ᠪᠤᠶᠠᠨᠲᠤ ᠰᠤᠮᠤ (ᠬᠣᠪᠳᠣ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠪᠤᠶᠠᠨᠲᠤ ᠰᠤᠮᠤ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠪᠤᠶᠠᠨᠲᠤ ᠰᠤᠮᠤ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃

ᠪᠤᠶᠠᠨᠲᠤ (ᠪᠤᠶᠠᠨᠲᠤ) ᠰᠤᠮᠤ ᠨᠢ ᠠᠯᠲᠠᠢ ᠶᠢᠨ ᠠᠭᠤᠯᠠᠷᠬᠠᠭ ᠮᠤᠵᠢ᠂ ᠶᠡᠬᠡ ᠨᠠᠭᠤᠷ ᠤᠳ ᠤᠨ ᠰᠠᠪᠠ ᠭᠠᠵᠠᠷ ᠲᠤ ᠪᠤᠶᠠᠨᠲᠤ ᠭᠣᠣᠯ ᠤᠨ ᠦᠷᠡᠵᠢᠯ ᠰᠢᠮᠡᠲᠦ ᠬᠥᠨᠳᠡᠶᠢᠳᠡ 367950 ᠭᠠ ᠨᠤᠲᠤᠭ ᠡᠵᠡᠯᠡᠨ ᠣᠷᠣᠰᠢᠳᠠᠭ᠃ ᠰᠤᠮᠤ ᠶᠢᠨ ᠲᠥᠪ ᠨᠢ ᠬᠣᠪᠳᠣ ᠬᠣᠲᠠ ᠠᠴᠠ 25 ᠺᠢᠯᠣᠮᠧᠲ᠋ᠷ ᠵᠠᠢ ᠳᠤ᠂ ᠵᠡᠭᠦᠨ ᠲᠠᠯ᠎ᠠ ᠪᠠᠷ ᠢᠶᠠᠨ ᠮᠢᠩᠭᠠᠳ ᠰᠤᠮᠤ᠂ ᠤᠷᠢᠳᠤ ᠲᠠᠯ᠎ᠠ ᠪᠠᠷ ᠢᠶᠠᠨ ᠴᠢᠨᠳᠠᠮᠠᠨᠢᠮᠠᠩᠬᠠᠨ ᠰᠤᠮᠤ ᠨᠤᠭᠤᠳ᠂ ᠪᠠᠷᠠᠭᠤᠨ ᠲᠠᠯ᠎ᠠ ᠪᠠᠷ ᠢᠶᠠᠨ ᠳᠠᠭᠤᠲᠤ ᠰᠤᠮᠤ , ᠬᠣᠶᠢᠳᠤ ᠲᠠᠯ᠎ᠠ ᠪᠠᠷ ᠢᠶᠠᠨ ᠬᠣᠪᠳᠣ ᠰᠤᠮᠤ ᠲᠠᠢ ᠬᠢᠯᠢᠯᠡᠳᠡᠭ᠃ ᠪᠤᠶᠠᠨᠲᠤ ᠰᠤᠮᠤ ᠨᠢ ᠵᠠᠰᠠᠭ ᠵᠠᠬᠢᠷᠭ᠎ᠠ ᠨᠤᠲᠤᠭ ᠳᠡᠪᠢᠰᠬᠡᠷ ᠦᠨ ᠬᠤᠪᠢ ᠳᠤ ᠨᠣᠷᠵᠢᠩᠬᠠᠶᠢᠷᠬᠠᠨ᠂ ᠨᠠᠷᠢᠨ ᠭᠣᠣᠯ᠂ ᠴᠠᠭᠠᠨ ᠪᠤᠷᠭᠠᠰᠤ᠂ ᠨᠠᠷᠤᠩᠬᠠᠶᠢᠷᠬᠠᠨ᠂ ᠴᠠᠭᠠᠨ ᠡᠷᠭᠢ ᠭᠡᠬᠦ 5 ᠪᠠᠭ᠎ᠠ ᠠᠴᠠ ᠪᠦᠷᠢᠳᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ ᠪᠣᠭᠳᠠ ᠬᠠᠭᠠᠨᠲᠤ ᠮᠣᠩᠭᠣᠯ ᠤᠯᠤᠰ ᠤᠨ ᠦᠶ᠎ᠡ ᠳᠦ ᠵᠠᠮᠰᠠᠷᠠᠨ ᠪᠡᠰ ᠦᠨ ᠬᠣᠰᠢᠭᠤ᠂ 1921 ᠣᠨ ᠠᠴᠠ ᠲᠠᠷᠢᠶᠠᠴᠢᠨ ᠬᠣᠰᠢᠭᠤ᠂ 1922 ᠣᠨ ᠠᠴᠠ ᠨᠠᠷᠤᠩᠬᠠᠶᠢᠷᠬᠠᠨ ᠤᠤᠯ ᠤᠨ ᠬᠣᠰᠢᠭᠤᠨ ᠳᠤ ᠪᠠᠭᠳᠠᠵᠣ ᠪᠠᠶᠢᠭᠰᠠᠨ ᠢᠶᠠᠨ 1924 ᠣᠨ ᠠᠴᠠ ᠣᠳᠣ ᠶᠢᠨ ᠵᠣᠬᠢᠶᠠᠨ ᠪᠠᠶᠢᠭᠤᠯᠤᠯᠲᠠᠨ ᠳᠤ ᠣᠷᠣᠵᠤ ᠪᠤᠶᠠᠨᠲᠤ ᠰᠤᠮᠤ ᠭᠡᠵᠦ ᠨᠡᠷᠡᠯᠡᠭᠳᠡᠭᠰᠡᠨ ᠲᠡᠦᠬᠡ ᠲᠡᠢ᠃ ᠪᠤᠶᠠᠨᠲᠤ ᠰᠤᠮᠤ ᠶᠢᠨ ᠲᠥᠪ ᠢ 1958 ᠣᠨ ᠳᠤ ᠬᠣᠪᠳᠣ ᠠᠶᠢᠮᠠᠭ ᠤᠨ ᠲᠥᠪ ᠲᠦ ᠰᠢᠯᠵᠢᠭᠦᠯᠦᠭᠰᠡᠨ ᠪᠠ 1979 ᠣᠨ ᠠᠴᠠ ᠲᠡᠵᠢᠭᠡᠯ ᠦᠨ ᠠᠵᠤ ᠠᠬᠤᠢ᠂ ᠡᠷᠳᠡᠮ ᠰᠢᠨᠵᠢᠯᠡᠭᠡᠨ ᠦ ᠰᠲ᠋ᠠᠨᠼ ᠤᠨ ᠬᠠᠮᠲᠤ ᠪᠠᠷ ᠲᠥᠪᠯᠡᠷᠡᠭᠦᠯᠬᠦ ᠪᠡᠷ ᠰᠢᠢᠳᠪᠦᠷᠢᠯᠡᠵᠦ ᠣᠳᠣ ᠶᠢᠨ ᠣᠷᠣᠰᠢᠨ ᠪᠠᠭ᠎ᠠ ᠪᠠᠨ ᠨᠣᠷᠵᠢᠩᠬᠠᠶᠢᠷᠬᠠᠨ ᠭᠡᠳᠡᠭ ᠭᠠᠵᠠᠷ ᠪᠠᠶᠢᠷᠢᠰᠢᠭᠤᠯᠤᠭᠰᠠᠨ ᠪᠠᠶᠢᠳᠠᠭ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠢᠶᠠᠩᠬᠠᠢᠬᠠᠯᠬ᠎ᠠᠥᠭᠡᠯᠡᠳᠵᠠᠬᠠᠴᠢᠨᠲᠣᠷᠭᠤᠳᠳᠥᠷᠪᠡᠳᠪᠠᠶᠠᠳᠺᠠᠽᠠᠭᠲᠤᠸᠠᠴᠢᠩᠲᠤᠤ ᠵᠡᠷᠭᠡ 10 ᠭᠠᠷᠤᠢ ᠤᠭᠰᠠᠭᠠᠲᠠᠨ ᠤ ᠪᠦᠯᠦᠭ᠂ ᠭᠤᠷᠪᠠᠨ ᠮᠢᠩᠭ᠎ᠠ ᠭᠠᠷᠤᠢ ᠬᠦᠮᠦᠨ ᠠᠮᠠ ᠨᠠᠶᠢᠮᠠᠨ ᠵᠠᠭᠤᠭᠠᠳ ᠥᠷᠬᠥᠳ ᠠᠮᠢᠳᠤᠷᠠᠵᠤ ᠪᠠᠶᠢᠭ᠎ᠠ ᠠᠴᠠ 600 ᠭᠠ ᠳᠤ ᠡᠷᠦᠬᠡ ᠨᠢ ᠬᠥᠳᠡᠭᠡ᠂ 200 ᠭᠠ ᠳᠤ ᠨᠢ ᠰᠤᠮᠤ ᠶᠢᠨ ᠲᠥᠪ ᠲᠦ ᠠᠮᠢᠳᠤᠷᠠᠵᠤ ᠪᠠᠶᠢᠨ᠎ᠠ᠃

ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠢᠷᠭᠡᠳ ᠦᠨ ᠬᠤᠪᠢ ᠳᠤ ᠶᠡᠬᠡᠪᠴᠢᠯᠡᠨ ᠮᠠᠯ ᠠᠵᠤ ᠠᠬᠤᠢ᠂ ᠭᠠᠵᠠᠷ ᠲᠠᠷᠢᠶᠠᠯᠠᠩ ᠡᠷᠬᠢᠯᠡᠨ ᠠᠮᠢᠳᠤᠷᠠᠳᠠᠭ᠃

ᠮᠠᠯ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

193 ᠮᠢᠩᠭᠠᠨ ᠭᠠ ᠪᠦᠴᠡᠷ ᠦᠨ ᠲᠠᠯᠠᠪᠠᠢ ᠲᠠᠢ ᠪᠥᠭᠡᠳ ᠲᠠᠪᠤᠨ ᠵᠠᠭᠤ ᠭᠠᠷᠤᠢ ᠡᠷᠦᠬᠡ 120 ᠮᠢᠩᠭ᠎ᠠ ᠭᠠᠷᠤᠢ ᠲᠣᠯᠣᠭᠠᠢ ᠮᠠᠯ ᠲᠠᠢ ᠶᠠᠭᠤᠮ᠎ᠠ ᠪᠠᠨ᠃

ᠭᠠᠵᠠᠷ ᠲᠠᠷᠢᠶᠠᠯᠠᠩ[ᠵᠠᠰᠠᠪᠤᠷᠢᠯᠠᠬᠤ | ᠺᠣᠳ᠋ ᠢᠶᠠᠷ ᠵᠠᠰᠠᠬᠣ]

300 ᠭᠠᠷᠤᠢ ᠡᠷᠦᠬᠡ ,800 ᠣᠷᠴᠢᠮ ᠭᠠ ᠲᠠᠯᠠᠪᠠᠢ ᠳᠤ ᠲᠥᠮᠥᠰᠥ᠂ ᠬᠦᠨᠡᠰᠦᠨ ᠦ ᠨᠣᠭᠣᠭ᠎ᠠ᠂ ᠵᠢᠮᠵᠢ᠂ ᠵᠢᠮᠢᠰᠦᠨ ᠦ ᠮᠣᠳᠣ ᠲᠠᠷᠢᠶᠠᠯᠠᠵᠤ ᠵᠢᠯ ᠳᠤ ᠳᠤᠮᠳᠠᠴᠢ ᠪᠠᠷ 12 ᠮᠢᠩᠭ᠎ᠠ ᠣᠷᠴᠢᠮ ᠲᠣᠨ ᠤᠷᠭᠤᠴᠠ ᠬᠤᠷᠢᠶᠠᠵᠤ ᠥᠪᠡᠷ ᠦᠨ ᠪᠣᠯᠤᠨ ᠬᠥᠷᠰᠢ ᠠᠶᠢᠮᠠᠭ᠂ ᠰᠤᠮᠤ᠂ ᠤᠯᠠᠭᠠᠨᠪᠠᠭᠠᠲᠤᠷ ᠬᠣᠲᠠ ᠶᠢᠨ ᠠᠷᠠᠳ ᠢᠷᠭᠡᠳ ᠦᠨ ᠬᠡᠷᠡᠭᠴᠡᠭᠡᠨ ᠳᠦ ᠨᠡᠶᠢᠯᠡᠭᠦᠯᠵᠦ ᠪᠠᠶᠢᠨ᠎ᠠ᠃ ᠮᠠᠨ ᠤ ᠰᠤᠮᠤ ᠶᠢᠨ ᠪᠦᠷᠦᠨ ᠳᠦ ᠪᠦᠲᠦᠭᠡᠭᠳᠡᠬᠦᠨ ᠨᠢ ᠰᠢᠷ᠎ᠠ ᠲᠥᠮᠥᠰᠥ᠂ ᠠᠮᠲᠠᠲᠤ ᠭᠤᠸᠠ᠂ ᠲᠠᠷᠪᠤᠰ ᠶᠠᠭᠤᠮ᠎ᠠ ᠪᠠᠨ᠃ ᠮᠥᠨ ᠵᠢᠯ ᠳᠤ 20 ᠨᠣᠮᠧᠷ ᠮᠢᠩᠭ᠎ᠠ ᠣᠷᠴᠢᠮ ᠲᠣᠨ ᠬᠠᠳᠤᠯᠠᠩ ᠪᠡᠯᠡᠳᠬᠡᠵᠦ ᠪᠤᠰᠤᠳ ᠠᠶᠢᠮᠠᠭ᠂ ᠰᠤᠮᠤᠳ ᠤᠨ ᠬᠡᠷᠡᠭᠴᠡᠭᠡᠨ ᠳᠦ ᠨᠡᠶᠢᠯᠡᠭᠦᠯᠳᠡᠭ᠃

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠤᠪᠰᠠᠩᠳᠠᠭᠪᠠ ᠶᠢᠨ ᠴᠡ ᠳᠦ-ᠠᠶᠤᠱᠢ ᠬᠥᠳᠡᠯᠮᠦᠷᠢ ᠶᠢᠨ ᠪᠠᠭᠠᠲᠤᠷ

ᠪᠢᠴᠢᠭᠡᠰᠦ