ᠪᠤᠶᠢᠷ ᠨᠠᠭᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠤᠶᠢᠷ ᠨᠠᠭᠤᠷ
Landsat-7 ᠬᠢᠮᠡᠯ ᠳᠠᠭᠠᠭᠤᠯᠢ ᠠᠴᠠ ᠠᠪᠤᠭᠰᠠᠨ ᠵᠢᠷᠤᠭ᠃ 2005 ᠣᠨ ᠤ 8 ᠰᠠᠷ᠎ᠠ᠃
ᠪᠠᠶᠢᠷᠢᠰᠢᠯ ᠬᠠᠯᠬᠠᠭᠠᠯ ᠰᠤᠮᠤᠳᠣᠷᠣᠨᠠᠲᠤ ᠠᠶᠢᠮᠠᠭᠮᠣᠩᠭᠣᠯ ᠤᠯᠤᠰ
ᠬᠥᠯᠦᠨ ᠪᠤᠶᠢᠷᠥᠪᠥᠷ ᠮᠣᠩᠭᠣᠯᠬᠢᠲᠠᠳ
ᠰᠣᠯᠪᠢᠴᠠᠯ 47°51′47″N 117°51′29″E / 表达式错误:未预料的<操作符 表达式错误:未预料的<操作符 / 表达式错误:未预料的<操作符; 表达式错误:未预料的<操作符ᠰᠣᠯᠪᠢᠴᠠᠯ: 47°51′47″N 117°51′29″E / 表达式错误:未预料的<操作符 表达式错误:未预料的<操作符 / 表达式错误:未预料的<操作符; 表达式错误:未预料的<操作符
ᠨᠠᠭᠤᠷ ᠲᠤ ᠴᠢᠳᠭᠤᠬᠤ ᠬᠠᠯᠬ᠎ᠠ ᠭᠣᠣᠯ
ᠨᠠᠭᠤᠷ ᠠᠴᠠ ᠭᠠᠷᠬᠤ ᠣᠷᠣᠰᠢᠭᠤᠨ ᠭᠣᠣᠯ (ᠬᠥᠯᠥᠨ ᠨᠠᠭᠤᠷ ᠷᠤ ᠴᠢᠳᠬᠤᠨ᠎ᠠ)
ᠠᠢ ᠰᠠᠪᠠ ᠳᠤ ᠪᠠᠭᠲᠠᠳᠠᠭ ᠣᠷᠣᠨ ᠮᠣᠩᠭᠣᠯ ᠮᠣᠩᠭᠣᠯ,
ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠤᠮᠳᠠᠳᠤ ᠤᠯᠤᠰ
ᠤᠷᠲᠤ 40 km
ᠥᠷᠭᠡᠨ 20 km
ᠲᠠᠯᠠᠪᠠᠢ 610 км²
ᠳᠤᠮᠳᠠᠴᠢ ᠭᠦᠨ 6.5 ᠮ
ᠬᠠᠮᠤᠭ ᠤᠨ ᠭᠦᠨ ᠴᠡᠭ 11 ᠮ
ᠤᠰᠤᠨ ᠤ ᠬᠡᠮᠵᠢᠶ᠎ᠡ 3.8 ᠺᠮ³
ᠬᠥᠪᠡᠭᠡᠨ ᠦ ᠲᠦᠪᠰᠢᠨ 583 ᠮ
ᠬᠥᠯᠳᠡᠬᠦ ᠬᠤᠭᠤᠴᠠᠭ᠎ᠠ 11 ᠰᠠᠷ᠎ᠠ - 5 ᠰᠠᠷ᠎ᠠ
ᠪᠤᠶᠢᠷ ᠨᠠᠭᠤᠷ is located in ᠮᠣᠩᠭᠣᠯ
ᠪᠤᠶᠢᠷ ᠨᠠᠭᠤᠷ
ᠪᠠᠶᠢᠷᠢᠰᠢᠯ

ᠪᠤᠶᠢᠷ ᠨᠠᠭᠤᠷ ᠨᠢ ᠵᠡᠭᠦᠨ ᠮᠣᠩᠭᠣᠯ-ᠥᠪᠥᠷ ᠮᠣᠩᠭᠣᠯ ᠍ ᠤᠨ ᠵᠠᠭᠠᠭ ᠳᠡᠭᠡᠷ᠎ᠡ ᠤᠷᠤᠰᠢᠬᠤ ᠴᠡᠩᠭᠡᠭ ᠤᠰᠤᠲᠤ ᠨᠠᠭᠤᠷ᠃ ᠵᠡᠷᠭᠡᠯᠡᠳᠡᠭᠡ ᠤᠷᠤᠰᠢᠬᠤ ᠬᠥᠯᠥᠨ ᠪᠤᠶᠤ ᠳᠠᠯᠠᠢ ᠨᠠᠭᠤᠷ ᠲᠠᠢ ᠬᠠᠮᠲᠤ ᠬᠥᠯᠥᠨ-ᠪᠤᠶᠢᠷ ᠤᠨ ᠡᠺᠣᠯᠣᠭ ᠤᠨ ᠪᠥᠰᠡ ᠨᠤᠲᠤᠭ ᠲᠤ ᠬᠠᠮᠤᠷᠤᠭᠳᠠᠨ᠎ᠠ᠃ ᠲᠤᠰ ᠨᠠᠭᠤᠷ ᠢ 2004 ᠣᠨ ᠳᠤ ᠷᠠᠮᠰᠠᠷ ᠤᠨ ᠺᠣᠨᠸᠧᠨᠼᠢᠳᠡ ᠣᠯᠠᠨ ᠤᠯᠤᠰ ᠤᠨ ᠠᠴᠢ ᠬᠣᠯᠪᠣᠭᠳᠠᠯ ᠪᠦᠬᠦᠢ ᠤᠰᠤ ᠨᠠᠮᠤᠭᠠᠷᠬᠠᠭ ᠭᠠᠵᠠᠷ ᠤᠨ ᠵᠢᠭ᠌ᠰᠠᠭᠠᠯᠳᠠ ᠳᠤ ᠪᠦᠷᠢᠳᠬᠡᠵᠡᠢ᠃

ᠨᠠᠭᠤᠷ ᠤᠨ ᠡᠮᠦᠨᠡᠲᠦ ᠡᠷᠭᠢ ᠳᠦ ᠲᠦᠷᠢᠯᠲᠡ ᠳᠠᠪᠠᠯᠭ᠎ᠠ ᠪᠠᠷ ᠡᠭᠦᠰᠦᠭᠰᠡᠨ 3-5 ᠮᠧᠲ᠋ᠷ ᠥᠨᠳᠥᠷ ᠡᠯᠡᠰᠦᠨ ᠳᠠᠯᠠᠨ ᠦᠷᠭᠦᠯᠵᠢᠯᠡᠳᠡᠭ ᠪᠠ ᠵᠠᠪᠰᠠᠷ ᠲᠤ ᠨᠢ ᠵᠢᠵᠢᠭ ᠨᠠᠭᠤᠷ ᠲᠣᠭᠲᠠᠵᠤ ᠵᠠᠷᠢᠮ ᠨᠢ ᠦᠨᠳᠦᠰᠦᠨ ᠨᠢᠭᠤᠷᠲᠠᠢ ᠶᠢ ᠪᠠᠨ ᠬᠣᠯᠪᠣᠭᠳᠠᠨ᠎ᠠ᠃ ᠵᠡᠭᠦᠨ ᠪᠠ ᠬᠣᠶᠢᠳᠤ ᠡᠷᠭᠢ ᠳᠦ ᠥᠨᠳᠥᠷ ᠳᠡᠨᠵᠢ ᠪᠠᠶᠢᠷᠢᠯᠠᠬᠤ ᠪᠠ ᠲᠡᠷᠡ ᠬᠠᠪᠢ ᠳᠤ ᠬᠠᠯᠬ᠎ᠠ ᠭᠣᠣᠯ ᠴᠢᠳᠬᠤᠵᠤ ᠣᠷᠣᠰᠢᠭᠤᠨ ᠭᠣᠣᠯ ᠤᠷᠤᠰᠴᠤ ᠭᠠᠷᠳᠠᠭ ᠲᠤᠯᠠ ᠡᠷᠭᠢ ᠶᠢᠨ ᠳᠠᠭᠠᠤ ᠪᠤᠷᠭᠠᠰᠤ᠂ ᠨᠢᠰᠢᠩᠭᠦ ᠰᠢᠭᠢᠭᠦᠦ ᠤᠷᠭᠤᠨ᠎ᠠ᠃

ᠪᠤᠶᠢᠷ ᠨᠠᠭᠤᠷ ᠤᠨ ᠤᠰᠤᠨ ᠤ ᠲᠦᠪᠰᠢᠨ ᠵᠢᠯ ᠦᠨ ᠳᠣᠲᠣᠷᠠᠬᠢ ᠬᠡᠯᠪᠡᠯᠵᠡᠯ᠂ ᠤᠨᠠᠬᠤ ᠬᠤᠷ᠎ᠠ ᠲᠤᠨᠳᠠᠰᠤ ᠴᠢᠳᠬᠤᠯ ᠭᠣᠣᠯ ᠤᠨ ᠤᠷᠤᠰᠠᠴᠠ ᠠᠴᠠ ᠰᠢᠯᠲᠠᠭᠠᠯᠠᠨ᠎ᠠ᠃ ᠢᠯᠡᠭᠦᠳᠡᠯ ᠤᠰᠤ ᠪᠠᠨ ᠣᠷᠣᠰᠢᠭᠤᠨ ᠭᠣᠣᠯ ᠢᠶᠠᠷ ᠳᠠᠮᠵᠢᠭᠤᠯᠠᠨ ᠬᠥᠯᠥᠨ ᠨᠠᠭᠤᠷ ᠲᠤ ᠥᠭᠭᠦᠨ᠎ᠡ᠃ ᠨᠠᠭᠤᠷ ᠤᠨ ᠪᠠᠷᠠᠭᠤᠨ ᠡᠮᠦᠨᠡᠲᠦ ᠦᠵᠦᠭᠦᠷ ᠡᠴᠡ ᠬᠣᠯᠪᠣᠭ᠎ᠠ ᠭᠡᠳᠡᠭ ᠪᠢᠴᠢᠬᠠᠨ ᠭᠣᠷᠭᠢ ᠤᠷᠤᠰᠴᠤ ᠪᠠᠶᠠᠨ ᠨᠠᠭᠤᠷ ᠲᠤ ᠴᠢᠳᠬᠤᠳᠠᠭ ᠪᠠᠶᠢᠭᠰᠠᠨ ᠪᠣᠯᠪᠠᠴᠤ ᠣᠳᠣ ᠵᠥᠪᠬᠡᠨ ᠬᠤᠷ᠎ᠠ ᠲᠤᠨᠤᠳᠠᠰᠤ ᠡᠯᠪᠡᠭ ᠵᠢᠯ ᠳᠤ ᠯᠠ ᠤᠷᠤᠰᠠᠴᠠ ᠲᠠᠢ᠃

ᠪᠤᠶᠢᠷ ᠨᠠᠭᠤᠷ ᠮᠠᠰᠢ ᠴᠡᠩᠭᠡᠭ ᠤᠰᠤ ᠲᠠᠢ ᠨᠠᠭᠤᠷ ᠤᠨ ᠲᠣᠭᠠᠨ ᠳᠤ ᠣᠷᠣᠳᠠᠭ᠃ ᠨᠠᠭᠤᠷ ᠤᠨ ᠤᠰᠤᠨ ᠳᠤ ᠭᠢᠳ᠋ᠷᠣᠺᠠᠷᠪᠶᠣᠨᠠᠲ᠂ ᠾᠯᠣᠷᠢ ᠳᠤ᠂ ᠨᠠᠲᠷᠢ᠂ ᠺᠠᠯᠼ ᠵᠡᠷᠭᠡ ᠢᠶᠤᠨ ᠵᠣᠩᠬᠢᠯᠠᠬᠤ ᠲᠤᠯᠠ ᠭᠢᠳ᠋ᠷᠣᠺᠠᠷᠪᠶᠣᠨᠠᠲ ᠾᠯᠣᠷᠢᠳ ᠤᠨ ᠠᠩᠭᠢ ᠳᠤ ᠪᠠᠭᠠᠳᠤᠨ᠎ᠠ᠃[1]

ᠰᠣᠨᠢᠷᠬᠠᠯᠲᠠᠢ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ