ᠪᠤᠶᠠᠨ ᠰᠡᠴᠡᠨ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠤᠶᠠᠨ ᠰᠡᠴᠡᠨ ᠬᠠᠭᠠᠨ
ᠶᠡᠬᠡ ᠮᠣᠩᠭᠣᠯ ᠤᠯᠤᠰ ᠤᠨ ᠬᠠᠭᠠᠨ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠪᠤᠶᠠᠨ ᠰᠡᠴᠡᠨ ᠬᠠᠭᠠᠨ
ᠬᠠᠭᠠᠨᠴᠢᠯᠠᠯ 15931603
ᠪᠦᠲᠦᠨ ᠨᠡᠷ᠎ᠡ ᠪᠤᠶᠠᠨ ᠰᠡᠴᠡᠨ ᠬᠠᠭᠠᠨ
ᠪᠤᠰᠤᠳ ᠬᠡᠷᠭᠡᠮ ᠰᠡᠴᠡᠨ ᠬᠠᠭᠠᠨ
ᠡᠮᠦᠨᠡᠬᠢ ᠬᠠᠭᠠᠨ ᠲᠦᠮᠡᠨ ᠵᠠᠰᠠᠭᠲᠤ ᠬᠠᠭᠠᠨ
ᠤᠳᠠᠭᠠᠬᠢ ᠬᠠᠭᠠᠨ ᠯᠢᠭᠳᠡᠨ ᠬᠠᠭᠠᠨ
ᠬᠠᠭᠠᠨ ᠤ ᠣᠪᠤᠭ ᠪᠣᠷᠵᠢᠭᠢᠨ
ᠤᠯᠤᠰ ᠤᠨ ᠨᠡᠷ᠎ᠡ ᠤᠮᠠᠷᠠᠳᠤ ᠶᠤᠸᠠᠨ
ᠡᠴᠢᠭᠡ ᠲᠦᠮᠡᠨ ᠵᠠᠰᠠᠭᠲᠤ ᠬᠠᠭᠠᠨ

ᠲᠦᠮᠡᠨ ᠵᠠᠰᠠᠭᠲᠤ ᠬᠠᠭᠠᠨ  ᠤ ᠶᠡᠬᠡ ᠬᠥᠪᠡᠭᠦᠨ᠃ 1555 ᠤᠨ ᠤ ᠬᠥᠬᠡᠭᠴᠢᠨ ᠲᠠᠤᠯᠠᠢ ᠵᠢᠯ ᠳᠣᠣᠷ᠎ᠠ ᠲᠥᠷᠦᠵᠡᠢ᠃ ᠲᠡᠷᠡ 1593 ᠤᠨ ᠤ ᠬᠠᠷᠠᠭᠴᠢᠨ ᠮᠣᠭᠠᠢ ᠵᠢᠯ ᠬᠠᠭᠠᠨ ᠰᠢᠷᠡᠭᠡᠨ ᠳᠦ ᠰᠠᠭᠤᠵᠤ 1603 ᠤᠨ ᠤ ᠬᠠᠷᠠᠭᠴᠢᠨ ᠲᠠᠤᠯᠠᠢ ᠵᠢᠯ ᠳᠣᠣᠷ᠎ᠠ ᠨᠠᠰᠤᠨ ᠥᠭᠡᠳᠡ ᠪᠣᠯᠵᠠᠢ᠃

ᠪᠣᠶᠠᠨ ᠰᠡᠴᠡᠨ ᠬᠠᠭᠠᠨ ᠤ ᠦᠶ᠎ᠡ ᠳᠦ ᠮᠣᠩᠭᠣᠯ ᠤᠨ ᠬᠠᠭᠠᠳ ᠤᠨ ᠡᠷᠭᠡ ᠰᠦᠷ ᠠᠰᠣᠷᠣ ᠶᠡᠭᠡ ᠰᠣᠯᠠᠷᠠᠨ ᠲᠣᠷᠣᠶᠢᠳᠠᠭᠰᠠᠨ ᠪᠠᠶᠢᠨ᠎ᠠ᠃ ᠮᠣᠩᠭᠣᠯ ᠤᠨ ᠵᠢᠵᠢᠭ ᠨᠣᠶᠠᠳ ᠂ ᠹᠸᠣᠳᠠᠯ ᠤᠳ ᠣᠯᠣᠰ ᠣᠷᠣᠨ ᠢᠶᠠᠨ ᠭᠡᠰᠡᠭᠯᠡᠨ ᠪᠣᠳᠠᠷᠠᠭᠠᠵᠣ ᠂ ᠦᠪᠡᠷ ᠦᠪᠡᠷ ᠦᠨ ᠵᠠᠬᠢᠷᠭᠠᠨ ᠳᠤ ᠬᠣᠪᠢᠶᠠᠨ ᠡᠵᠡᠮᠰᠢᠬᠦ ᠪᠠᠶᠢᠳᠠᠯ ᠳᠤ ᠣᠷᠣᠭᠣᠯᠣᠭᠠᠳ ᠪᠠᠶᠢᠯ᠎ᠠ᠃ ᠶᠠᠪᠣᠭᠠᠨ ᠳᠤ ᠪᠠᠨ ᠮᠣᠩᠭᠣᠯ ᠤᠨ ᠹᠸᠣᠳᠠᠯ ᠤᠳ ᠲᠣᠰ ᠲᠣᠰ ᠲᠤ ᠪᠠᠨ ᠲᠣᠭ ᠪᠣᠰᠬᠠᠵᠣ ᠶᠡᠭᠡ ᠬᠠᠭᠠᠨ ᠤ ᠵᠠᠷᠯᠢᠭ ᠲᠣᠰᠢᠶᠠᠯ ᠢ ᠴᠤ ᠲᠠᠭᠠᠬᠣ ᠦᠭᠡᠢ ᠲᠣᠷ᠎ᠠ ᠪᠡᠷ ᠲᠣᠷᠭᠢᠬᠣ ᠪᠠᠶᠢᠳᠠᠯ ᠳᠤ ᠬᠦᠷᠦᠭᠰᠡᠨ ᠪᠠᠶᠢᠨ᠎ᠠ᠃ ᠪᠣᠶᠠᠨ ᠰᠡᠴᠡᠨ ᠬᠠᠭᠠᠨ ᠤ ᠡᠴᠢᠭᠡ ᠲᠦᠮᠡᠨ ᠵᠠᠰᠠᠭᠳᠣ ᠬᠠᠭᠠᠨ ᠲᠣᠳᠣᠭᠠᠳᠣ ᠶᠢᠨ ᠡᠪ ᠨᠢᠭᠡᠳᠥᠯ ᠢᠶᠡᠨ ᠪᠡᠬᠢᠵᠢᠬᠦᠯᠬᠦ ᠂ ᠣᠯᠣᠰ ᠲᠦᠷᠦ ᠠᠵᠣ ᠠᠬᠣᠢ ᠳ᠋ᠠᠭᠠᠨ ᠦᠭᠡᠷᠡᠴᠢᠯᠡᠯᠳᠡ ᠬᠢᠬᠦ ᠲᠠᠯ᠎ᠠ ᠪᠠᠷ ᠣᠯᠠᠨ ᠣᠨᠣᠪᠴᠢᠳᠠᠢ ᠰᠠᠨᠠᠭᠠᠴᠢᠯᠭ᠎ᠠ ᠭᠠᠷᠭᠠᠭᠰᠠᠨ ᠪᠣᠯᠪᠠᠴᠣ ᠶᠡᠭᠡ ᠭᠣᠪᠢ ᠶᠢᠨ ᠡᠮᠦᠨᠡᠭᠢ ᠮᠣᠩᠭᠣᠯᠴᠣᠳ ᠢᠶᠠᠨ ᠨᠢᠭᠡᠳᠭᠡᠵᠥ ᠴᠢᠳᠠᠭ᠎ᠠ ᠦᠭᠡᠢ ᠪᠠᠶᠢᠭᠰᠠᠨ ᠨᠢ ᠮᠦᠨ ᠡᠬᠦᠨ ᠡᠴᠡ ᠰᠢᠯᠳᠠᠭᠠᠯᠠᠭᠳᠠᠭᠰᠠᠨ ᠃

ᠪᠣᠶᠠᠨ ᠰᠡᠴᠡᠨ ᠬᠠᠭᠠᠨ ᠬᠠᠭᠠᠨᠳᠣ ᠮᠣᠩᠭᠣᠯ ᠤᠨ ᠶᠡᠭᠡ ᠬᠠᠭᠠᠨ ᠤ ᠨᠡᠷ᠎ᠡ ᠵᠢ ᠵᠡᠬᠦᠭᠰᠡᠨ ᠬᠦᠴᠦ ᠰᠣᠯᠠ ᠲᠠᠢ ᠨᠢᠭᠡᠨ ᠪᠠᠶᠢᠪᠠ᠃ ᠪᠣᠶᠠᠨ ᠰᠡᠴᠡᠨ ᠬᠠᠭᠠᠨ 1593-1603 ᠤᠨ ᠬᠦᠷᠳᠡᠯ᠎ᠡ 11 ᠵᠢᠯ ᠬᠠᠭᠠᠨ ᠣᠷᠣ ᠰᠠᠭᠣᠷᠢᠨ ᠳᠤ ᠰᠠᠭᠣᠭᠠᠳ 49 ᠨᠠᠰᠣᠳᠠᠢ ᠦᠭᠡᠳᠡ ᠪᠣᠯᠵᠠᠢ᠃

ᠡᠮᠦᠨᠡᠬᠢ
ᠲᠦᠮᠡᠨ ᠵᠠᠰᠠᠭᠲᠤ ᠬᠠᠭᠠᠨ
ᠮᠣᠩᠭᠣᠯ ᠤᠨ ᠬᠠᠭᠠᠨ
1593-1603
ᠳᠠᠷᠠᠭᠠᠬᠢ
ᠯᠢᠭᠳᠡᠨ ᠬᠠᠭᠠᠨ

ᠪᠢᠴᠢᠭᠡᠰᠦ