᠣᠩᠭᠣᠯ᠂ ᠬᠡᠯᠡ ᠪᠡᠨ ᠪᠤᠷᠢᠶᠠᠳ ᠮᠣᠩᠭᠣᠯ ᠬᠡᠯᠡᠨ ᠭᠡᠵᠦ ᠶᠠᠷᠢᠵᠤ ᠪᠢᠴᠢᠭᠰᠡᠭᠡᠷ ᠪᠠᠶᠢᠭ᠎ᠠ᠃
  2. 1958 ᠤᠨ ᠤ 7 ᠰᠠᠷ᠎ᠠ ᠶᠢᠨ 7 ᠍ ᠤ ᠵᠥᠪᠯᠡᠯᠲᠦ ᠬᠣᠯᠪᠣᠭᠠᠲᠤ ᠤᠯᠤᠰ ᠤᠨ ᠳᠡᠭᠡᠳᠦ ᠵᠥᠪᠯᠡᠯ ᠦᠨ ᠲᠡᠷᠢᠭᠦᠯᠡᠭᠴᠢᠳ ᠦᠨ ᠵᠠᠷᠯᠢᠭ ᠢᠶᠠᠷ ᠣᠷᠣᠨ᠂ ᠠᠷᠠᠳ ᠲᠦᠮᠡᠨ᠂ ᠬᠡᠯᠡ ᠭᠡᠬᠦ ᠮᠡᠲᠦ ᠪᠤᠷᠢᠶᠠᠳ ᠲᠠᠢ ᠬᠣᠯᠪᠣᠭᠳᠠᠬᠤ ᠪᠦᠬᠦ ᠨᠡᠷᠡᠰ ᠡᠴᠡ ᠮᠣᠩᠭᠣᠯ ᠭᠡᠰᠡᠨ ᠦᠭᠡ ᠶᠢ ᠬᠠᠰᠤᠵᠤ ᠤᠯᠤᠰ ᠳᠠᠶᠠᠭᠠᠷ ᠢᠶᠠᠨ ᠵᠦᠭᠡᠷ ᠯᠠ ᠪᠤᠷᠢᠲ᠂ ᠪᠤᠷᠢᠶᠠᠳ ᠭᠡᠳᠡᠭ ᠪᠣᠯᠤᠭᠰᠠᠨ᠃
  3. ᠱ᠂ ᠯᠤᠪᠰᠠᠩᠸᠠᠩᠳᠠᠨ᠃ "ᠮᠣᠩᠭᠣᠯ ᠬᠡᠯᠡ ᠠᠶᠠᠯᠭᠤᠨ ᠤ ᠤᠴᠢᠷ"
  4. ᠣᠹᠢᠼᠢᠠᠯᠩ ᠤᠢ ᠰᠠᠶᠢᠲᠤ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠣᠳᠠ᠃ ᠢᠨᠹᠷᠮᠠᠼᠢᠤᠨ ᠤᠧ ᠮᠠᠲ᠋ᠧᠷᠢᠠᠯ ᠤ ᠣᠪ ᠣᠺᠣᠨᠴᠠᠲ᠋ᠧᠯᠨ ᠤ ᠬᠢ ᠢᠲ᠋ᠣᠠᠬᠤ ᠸᠰᠧᠷᠣᠰᠢᠰᠺᠣᠢ ᠫᠧᠷᠧᠫᠢᠰᠢ ᠨᠠᠰᠧᠯᠧᠨᠢᠶ᠎ᠠ 2010 ᠭᠣᠳᠠ
  5. ᠮᠣᠩᠭᠣᠯ ᠤᠯᠤᠰ ᠤᠨ 2010 ᠤᠨ ᠤ ᠬᠦᠮᠦᠨ ᠠᠮᠠ ᠶᠢᠨ ᠲᠣᠭᠠᠯᠠᠯᠭ᠎ᠠ
  6. ᠫᠧᠷᠧᠫᠢᠰᠢ-2010.НАСЕЛЕНИЕ РОССИЙСКОЙ ФЕДЕРАЦИИ ᠫᠣᠯᠢᠺᠠᠷᠫᠣᠪ ВЛАДЕНИЮ ЯЗЫКАМИ
  7. ᠸ᠂ ᠢ᠂ ᠵᠠᠲ᠋ᠧᠸ᠂ ᠨ᠂ᠰ᠂ ᠪᠠᠪᠤᠱᠺᠢᠨᠠ᠃ [ᠳᠪᠤᠶᠠᠰᠤᠴᠢᠶ᠎ᠡ ᠸ ᠰᠣᠸᠷᠧᠮᠧᠨᠨᠣᠢ ᠪᠤᠷᠢᠶᠠᠲ᠋ᠢ (ᠥᠨᠥ ᠶᠢᠨ ᠬᠣᠣᠰ ᠬᠡᠯᠡ ᠳᠦ ᠪᠤᠷᠢᠶᠠᠳ ᠣᠷᠣᠨ)2000. ᠍ ᠳᠦ ᠦᠭᠦᠯᠡᠭᠰᠡᠨ ᠢᠶᠡᠷ ᠴᠡᠴᠡᠷᠯᠢᠭ ᠦᠨ ᠨᠠᠰᠤᠨ ᠤ ᠬᠥᠳᠡᠭᠡ ᠵᠢᠨ  ᠪᠤᠷᠢᠶᠠᠳ ᠬᠡᠦᠬᠡᠳ ᠦᠨ 32.1% ᠨᠢ ᠪᠤᠷᠢᠶᠠᠳ ᠢᠶᠠᠷ᠂ ᠬᠣᠲᠠ ᠶᠢᠨ ᠪᠤᠷᠢᠶᠠᠳ ᠬᠡᠦᠬᠡᠳ ᠦᠨ 14.4% ᠨᠢ ᠪᠤᠷᠢᠶᠠᠳ ᠢᠶᠠᠷ ᠬᠡᠯᠡᠯᠴᠡᠳᠡᠭ᠂ ᠰᠤᠷᠭᠠᠭᠤᠯᠢ ᠠᠬᠢᠬᠤ ᠲᠤᠰᠤᠮ ᠢᠶᠠᠨ ᠪᠠᠭᠤᠷᠠᠭᠰᠠᠭᠠᠷ ᠶᠡᠬᠡ ᠳᠡᠭᠡᠳᠦ ᠰᠤᠷᠭᠠᠭᠤᠯᠢ᠂ ᠲᠧᠭᠨᠢᠭᠺᠦ᠋ᠮ ᠳᠦ ᠬᠥᠳᠡᠭᠡ ᠵᠢᠨ  10.7%, ᠬᠣᠳᠠ ᠳᠤ 3.1% ᠨᠢ ᠪᠤᠷᠢᠶᠠᠳ ᠢᠶᠠᠷ᠂ ᠦᠯᠡᠳᠡᠭᠰᠡᠨ ᠨᠢ ᠣᠷᠣᠰ ᠢᠶᠠᠷ ᠬᠡᠯᠡᠯᠴᠡᠳᠡᠭ ᠪᠣᠯᠳᠠᠭ ᠪᠠᠶᠢᠨ᠎ᠠ᠃

ᠪᠢᠴᠢᠭᠡᠰᠦ