ᠪᠤᠳ᠋ᠳ᠋ᠾᠠ ᠶᠢᠨ ᠱᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
</table> ᠪᠤᠳ᠋ᠳ᠋ᠾᠠ ᠶᠢᠨ ᠱᠠᠰᠢᠨ ( ᠰᠨᠨᠰᠺᠷᠢᠲ ᠬᠡᠯᠡ᠌᠌᠌᠄ ᠪᠤᠳ᠋ᡁᡁᠠ᠂ ᠲᠥᠪᠡᠳ ᠬᠡᠯᠡ᠄ ᠰᠠᠩᠵᠠᠢ ᠂ ᠮᠤᠩ‍ᠭᠤᠯ ᠬᠡᠯᠡ ᠄ ᠪᠤᠷᠬᠠᠨ) ᠨᠢ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 5 ᠍ ᠳᠦᠭᠡᠷ ᠵᠠᠭᠤᠨ ᠳᠤ ᠱᠠᠭᠵᠠᠮᠤᠨᠢ ᠶᠢᠨ ᠰᠤᠷᠭᠠᠯ ᠢ ᠦᠨᠳᠦᠰᠦᠯᠡᠨ ᠡᠭᠦᠰᠦᠭᠰᠡᠨ ᠱᠠᠰᠢᠨ ᠪᠣᠶᠤ ᠭᠦᠨ ᠤᠬᠠᠭᠠᠨ ᠶᠤᠮ᠃ ᠪᠤᠳ᠋ᠳ᠋ᠾᠠ ᠶᠢᠨ ᠱᠠᠰᠢᠨ ᠪᠤᠯ ᠳᠡᠯᠡᠭᠡᠢ ᠵᠢᠠ ᠭᠤᠷᠪᠡᠡ  ᠶᠡᠭᠡ ᠱᠠᠰᠢᠠ ᠤ ᠨᠢᠭᠡ ᠃ ᠮᠣᠩᠭᠤᠯᠴᠤᠳ ᠪᠤᠯ ᠦᠷᠭᠦᠯᠵᠢ ᠪᠤᠷᠬᠠᠠ ᠱᠠᠰᠢᠠ ᠭᠡᠵᠤ ᠭᠡᠯᠡᠳᠡᠭ ᠃

ᠡᠭᠦᠰᠦᠯ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

640px-Buddhism percent population in each nation World Map Buddhist data by Pew Research.svg (2).png

ᠪᠤᠳ᠋ᠳ᠋ᠾᠠ ᠶᠢᠨ ᠱᠠᠰᠢᠨ ᠨᠢ ᠠᠽᠢᠶ᠎ᠠ ᠲᠢᠪ ᠶᠢᠨ ᠳᠣᠷᠤᠨᠠᠳᠠᠬᠢᠨ᠎ᠠ ᠡᠭᠦᠰᠴᠦ᠂ ᠳᠡᠯᠭᠡᠷᠡᠨ ᠲᠠᠷᠬᠠᠵᠤ ᠳᠡᠯᠡᠬᠡᠢ ᠶᠢᠨ ᠪᠥᠰᠡ ᠨᠤᠲᠤᠭ ᠤᠨ ᠬᠦᠮᠦᠨ ᠠᠷᠠᠳ ᠤᠨ ᠰᠤᠶᠤᠯ ᠢᠷᠭᠡᠨᠰᠢᠯ ᠦᠨ ᠦᠨᠳᠦᠰᠦ ᠪᠣᠯᠤᠨ ᠬᠥᠭᠵᠢᠵᠦ ᠢᠷᠡᠵᠡᠢ᠃

ᠪᠤᠳ᠋ᠳ᠋ᠾᠠ ᠶᠢᠨ ᠱᠠᠰᠢᠨ ᠢ ᠦᠨᠳᠦᠰᠦᠯᠡᠭᠴᠢ ᠱᠠᠭᠵᠠᠮᠤᠨᠢ ᠨᠢ ᠲᠡᠦᠬᠡᠲᠦ ᠪᠡᠶ᠎ᠡ ᠬᠦᠮᠦᠨ ᠪᠠᠶᠢᠭᠰᠠᠨ ᠪᠥᠭᠡᠳ ᠡᠷᠲᠡᠨ ᠦ ᠡᠨᠡᠳᠬᠡᠭ ᠣᠷᠣᠨ ᠤ ᠤᠮᠠᠷ᠎ᠠ ᠵᠦᠭ ᠲᠤ ᠤᠷᠤᠰᠢᠬᠤ ᠱᠠᠭᠵᠢ ᠸᠠᠩ ᠶᠢᠨ ᠮᠡᠳᠡᠯ ᠦᠨ ᠨᠤᠲᠤᠭ ᠲᠤ ᠪᠤᠶᠤ ᠣᠳᠣ ᠶᠢᠨ ᠪᠠᠯᠪᠠ ᠶᠢᠨ ᠯᠦᠮᠪᠢᠨᠢ ᠳᠤ ᠬᠠᠭᠠᠨ ᠬᠥᠪᠡᠭᠦᠨ ᠪᠣᠯᠵᠤ ᠮᠡᠨᠳᠦᠯᠡᠭᠰᠡᠨ ᠭᠡᠵᠦ ᠡᠷᠲᠡᠨ ᠦ ᠲᠡᠦᠬᠡ ᠱᠠᠰᠳᠢᠷ ᠲᠤ ᠲᠡᠮᠳᠡᠭᠯᠡᠭᠳᠡᠭᠰᠡᠨ ᠪᠠᠶᠢᠳᠠᠭ᠃ ᠲᠡᠷᠡᠪᠡᠷ 29 ᠨᠠᠰᠤ ᠬᠦᠷᠲᠡᠯ᠎ᠡ ᠬᠠᠭᠠᠨ ᠤ ᠣᠷᠳᠣᠨ ᠳᠤ ᠠᠮᠢᠳᠤᠷᠠᠨ ᠡᠬᠡᠨᠡᠷ ᠬᠡᠦᠬᠡᠳ ᠲᠡᠢ ᠪᠣᠯᠤᠭᠰᠠᠨ ᠬᠣᠶᠢᠨ᠎ᠠ ᠪᠠᠨ ᠠᠮᠢᠳᠤᠷᠠᠯ ᠢ ᠰᠤᠳᠤᠯᠬᠤ ᠵᠣᠷᠢᠯᠭ᠎ᠠ ᠲᠠᠯᠪᠢᠵᠠᠢ᠃ ᠡᠶᠢᠨᠬᠦᠦ ᠣᠷᠳᠣᠨ ᠠᠴᠠ ᠭᠠᠷᠴᠤ 6 ᠵᠢᠯ ᠠᠭᠤᠯᠠᠨ ᠳᠤ ᠰᠠᠭᠤᠨ ᠳᠠᠶᠠᠨ ᠬᠡᠢ ᠶᠢᠨ ᠭᠡᠭᠡᠷᠡᠴᠦ᠂ ᠬᠤᠲᠤᠭᠲᠤ ᠍ ᠤᠨ ᠳᠦᠷᠢ ᠶᠢ ᠣᠯᠠᠨ "ᠬᠤᠲᠤᠭᠲᠤ ᠶᠢᠨ ᠳᠥᠷᠪᠡᠨ ᠦᠨᠡᠨ" ᠍ ᠦ ᠰᠤᠷᠭᠠᠯ ᠢ ᠠᠶᠢᠯᠠᠳᠤᠭᠰᠠᠨ ᠨᠢ ᠪᠤᠳ᠋ᠳ᠋ᠾᠠ ᠶᠢᠨ ᠭᠦᠨ ᠤᠬᠠᠭᠠᠨ ᠤ ᠦᠨᠳᠦᠰᠦᠯᠡᠯ ᠪᠣᠯᠤᠭᠰᠠᠨ ᠪᠠᠶᠢᠨ᠎ᠠ᠃

ᠡᠶᠢᠨᠬᠦᠦ ᠪᠤᠳ᠋ᠳ᠋ᠾᠠ ᠶᠢᠨ ᠭᠦᠨ ᠤᠬᠠᠭᠠᠨ ᠨᠢ ᠳᠡᠯᠡᠬᠡᠢ ᠶᠢᠨ ᠠᠩᠬᠠᠳᠠᠭᠴᠢ ᠭᠦᠨ ᠤᠬᠠᠭᠠᠨ ᠭᠡᠵᠦ ᠵᠦᠢ ᠶᠣᠰᠣᠭᠠᠷ ᠲᠣᠭᠠᠴᠠᠭᠳᠠᠳᠠᠭ ᠪᠥᠭᠡᠳ ᠹᠢᠯᠣᠰᠹᠢ ᠶᠢᠨ ᠣᠯᠠᠨ ᠤᠷᠤᠰᠬᠠᠯ ᠤᠨ ᠳᠡᠪᠢᠰᠬᠡᠷ ᠪᠣᠯᠤᠭᠰᠠᠨ ᠭᠡᠵᠦ ᠦᠵᠡᠭᠳᠡᠳᠡᠭ᠃ ᠥᠨᠥ ᠦᠶ᠎ᠡ ᠳᠦ ᠪᠤᠳ᠋ᠳ᠋ᠾᠠ ᠶᠢᠨ ᠱᠠᠰᠢᠨ ᠪᠣᠯᠤᠨ ᠲᠡᠭᠦᠨ ᠦ ᠭᠦᠨ ᠤᠬᠠᠭᠠᠨ ᠤ ᠣᠨᠣᠯ ᠢ ᠠᠽᠢᠶ᠎ᠠ ᠲᠢᠪ ᠦᠨ ᠣᠯᠠᠩᠬᠢ ᠣᠷᠣᠨ᠂ ᠲᠤᠬᠠᠶᠢᠯᠠᠪᠠᠯ᠂ ᠡᠨᠡᠳᠬᠡᠭᠪᠠᠯᠪᠠ ᠳᠤᠮᠳᠠᠳᠤ ᠤᠯᠤᠰᠪᠤᠲᠤᠩᠰᠷᠢᠯᠠᠩᠺᠠᠪᠢᠷᠮᠯᠠᠤᠤᠲᠠᠶᠢᠯᠠᠨᠳ᠋ , ᠺᠠᠮᠪᠤᠵᠠᠸᠢᠶᠧᠲ᠋ᠨᠠᠮᠰᠢᠩᠭᠠᠫᠦᠷᠮᠣᠩᠭᠣᠯᠶᠠᠫᠣᠨᠰᠣᠯᠣᠩᠭᠣᠰ ᠵᠡᠷᠭᠡ ᠣᠷᠣᠨ ᠤ ᠠᠷᠠᠳ ᠲᠦᠮᠡᠨ ᠳᠠᠭᠠᠨ ᠪᠢᠰᠢᠷᠡᠳᠡᠭ ᠡᠴᠡ ᠭᠠᠳᠠᠨ᠎ᠠ ᠰᠡᠭᠦᠯ ᠦᠨ ᠵᠢᠯ ᠤᠳ ᠲᠤ ᠥᠷᠥᠨᠡᠲᠦ ᠶᠢᠨ ᠣᠷᠣᠨ ᠨᠤᠭᠤᠳ ᠲᠤ᠂ ᠲᠤᠬᠠᠶᠢᠯᠠᠪᠠᠯ᠂ ᠠᠮᠧᠷᠢᠺᠠ ᠶᠢᠨ ᠨᠢᠭᠡᠳᠦᠭᠰᠡᠨ ᠤᠯᠤᠰᠶᠡᠬᠡ ᠪᠷᠢᠲ᠋ᠠᠨ(ᠠᠩᠭᠯᠢ)ᠹᠷᠠᠨᠼᠢᠢᠲ᠋ᠠᠯᠢᠬᠣᠯᠠᠨᠳ᠋ ᠵᠡᠷᠭᠡ ᠣᠷᠣᠨ ᠨᠤᠭᠤᠳ ᠲᠤ ᠪᠤᠳ᠋ᠳ᠋ᠾᠠ ᠶᠢᠨ ᠰᠤᠳᠤᠯᠤᠯ ᠢᠳᠡᠪᠬᠢᠲᠡᠢ ᠶᠠᠪᠤᠭᠳᠠᠨ᠂ ᠳᠠᠭᠠᠨ ᠪᠢᠰᠢᠷᠡᠭᠴᠢᠳ ᠦᠨ ᠲᠣᠭ᠎ᠠ ᠴᠤ ᠨᠡᠮᠡᠭᠳᠡᠭᠰᠡᠭᠡᠷ ᠪᠠᠶᠢᠨ᠎ᠠ᠃

ᠪᠤᠳ᠋ᠳ᠋ᠾᠠ ᠶᠢᠨ ᠱᠠᠰᠢᠨ ᠮᠣᠩᠭᠣᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠤᠩᠭᠤᠯ ᠤᠷᠤᠠ ᠤ ᠪᠤᠷᠬᠠᠠ ᠤ ᠱᠠᠰᠢᠠ ᠪᠤᠯ ᠳᠦ᠋ᠪᠡᠳ  ᠡᠴᠠ ᠤᠯᠠᠮᠵᠢᠯᠠᠠ ᠤᠷᠤᠵᠤ ᠢᠷᠡᠭᠰᠡᠡ ᠪᠤᠭᠳᠠ ᠴᠤᠠᠭᠺᠠᠪᠠ ᠵᠢᠠ ᠰᠤᠷᠭᠠᠯ ᠢ ᠳᠠᠭᠠᠠ ᠮᠦ᠋ᠷᠳᠡᠳᠡᠭ ᠭᠡᠯᠤᠡᠭ ᠠᠶᠢᠮᠠᠭ ᠤᠨ ᠶᠤᠰᠤ ᠪᠤᠯᠤᠨ᠎ᠠ ᠃ ᠳᠡᠷᠨ  ᠨᠢ ᠤᠯᠠᠠ ᠵᠠᠭᠤᠠ ᠵᠢᠯ ᠤᠨ ᠳᠤᠷᠰᠢ 《 ᠰᠢᠷ᠎ᠠ ᠵᠢᠠ ᠱᠠᠰᠢᠠ 》 ᠭᠡᠵᠤ ᠠᠯᠳᠠᠷᠰᠢᠵᠤ ᠢᠷᠡᠭᠰᠡᠡ ᠳᠡᠤᠭᠡ ᠳᠡᠢ ᠪᠢᠯᠨ ᠃ ᠪᠤᠷᠬᠠᠠ ᠱᠠᠰᠢᠠ ᠤ ᠬᠠᠮᠤᠭ ᠳᠡᠭᠡᠳᠤ ᠦᠷᠳᠡᠭ ᠤᠨ ᠦᠵᠡᠯᠳᠠ  ᠨᠢ  ᠨᠠᠶᠢᠳᠠ ᠠᠮᠢᠳᠡᠡ ᠤ ᠳᠤᠰᠠ ᠳᠡᠢ  ᠨᠢᠭᠦᠯᠠᠰᠤᠩᠭᠦᠢ ᠵᠤᠷᠢᠭ ᠰᠠᠨᠠᠭ᠎ᠠ ᠪᠤᠯᠤᠨ᠎ᠠ ᠃ ᠬᠠᠮᠤᠭ ᠠᠮᠢᠳᠡᠡ ᠵᠢᠷᠭᠤᠭᠠᠠ ᠵᠦ᠋ᠢᠯ ᠤᠨ ᠳᠦ᠋ᠯᠤᠭᠡ ᠪᠤᠳᠤᠯᠬᠢᠯᠠᠵᠤ ᠂ ᠳᠡᠳᠡᠡ  ᠳᠤ ᠤᠶᠢᠯᠠᠴᠢᠯᠠᠭᠦ ᠪᠤᠯ ᠪᠤᠷᠬᠠᠠ ᠤ ᠮᠦ᠋ᠷ ᠢ ᠤᠯᠬᠤ ᠵᠢᠠ ᠵᠤᠷᠢᠯᠳᠠ ᠪᠠ ᠪᠠᠷᠢᠯᠳᠤᠯᠭ᠎ᠠ ᠮᠦᠨ ᠃ 《 ᠦᠪᠡᠷ ᠣᠨ ᠵᠤᠯ ᠵᠢᠷᠭᠠᠯ ᠵᠢᠡᠡ ᠪᠤᠰᠤᠳ  ᠲᠤ ᠦᠯᠡᠳᠡᠭᠡᠡ ᠦᠭᠴᠤ ᠂ ᠪᠤᠰᠤᠳ ᠣᠨ ᠵᠣᠪᠠᠯᠠᠩ ᠭᠠᠰᠠᠯᠠᠠᠭ ᠢ ᠪᠡᠶ᠎ᠠ ᠳᠡᠭᠡᠡ ᠠᠪᠴᠤ ᠠᠮᠰᠠᠠ ᠳᠠᠰᠪᠤᠷᠢᠯᠠᠭᠦ 》  ᠪᠡᠷ ᠳᠠᠭᠠᠯᠠᠯ ᠠᠮᠠᠯᠳᠤᠠ ᠤᠶᠢᠯᠡᠳᠭᠦ ᠪᠤᠯ ᠮᠤᠩᠭᠤᠯ ᠳᠦ᠋ᠪᠡᠳ ᠪᠤᠷᠬᠠᠠ ᠱᠠᠰᠢᠠ ᠤ ᠪᠤᠳᠢ ᠰᠠᠳᠬᠢᠯ ᠤᠨ ᠴᠢᠬᠤᠯᠨ ᠪᠢᠰᠢᠯᠭᠠᠯ  ᠶᠤᠮ ᠃ ᠪᠤᠳ᠋ᠳ᠋ᠾᠠ ᠶᠢᠨ ᠱᠠᠰᠢᠨ ᠮᠣᠩᠭᠣᠯ ᠤᠨ ᠭᠠᠵᠠᠷ ᠨᠤᠲᠤᠭ ᠲᠤ ᠠᠩᠬ᠎ᠠ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 3-2 ᠍ ᠳᠦᠭᠡᠷ ᠵᠠᠭᠤᠨ ᠳᠤ ᠣᠷᠣᠵᠤ ᠢᠷᠡᠭᠰᠡᠨ ᠲᠤᠬᠠᠢ ᠪᠠᠷᠢᠮᠲᠠ ᠨᠣᠲᠠᠯᠠᠭ᠎ᠠ ᠨᠢ ᠮᠣᠳᠣᠨ ᠱᠠᠨᠦᠢ ᠶᠢᠨ ᠦᠶ᠎ᠡ ᠪᠤᠶᠤ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 209 - 174 ᠣᠨ ᠢᠶᠠᠷ ᠲᠡᠮᠳᠡᠭᠯᠡᠭᠳᠡᠭᠰᠡᠨ ᠪᠠᠶᠢᠳᠠᠭ᠃ ᠡᠨᠡ ᠦᠶᠡᠰ ᠡᠴᠡ ᠡᠬᠢᠯᠡᠨ ᠣᠨ ᠴᠠᠭ ᠤᠨ ᠲᠤᠷᠰᠢ ᠴᠡᠴᠡᠭᠯᠡᠨ ᠬᠥᠭᠵᠢᠨ᠂ ᠭᠠᠩᠳᠠᠨ ᠪᠠᠭᠤᠷᠴᠢ ᠢᠷᠡᠭᠰᠡᠨ ᠦ ᠡᠷᠬᠡ ᠪᠡᠷ ᠰᠡᠳᠬᠢᠭᠴᠢᠳ ᠨᠣᠮ ᠵᠣᠬᠢᠶᠠᠯ ᠢᠶᠠᠨ ᠲᠤᠭᠤᠷᠪᠢᠨ ᠢᠷᠡᠭᠰᠡᠨ ᠪᠠᠶᠢᠳᠠᠭ᠃

ᠮᠣᠩᠭᠣᠯ ᠤᠨ ᠨᠢᠭᠡᠳᠦᠭᠰᠡᠨ ᠶᠡᠬᠡ ᠭᠦᠷᠦᠨ ᠦ ᠦᠶ᠎ᠡ ᠪᠤᠶᠤ 1182-1270 ᠣᠨ ᠨᠤᠭᠤᠳ ᠲᠤ ᠠᠩᠬ᠎ᠠ ᠪᠤᠳ᠋ᠳ᠋ᠾᠠ ᠶᠢᠨ ᠭᠦᠨ ᠤᠬᠠᠭᠠᠨ ᠤ ᠵᠣᠬᠢᠶᠠᠯ ᠤᠳ ᠢ ᠡᠬᠡ ᠬᠡᠯᠡᠨ ᠢᠶᠡᠨ ᠤᠷᠴᠢᠭᠤᠯᠬᠤ ᠠᠵᠢᠯ ᠡᠬᠢᠯᠡᠭᠰᠡᠨ ᠭᠡᠵᠦ ᠲᠡᠮᠳᠡᠭᠯᠡᠭᠳᠡᠭᠰᠡᠨ ᠪᠠᠶᠢᠳᠠᠭ᠃ ᠡᠭᠦᠨ ᠳᠦ ᠰᠡᠳᠬᠢᠭᠴᠢ ᠰᠠᠵᠢ ᠪᠠᠨᠳᠢᠳᠠ ᠭᠦᠩᠭᠠᠵᠠᠯᠼᠠᠨ (1182-1251) ᠰᠬᠢᠶ᠎ᠠ ᠶᠣᠰᠣᠨ ᠤ ᠨᠣᠮᠯᠠᠯ ᠤᠨ ᠰᠤᠳᠤᠷ ᠠᠴᠠ ᠮᠣᠩᠭᠣᠯ ᠬᠡᠯᠡᠨ ᠢᠶᠡᠨ ᠬᠥᠷᠪᠡᠭᠦᠯᠵᠦ ᠪᠠᠶᠢᠭᠰᠠᠨ ᠭᠡᠳᠡᠭ᠃ ᠡᠨᠡ ᠦᠶ᠎ᠡ ᠶᠢᠨ ᠰᠡᠳᠬᠢᠭᠴᠢᠳᠲᠤᠬᠠᠶᠢᠯᠠᠪᠠᠯ ᠴᠣᠶᠢᠵᠢ-ᠣᠳᠰᠠᠷ (1214-1294), ᠳᠠᠷᠠᠮᠪᠠᠯ (1268-1283), ᠰᠣᠳᠨᠠᠮᠠᠭᠠᠯᠠᠭᠰᠠᠨ (1230-1296), ᠷᠣᠯᠪᠢᠢᠳᠣᠷᠵᠢ (1340-1383) ᠨᠠᠷ ᠤᠨ ᠶᠡᠬᠡ ᠬᠥᠯᠭᠡᠨ ᠰᠤᠳᠤᠷ ᠤᠨ ᠣᠷᠴᠢᠭᠤᠯᠭ᠎ᠠ ᠪᠣᠯᠤᠨ ᠲᠡᠳᠡᠨ ᠦ ᠥᠪᠡᠷᠰᠡᠳ ᠦᠨ ᠪᠢᠴᠢᠭᠰᠡᠨ ᠲᠠᠶᠢᠯᠪᠤᠷᠢ ᠰᠤᠳᠤᠷ ᠤᠳ ᠦᠶ᠎ᠡ ᠳᠠᠮᠵᠢᠨ ᠰᠤᠳᠤᠯᠤᠭᠳᠠᠭᠰᠠᠭᠠᠷ ᠪᠠᠶᠢᠨ᠎ᠠ᠃ ᠰᠡᠳᠬᠢᠭᠴᠢ ᠴᠣᠶᠢᠵᠢ-ᠣᠳᠰᠠᠷ ᠭᠡᠬᠦ ᠳᠦ ᠯᠠ 7 ᠍ ᠳᠦᠭᠡᠷ ᠵᠠᠭᠤᠨ ᠤ ᠦᠶ᠎ᠡ ᠶᠢᠨ ᠡᠨᠡᠳᠬᠡᠭ ᠦᠨ ᠰᠡᠳᠬᠢᠭᠴᠢ ᠰᠠᠨᠲ᠋ᠢᠳ᠋ᠧᠸᠠ ᠶᠢᠨ ᠪᠢᠴᠢᠭᠰᠡᠨ "Boddhicaryavatara" ᠬᠡᠮᠡᠬᠦ ᠭᠦᠨ ᠤᠬᠠᠭᠠᠨ ᠤ ᠪᠦᠲᠦᠭᠡᠯ ᠳᠦ ᠵᠣᠷᠢᠭᠤᠯᠵᠤ 300 ᠬᠠᠭᠤᠳᠠᠰᠤ ᠲᠠᠶᠢᠯᠪᠤᠷᠢ ᠰᠤᠳᠤᠷ ᠢ ᠪᠢᠴᠢᠭᠰᠡᠨ ᠪᠥᠭᠡᠳ ᠡᠯ᠎ᠡ ᠰᠤᠳᠤᠷ ᠢ 1000 ᠬᠤᠪᠢ ᠬᠡᠪᠯᠡᠨ ᠲᠦᠭᠡᠭᠡᠭᠰᠡᠨ ᠪᠠᠶᠢᠳᠠᠭ᠃ ᠮᠥᠨ ᠳᠥᠷᠪᠡᠨ ᠮᠤᠲᠤᠷ ᠲᠤ ᡀᠠᠮᠣ ᠪᠤᠷᠬᠠᠨ ᠤ ᠲᠡᠦᠬᠡ ᠪᠤᠶᠤ "Mahakala Namo Stuti" ᠰᠤᠳᠤᠷ ᠮᠥᠨ "ᠪᠤᠷᠬᠠᠨ ᠪᠠᠭᠰᠢ ᠶᠢᠨ ᠠᠷᠪᠠᠨ ᠬᠣᠶᠠᠷ ᠵᠣᠬᠢᠶᠠᠩᠭᠤᠢ", "Manzushri Namo Samghiti" ᠪᠤᠶᠤ ᠣᠶᠤᠨ ᠤᠬᠠᠭᠠᠨ ᠤ ᠳᠡᠭᠡᠳᠦ ᠬᠡᠮᠡᠬᠦ ᠰᠤᠳᠤᠷ ᠤᠳ ᠢ ᠣᠷᠴᠢᠭᠤᠯᠵᠠᠢ᠃

ᠶᠡᠬᠡ ᠣᠷᠴᠢᠭᠤᠯᠤᠭᠴᠢ ᠰᠡᠰᠡᠷᠡᠪᠡ ᠰᠡᠩᠭᠡ ᠪᠤᠳ᠋ᠳ᠋ᠾᠠ ᠶᠢᠨ ᠰᠤᠷᠭᠠᠯ ᠠᠯᠲᠠᠨᠭᠡᠷᠡᠯ ᠬᠡᠮᠡᠬᠦ ᠰᠤᠳᠤᠷ ᠢ 1328 ᠣᠨ ᠳᠤ ᠣᠷᠴᠢᠭᠤᠯᠤᠭᠰᠠᠨ ᠪᠠᠶᠢᠳᠠᠭ᠃

14 ᠍ ᠳᠦᠭᠡᠷ ᠵᠠᠭᠤᠨ ᠤ ᠰᠡᠭᠦᠯ ᠳᠦ ᠪᠤᠳᠤᠨ ᠷᠧᠨ᠋ᠰᠠᠲᠤᠷᠯᠠᠪᠠ ᠭᠡᠳᠡᠭ ᠬᠦᠮᠦᠨ ᠠᠯᠳᠠᠷᠲᠤ 《 ᠭᠠᠨᠵᠤᠤᠷ 》 ᠂ 《 ᠳᠠᠨᠵᠤᠤᠷ 》 ᠍ ᠢ ᠪᠦᠷᠢᠨ ᠡᠬᠢ ᠪᠡᠷ ᠨᠢ ᠴᠤᠭᠯᠠᠭᠤᠯᠤᠨ ᠮᠣᠩᠭᠣᠯ ᠳᠤ ᠣᠷᠣᠭᠤᠯᠵᠤ ᠢᠷᠡᠭᠰᠡᠨ ᠪᠥᠭᠡᠳ ᠯᠢᠭᠳᠡᠨ ᠬᠠᠭᠠᠨᠢ (1592-1636) ᠦᠶ᠎ᠡ ᠳᠦ ᠪᠦᠷᠢᠨ ᠣᠷᠴᠢᠭᠤᠯᠵᠤ ᠳᠠᠭᠤᠰᠤᠭᠰᠠᠨ ᠪᠠᠶᠢᠨ᠎ᠠ᠃

ᠪᠤᠳ᠋ᠳ᠋ᠾᠠ ᠶᠢᠨ ᠭᠦᠨ ᠤᠬᠠᠭᠠᠨ ᠨᠢ ᠡᠶᠢᠨᠬᠦᠦ ᠦᠶ᠎ᠡ ᠳᠠᠮᠵᠢᠨ ᠰᠤᠳᠤᠯᠤᠭᠳᠠᠭᠰᠠᠭᠠᠷ 14 ᠍ ᠳᠦᠭᠡᠷ ᠵᠠᠭᠤᠨ ᠤ ᠰᠡᠭᠦᠯ ᠭᠡᠬᠦ ᠳᠦ ᠭᠦᠨ ᠤᠬᠠᠭᠠᠨ ᠤ ᠶᠡᠬᠡ ᠬᠥᠯᠭᠡᠨ ᠰᠤᠳᠤᠷ ᠤᠳ ᠪᠠᠷᠤᠭ ᠣᠷᠴᠢᠭᠤᠯᠤᠭᠳᠠᠵᠤ ᠳᠠᠭᠤᠰᠤᠭᠰᠠᠨ ᠪᠠᠶᠢᠨ᠎ᠠ᠃

ᠪᠤᠳ᠋ᠳ᠋ᠾᠠ ᠶᠢᠨ ᠭᠦᠨ ᠤᠬᠠᠭᠠᠨ ᠪᠦᠷ ᠾᠦᠩᠨᠦ ᠶᠢᠨ ᠦᠶ᠎ᠡ ᠪᠤᠶᠤ ᠨᠡᠶᠢᠲᠡ ᠶᠢᠨ ᠲᠣᠭᠠᠯᠠᠯ ᠤᠨ ᠡᠮᠦᠨᠡᠬᠢ ᠮᠣᠩᠭᠣᠯ ᠳᠤ ᠳᠡᠯᠭᠡᠷᠡᠭᠰᠡᠨ ᠡᠴᠡ ᠬᠣᠶᠢᠰᠢ ᠬᠥᠭᠵᠢᠯ ᠦᠨ 3 ᠦᠶ᠎ᠡ ᠲᠤᠭᠤᠯᠤᠭᠰᠠᠨ ᠭᠡᠵᠦ ᠦᠵᠡᠳᠡᠭ᠃ 17 ᠍ ᠳᠦᠭᠡᠷ ᠵᠠᠭᠤᠨ ᠤ ᠦᠶ᠎ᠡ ᠳᠦ ᠠᠮᠢᠳᠤᠷᠠᠵᠤ ᠪᠠᠶᠢᠭᠰᠠᠨ ᠮᠣᠩᠭᠣᠯ ᠤᠨ ᠰᠦᠮᠪᠦ ᠬᠠᠩᠪᠤ ᠢᠰᠢᠪᠠᠯᠵᠢᠷ ᠤᠨ 《 ᠫᠠᠭᠰᠤᠮ ᠴᠢᠨᠣᠭᠰᠠᠨ 》 ᠬᠡᠮᠡᠬᠦ ᠪᠦᠲᠦᠭᠡᠯ ᠮᠥᠨ ᠵᠠᠪᠠ ᠳᠠᠮᠳᠢᠨ ᠭᠠᠪᠵᠤ ᠶᠢᠨ 《 ᠠᠯᠲᠠᠨ ᠳᠡᠪᠲᠡᠷ 》 ᠬᠡᠮᠡᠬᠦ ᠠᠯᠳᠠᠷᠲᠤ ᠰᠤᠳᠤᠷ ᠤᠳ ᠲᠤ ᠪᠢᠴᠢᠭᠰᠡᠨ ᠢᠶᠡᠷ ᠡᠨᠡ ᠨᠢ ᠪᠤᠳ᠋ᠳ᠋ᠾᠠᠶᠢᠰᠮ ᠤᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠳᠡᠯᠭᠡᠷᠡᠯᠲᠡ ᠶᠢᠨ ᠦᠶ᠎ᠡ ᠭᠡᠵᠦ ᠦᠵᠡᠳᠡᠭ᠃ ᠲᠤᠬᠠᠶᠢᠯᠠᠪᠠᠯ ᠨᠢᠷᠤᠨ ᠤᠯᠤᠰ ᠍ ᠤᠨ ᠦᠶ᠎ᠡ ᠳᠦ ᠪᠤᠳ᠋ᠳ᠋ᠾᠠ ᠶᠢᠨ ᠱᠠᠰᠢᠨ ᠨᠢ ᠲᠥᠷᠥ ᠶᠢᠨ ᠱᠠᠰᠢᠨ ᠪᠠᠶᠢᠴᠠᠢ᠃

ᠪᠤᠳ᠋ᠳ᠋ᠾᠠ ᠶᠢᠨ ᠱᠠᠰᠢᠨ ᠤ ᠮᠣᠩᠭᠣᠯ ᠳᠠᠬᠢ ᠳᠤᠮᠳᠠ ᠳᠡᠯᠭᠡᠷᠡᠯᠲᠡ ᠶᠢᠨ ᠦᠶ᠎ᠡ ᠪᠤᠶᠤ 13-14 ᠍ ᠳᠦᠭᠡᠷ ᠵᠠᠭᠤᠨ ᠤ ᠦᠶ᠎ᠡ᠂ ᠲᠤᠬᠠᠶᠢᠯᠠᠪᠠᠯ᠂ ᠶᠤᠸᠠᠨ ᠭᠦᠷᠦᠨ ᠦ ᠦᠶ᠎ᠡ ᠳᠦ ᠮᠥᠨ ᠲᠥᠷᠥ ᠶᠢᠨ ᠱᠠᠰᠢᠨ ᠤ ᠬᠡᠮᠵᠢᠶᠡᠨ ᠳᠦ ᠬᠦᠷᠴᠦ ᠲᠡᠷᠡ ᠴᠠᠭ ᠤᠨ ᠰᠣᠷ ᠪᠣᠯᠤᠭᠰᠠᠨ ᠴᠣᠶᠢᠵᠢ-ᠣᠳᠰᠠᠷ᠂ ᠰᠢᠷᠠᠪᠰᠡᠩᠭᠡ ᠲᠡᠷᠢᠭᠦᠲᠡᠢ ᠨᠡᠷᠡᠲᠦ ᠡᠷᠳᠡᠮᠲᠡᠳ ᠲᠥᠷᠥᠨ ᠭᠠᠷᠴᠤ ᠪᠤᠳ᠋ᠳ᠋ᠾᠠ ᠶᠢᠨ ᠭᠦᠨ ᠤᠬᠠᠭᠠᠨ ᠤ ᠣᠯᠠᠨ ᠠᠷᠪᠠᠨ ᠪᠦᠲᠦᠭᠡᠯ ᠢᠶᠡᠨ ᠲᠤᠭᠤᠷᠪᠢᠭᠰᠠᠨ ᠪᠠᠶᠢᠳᠠᠭ ᠠᠴᠠ "ᠪᠤᠳ᠋ᠳ᠋ᠾᠠᠶᠢᠰᠮ ᠤᠨ ᠬᠣᠣᠰ ᠶᠣᠰᠣᠨ ᠤ ᠵᠠᠷᠴᠢᠮ" ᠬᠡᠮᠡᠬᠦ ᠨᠣᠮᠯᠠᠯ ᠨᠢ ᠲᠤᠬᠠᠢ ᠶᠢᠨ ᠦᠶ᠎ᠡ ᠶᠢᠨ ᠮᠣᠩᠭᠣᠯ ᠲᠥᠷᠥ ᠶᠢᠨ ᠦᠨᠳᠦᠰᠦ ᠪᠣᠯᠵᠤ ᠪᠠᠶᠢᠭᠰᠠᠨ ᠪᠠᠶᠢᠳᠠᠭ᠃

ᠪᠤᠳ᠋ᠳ᠋ᠾᠠᠶᠢᠰᠮ ᠤᠨ ᠬᠣᠵᠢᠭᠤ ᠳᠡᠯᠭᠡᠷᠡᠯᠲᠡ ᠶᠢᠨ ᠦᠶ᠎ᠡ ᠪᠤᠶᠤ 16 ᠍ ᠳᠦᠭᠡᠷ ᠵᠠᠭᠤᠨ ᠠᠴᠠ ᠬᠣᠶᠢᠰᠢ ᠦᠶ᠎ᠡ ᠳᠦ ᠲᠥᠪᠡᠳ ᠣᠷᠣᠨ ᠠᠴᠠ ᠵᠣᠩᠬᠠᠤ᠎ᠠ ᠶᠢᠨ ᠪᠤᠶᠤ ᠰᠢᠷ᠎ᠠ ᠶᠢᠨ ᠱᠠᠰᠢᠨ ᠤ ᠬᠡᠯᠪᠡᠷᠢ ᠪᠡᠷ ᠣᠷᠣᠵᠤ ᠢᠷᠡᠭᠰᠡᠨ ᠪᠠᠶᠢᠨ᠎ᠠ᠃ 1570 ᠍ ᠊ᠭᠠᠳ ᠣᠨ ᠳᠤ ᠲᠦᠮᠡᠳ ᠶᠢᠨ ᠠᠯᠲᠠᠨ ᠬᠠᠨ "ᠳᠠᠯᠠᠢ ᠯᠠᠮᠠ" ᠬᠡᠮᠡᠬᠦ ᠴᠣᠯᠠ ᠪᠤᠢ ᠪᠣᠯᠭᠠᠨ ᠰᠢᠷ᠎ᠠ ᠶᠢᠨ ᠱᠠᠰᠢᠨ ᠢ ᠲᠥᠷᠥ ᠶᠢᠨ ᠱᠠᠰᠢᠨ ᠪᠣᠯᠭᠠᠭᠰᠠᠨ ᠠᠴᠠ ᠬᠣᠶᠢᠰᠢ ᠡᠳᠦᠭᠡ ᠬᠦᠷᠲᠡᠯ᠎ᠡ 200 ᠭᠠᠷᠤᠢ ᠮᠣᠩᠭᠣᠯ ᠤᠨ ᠰᠡᠳᠬᠢᠭᠴᠢᠳ ᠪᠤᠳ᠋ᠳ᠋ᠾᠠ ᠶᠢᠨ ᠭᠦᠨ ᠤᠬᠠᠭᠠᠨ ᠢ ᠰᠤᠳᠤᠯᠤᠨ ᠬᠥᠭᠵᠢᠭᠦᠯᠵᠦ ᠣᠯᠠᠨ ᠵᠠᠭᠤᠨ ᠰᠤᠳᠤᠷ ᠨᠣᠮ ᠲᠤᠭᠤᠷᠪᠢᠨ ᠪᠦᠲᠦᠭᠡᠵᠡᠢ᠃

ᠯᠠᠮ᠎ᠠ ᠨᠡᠷ ᠤᠨ ᠨᠡᠷᠡᠢᠢᠳᠦᠯ ᠬᠢᠭᠡᠳ ᠡᠷᠬᠡ ᠲᠤᠰᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠪᠽᠤᠨᠳᠠᠮᠪᠠ- ᠠᠷᠤ ᠮᠤ‍ᠩ‍ᠭᠤᠯ ᠤᠨ ᠯᠠᠮ᠎ᠠ ᠬᠤᠸᠠᠷᠠᠭ ᠤᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ

ᠵᠠ‍ᠩ‍ᠭᠢᠶ᠎ᠠ- ᠬᠤᠳᠤᠭᠳᠤ ᠥᠪᠦᠷ ᠮᠤ‍ᠩ‍ᠭᠤᠯ ᠤᠨ ᠡᠯ᠎ᠡ ᠰᠦᠮ᠎ᠡ ᠬᠡᠢᠢᠳ ᠢ ᠬᠠᠮᠢᠶᠠᠷᠤᠭᠴᠢ ᠲᠦᠷᠦᠭᠦᠦ᠂ᠵᠠᠰᠠᠭ ᠤᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠯᠠᠮ᠎ᠠ

ᠬᠤᠳᠤᠭᠳᠤ- ᠥᠪᠦᠷ ᠮᠤ‍ᠩ‍ᠭᠤᠯ ᠳᠡᠬᠢ ᠲᠠᠮᠠᠭ᠎ᠠ ᠲᠠᠢ ᠲᠡᠭᠡᠳᠦ ᠯᠡᠮ᠎ᠠ

ᠬᠤᠪᠢᠯᠭᠠᠨ - ᠥᠪᠦᠷ ᠮᠤ‍ᠩ‍ᠭᠤᠯ ᠳᠡᠬᠢ ᠲᠠᠮᠠᠭ᠎ᠠ ᠦᠭᠡᠢ ᠲᠡᠭᠡᠳᠦ ᠯᠡᠮ᠎ᠠ

ᠭᠡᠭᠡᠨ- ᠲᠦᠷᠦ ᠱᠠᠰᠢᠨ ᠤ ᠡᠷᠬᠡ ᠵᠢ ᠪᠠᠷᠢᠳᠠᠭ ᠰᠥᠮ᠎ᠡ ᠬᠡᠢᠢᠳ ᠤᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ

ᠲᠠᠮᠴᠢ- ᠰᠦᠮ᠎᠎ᠡ ᠶᠢᠨ ᠨᠢᠭ᠌ᠳᠠᠯᠠᠨ ᠪᠤᠳᠤᠭᠴᠢ᠂ᠡᠩ ᠤᠨ ᠬᠡᠷᠡᠭ ᠤᠴᠢᠷ ᠢ ᠬᠠᠮᠢᠶᠠᠷᠬᠤ

ᠬᠡᠰᠭᠦᠢ- ᠨᠤᠮ ᠬᠦᠷᠢᠮ ᠤᠨ ᠱᠠᠰᠢᠨ ᠤ ᠦᠢᠯᠡ ᠵᠢ ᠬᠠᠮᠢᠶᠠᠷᠬᠤ

ᠨᠢᠷᠪᠠ- ᠡᠳ᠋ ᠤᠨ ᠵᠠᠰᠠᠭ ᠢ ᠬᠠᠮᠢᠶᠠᠷᠬᠤ

ᠬᠡᠯᠦᠩ- ᠮᠠᠨᠢ ᠶᠢᠨ ᠯᠠᠮ᠎ᠠ

ᠤᠮᠵᠢᠳ- ᠨᠤᠮ ᠲᠠᠭᠠᠭᠤᠯᠤᠭᠴᠢ

ᠲᠢᠶᠠᠨᠴᠢ- ᠬᠡᠭᠡᠨ ᠳᠤ ᠤᠯᠭᠤᠭᠰᠠᠨ ᠴᠤᠯᠠ

ᠪᠠᠨᠳᠠᠢ- ᠪᠠᠭ᠎ᠠ ᠯᠠᠮ᠎ᠡ

ᠦᠡᠳᠤᠰᠤᠠ ᠤᠨᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠦ᠋ᠮᠤᠠ ᠤ ᠠᠮᠢᠳᠤᠷᠡᠯ ᠢ 《 ᠮᠥᠩᠬᠡ ᠪᠤᠰᠤ 》 ( 无常 ) ᠂ 《 ᠪᠢ ᠦᠭᠡᠢ 》 ( 无我 ) ᠂ 《 ᠵᠣᠪᠠᠯᠠᠩ 》 ( 苦 ) ᠭᠡᠵᠤ  ᠨᠤᠳᠠᠯᠠᠭᠠᠳ ᠂ 《 ᠵᠣᠪᠠᠯᠠᠩ 》 ᠤᠨ ᠰᠢᠯᠳᠠᠭᠠᠠ ᠪᠤᠯ ᠭᠦ᠋ᠮᠤᠠ  ᠨᠢᠭᠡᠪᠤᠷᠢ ᠵᠢᠠ ᠦᠪᠡᠷ ᠤᠨ ᠬᠢᠨᠢ 《  ᠨᠢᠰᠸᠠᠨᠢᠰ 》 ( 惑 ) ᠂ 《 ᠤᠶᠢᠯᠨ 》 ( 业 )  ᠡᠴᠠ ᠪᠤᠯᠳᠠᠭ ᠭᠡᠨ᠎ᠠ ᠃

《  ᠨᠢᠰᠸᠠᠨᠢᠰ 》 ᠪᠤᠯ ᠤᠷᠢᠠ ( 嗔 ) ᠂ ᠳᠠᠴᠢᠶᠠᠩᠭᠤᠢ ( 贪 ) ᠂ ᠮᠤᠩᠬᠠᠭ ( 痴 ) ᠵᠡᠷᠭᠡ ᠵᠣᠪᠠᠯᠠᠩ ᠢ ᠭᠡᠯᠡᠵᠤ ᠪᠤᠢ ᠃ 《 ᠤᠶᠢᠯᠨ 》 ᠭᠡᠵᠤ ᠪᠡᠶ᠎ᠠ ᠂ ᠭᠡᠯᠨ ᠂ ᠰᠡᠳᠬᠢᠯ ᠤᠨ ᠭᠦ᠋ᠳᠡᠯᠭᠡᠭᠡᠡ ᠢ ᠭᠡᠯᠡᠵᠤ ᠪᠤᠢ ᠃ 《 ᠢᠰᠸᠠᠨᠢᠰ 》 ᠂ 《 ᠤᠶᠢᠯᠨ 》 ᠵᠢᠠ ᠰᠢᠯᠳᠠᠭᠠᠠ ᠵᠢᠡᠷ ᠦᠭᠦᠵᠤ ᠳᠦ᠋ᠷᠤᠭᠦ ᠵᠢᠠ ᠦᠷ᠎ᠠ ᠶᠢ ᠪᠦ᠋ᠳᠤᠭᠡᠵᠤ ᠂ ᠰᠠᠶᠢᠠ ᠮᠠᠭᠤ  ᠶᠠᠪᠤᠳᠡᠯ ᠢ ᠦᠡᠳᠤᠰᠤᠯᠠᠠ ᠤᠶᠢᠯᠨ ᠵᠢᠠ ᠦᠷ᠎ᠠ ᠪᠠᠠ ᠠᠮᠰᠠᠨ᠎ᠠ ᠭᠡᠨ᠎ᠠ ᠃ ᠳᠡᠶᠢᠡᠭᠦ ᠵᠣᠪᠠᠯᠠᠩ  ᠡᠴᠠ ᠳᠤᠨᠢᠯᠬᠤ ᠵᠢᠠ ᠦᠷ᠎ᠠ ᠵᠢᠠ ᠭᠠᠭᠴᠠ ᠵᠡᠮ ᠪᠤᠯ 《 ᠭᠤᠷᠪᠡᠡ ᠠᠶᠢᠮᠠᠭ ᠰᠠᠪᠠ 》 ( 三藏 ) ᠶᠢ ᠮᠦ᠋ᠷᠳᠡᠵᠤ ᠂ 《 ᠱᠠᠭᠱᠠᠪᠠᠳ 》 ( 戒 ) ᠂ 《 ᠰᠠᠮᠠᠳᠢ 》 ( 定 ) ᠂ 《 ᠪᠢᠯᠢᠭ 》 ( 慧 ) ᠵᠡᠷᠭᠡ ᠭᠤᠷᠪᠡᠡ ᠰᠤᠷᠭᠠᠯ ᠢ ᠪᠢᠰᠢᠯᠭᠠᠵᠤ ᠂ ᠦᠪᠡᠷ ᠣᠨ ᠳᠡᠴᠢᠶᠡᠯ ᠭᠦ᠋ᠰᠡᠯ ᠪᠠ ᠦᠵᠡᠯ ᠳᠡᠨᠢᠯ ᠵᠢᠡᠡ ᠬᠤᠪᠢᠯᠭᠠᠵᠤ ᠂ ᠦᠭᠦᠭᠦ ᠳᠦ᠋ᠷᠤᠭᠦ ᠵᠢᠠ ᠭᠦ᠋ᠷᠳᠤᠠ  ᠡᠴᠠ ᠭᠡᠳᠤᠶᠢᠳᠤᠠ ᠂ ᠬᠠᠮᠤᠭ  ᠶᠢᠨ ᠦᠡᠳᠤᠷ ᠵᠤᠷᠢᠯᠳᠠ  ᠳᠤ ᠭᠦ᠋ᠷᠴᠤ ᠴᠢᠳᠠᠬᠤᠯ᠎ᠠ ᠡᠭᠦᠠ ᠢ 《  ᠨᠢᠷᠸᠡᠡ 》 ᠪᠤᠶᠤ 《 ᠭᠡᠳᠤᠯᠭᠡᠭᠳᠡᠯ᠎ᠠ 》 ᠭᠡᠨ᠎ᠠ ᠃ ᠡᠳᠡᠭᠡᠷ ᠭᠡᠯᠡᠯᠭᠡ  ᠨᠢ 《 ᠳᠠᠪᠤᠠ ᠴᠤᠭᠴᠠ 》 ( 五蕴 ) ᠂ 《 ᠠᠷᠪᠠᠠ ᠬᠤᠶᠡᠷ ᠰᠢᠳᠤᠠ ᠪᠠᠷᠢᠯᠳᠤᠬᠤ 》 ( 十二因缘 ) ᠂ 《 ᠳᠦ᠋ᠷᠪᠡᠡ ᠦᠨᠠᠠ 》 ( 四谛 ) ᠵᠡᠷᠭᠡ ᠬᠠᠮᠤᠭ  ᠡᠴᠠ ᠴᠢᠬᠤᠯᠨ ᠦᠡᠳᠤᠰᠤᠠ ᠤᠨᠤᠯ ᠰᠤᠷᠭᠠᠯ ᠤᠨ ᠳᠤᠳᠤᠷ᠎ᠠ ᠠᠭᠤᠯᠤᠭᠳᠠᠵᠤ ᠂ ᠪᠤᠷᠬᠠᠠ ᠱᠠᠰᠢᠠ ᠤ ᠤᠯᠠᠠ ᠠᠶᠢᠮᠠᠭ ᠪᠦᠯᠦᠭ ᠤᠳ ᠤᠨ ᠤᠨᠤᠯ ᠤᠨ ᠦᠡᠳᠤᠰᠤᠯᠠᠯ ᠪᠤᠯᠤᠭᠰᠠᠠ ᠪᠠᠶᠢᠨ᠎ᠠ ᠃ ᠱᠠᠭᠵᠠᠮᠤᠨᠢ ᠵᠢᠠ 49 ᠵᠢᠯ  ᠨᠤᠮᠯᠠᠭᠰᠠᠠ ᠠᠯᠢᠪᠠ  ᠨᠤᠮ ᠤᠨ ᠠᠭᠤᠯᠭ᠎ᠠ  ᠨᠢ ᠪᠤᠯ ᠂ ᠭᠦ᠋ᠮᠤᠠ ᠪᠤᠯᠤᠠ ᠤᠷᠴᠢᠯᠠᠩ ᠤᠨ ᠦᠨᠠᠠ ᠪᠠᠶᠢᠳᠡᠯ ᠢ  ᠶᠠᠷᠢᠠ ᠦᠭᠴᠡᠢ ᠃ ᠭᠦ᠋ᠮᠤᠠ ᠪᠤᠯ ᠳᠡᠷᠤᠢ ᠦᠪᠡᠷ ᠤᠨ ᠪᠡᠶ᠎ᠠ ᠃ ᠤᠷᠴᠢᠯᠠᠩ ᠪᠤᠯ ᠳᠡᠷᠤᠢ ᠮᠠᠠ ᠤ ᠠᠮᠢᠳᠤᠷᠡᠵᠤ ᠪᠠᠶᠢᠭ᠎ᠠ ᠤᠷᠴᠢᠠ ᠳᠤᠭᠤᠷᠢᠠ ᠮᠦᠨ ᠃ ᠤᠬᠠᠷᠠᠭᠰᠠᠠ ᠢ  ᠨᠢ ᠪᠤᠷᠬᠠᠠ ᠪᠤᠳᠢᠰᠠᠳᠤ᠎ᠠ ᠭᠡᠨ᠎ᠠ ᠂ ᠤᠬᠠᠷᠠᠭᠠᠳᠤᠢ ᠶᠢ  ᠨᠢ ᠡᠭᠡᠯ ᠭᠦ᠋ᠮᠤᠠ ᠭᠡᠨ᠎ᠠ ᠃ ᠪᠢᠰᠢᠯᠭᠠᠬᠤ ᠪᠤᠯ ᠤᠷᠴᠢᠯᠠᠩ ᠪᠤᠯᠤᠠ ᠭᠦ᠋ᠮᠤᠠ ᠤ ᠠᠮᠢᠳᠤᠷᠡᠯ  ᠳᠤ ᠬᠠᠠᠳᠤᠬᠤ ᠪᠤᠷᠤᠭᠤ ᠦᠵᠡᠯ ᠂ ᠪᠤᠷᠤᠭᠤ ᠪᠤᠳᠤᠯ ᠂ ᠪᠤᠷᠤᠭᠤ ᠭᠡᠯᠡᠯᠭᠡ ᠂ ᠪᠤᠷᠤᠭᠤ ᠠᠵᠢᠯᠯᠠᠭ᠎ᠠ ᠪᠠᠠ ᠵᠠᠯᠠᠷᠠᠭᠤᠯᠤᠨ᠎ᠠ ᠃ ᠪᠤᠷᠬᠠᠠ ᠱᠠᠰᠢᠠ ᠤ ᠪᠢᠰᠢᠯᠭᠠᠯ ᠤᠨ ᠭᠦ᠋ᠳᠤᠯᠪᠤᠷᠢ ᠪᠤᠯ ᠤᠬᠠᠭᠠᠷᠡᠯ ᠂ ᠳᠦ᠋ᠪ ᠂  ᠨᠠᠮ ᠃ ᠤᠬᠠᠭᠠᠷᠠᠭᠠᠳ ᠳᠦ᠋ᠭᠡᠷᠢᠭᠦ ᠦᠭᠡᠢ ᠂ ᠳᠦ᠋ᠪ ᠪᠦ᠋ᠭᠡᠳ ᠬᠠᠵᠠᠭᠠᠢ ᠦᠭᠡᠢ ᠂  ᠨᠠᠮ ᠪᠦ᠋ᠭᠡᠳ  ᠨᠡᠷᠪᠡᠭᠳᠡᠭᠦ ᠦᠭᠡᠢ ᠃ ᠱᠠᠭᠱᠠᠪᠠᠳ ᠂ ᠰᠠᠮᠠᠳᠢ ᠂ ᠪᠢᠯᠢᠭ ᠭᠤᠷᠪᠠᠠ ᠰᠤᠷᠭᠠᠯ ᠢ ᠳᠦ᠋ᠰᠢᠭᠯᠠᠠ ᠵᠤᠷᠢᠯᠳᠠ ᠳᠠᠭᠠᠠ ᠭᠦ᠋ᠷᠤᠮᠤᠢ ᠃ ᠪᠢᠰᠢᠯᠭᠠᠬᠤ ᠵᠢᠠ ᠰᠠᠭᠤᠷᠢ ᠪᠤᠯ ᠭᠤᠷᠪᠠᠠ ᠪᠤᠶᠠᠠ ᠂  ᠶᠢᠷᠳᠢᠡᠴᠤ ᠵᠢᠠ ᠭᠦ᠋ᠮᠤᠠ  ᠳᠤ ᠰᠠᠶᠢᠬᠠᠠ ᠬᠠᠠᠳᠤᠵᠤ ᠂ ᠵᠢᠷᠭᠤᠭᠠᠠ ᠪᠠᠷᠠᠮᠢᠳ ᠢ ᠰᠠᠶᠢᠬᠠᠠ ᠪᠢᠰᠢᠯᠭᠠᠠ ᠂ ᠪᠦ᠋ᠭᠦᠨ᠎ᠠ ᠰᠠᠶᠢᠠ ᠪᠤᠳᠢᠰᠠᠳᠤ᠎ᠠ ( 普贤菩萨 ) ᠵᠢᠠ ᠢᠷᠤᠭᠡᠯ ᠢ ᠵᠢᠷᠤᠮᠯᠠᠠ ᠂ ᠰᠤᠸᠡᠳᠢ ᠵᠢᠠ ᠤᠷᠤᠠ ( ᠳᠸᠪᠠᠵᠠᠠ )  ᠳᠤ ᠮᠠᠠᠳᠤᠯᠡᠭᠦ  ᠪᠡᠷ ᠰᠠᠳᠬᠢᠯ ᠰᠢᠭᠤᠳᠤᠳᠤᠭᠠᠢ ᠃

ᠰᠤᠷᠭᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠲᠤᠭᠲᠤ ᠶᠢᠨ ᠳᠥᠷᠪᠡᠨ ᠦᠨᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠲᠤᠭᠲᠤ ᠶᠢᠨ ᠳᠥᠷᠪᠡᠨ ᠦᠨᠡᠨ ᠳᠦ ᠨᠢᠭᠡ ᠪᠥᠷᠢᠴᠢᠯᠡᠨ ᠲᠠᠶᠢᠯᠪᠤᠷᠢ ᠬᠢᠭᠰᠡᠨ ᠪᠠᠶᠢᠳᠠᠭ ᠢ ᠲᠣᠪᠴᠢᠯᠠᠨ ᠦᠵᠡᠭᠦᠯᠪᠡᠯ :

 1. ᠵᠣᠪᠠᠯᠠᠩ ᠦᠨᠡᠨ - ᠬᠦᠮᠦᠨ ᠪᠣᠯᠤᠨ ᠠᠯᠢᠪᠠ ᠠᠮᠢᠳᠤ ᠪᠦᠬᠦᠨ ᠡᠨᠡ ᠶᠢᠷᠲᠢᠨᠴᠦ ᠲᠤ ᠲᠥᠷᠥᠨ ᠪᠤᠢ ᠪᠣᠯᠤᠭᠰᠠᠨ ᠠᠴᠠ ᠡᠬᠢᠯᠡᠨ ᠵᠣᠪᠠᠯᠠᠩ ᠡᠳ᠋ᠯᠡᠨ᠎ᠡ᠃
 2. ᠵᠣᠪᠠᠯᠠᠩ ᠤᠨ ᠰᠢᠯᠲᠠᠭᠠᠨ ᠦᠨᠡᠨ - ᠬᠦᠮᠦᠨ ᠠᠮᠢᠲᠠᠨ ᠠᠮᠢᠳᠤᠷᠠᠯ ᠤᠨ ᠢᠶᠠᠨ ᠪᠦᠬᠦ ᠬᠤᠭᠤᠴᠠᠭᠠᠨ ᠳᠤ ᠠᠮᠢᠳᠤᠷᠠᠯ ᠳᠤ ᠰᠢᠨᠤᠨ ᠵᠣᠪᠠᠯᠠᠩ ᠤᠨ ᠰᠢᠯᠲᠠᠭᠠᠨ ᠢ ᠪᠤᠢ ᠪᠣᠯᠭᠠᠵᠤ ᠪᠠᠶᠢᠳᠠᠭ᠃
 3. ᠵᠣᠪᠠᠯᠠᠩ ᠢ ᠭᠡᠲᠦᠯᠬᠦ ᠨᠢ ᠦᠨᠡᠨ - ᠰᠠᠨᠰᠠᠷ ᠤᠨ ᠬᠦᠷᠳᠦᠨ ᠡᠴᠡ ᠭᠠᠷᠪᠠᠯ ᠵᠣᠪᠠᠯᠠᠩ ᠠᠴᠠ ᠪᠦᠷᠢᠮᠦᠰᠦᠨ ᠠᠩᠭᠢᠵᠢᠷᠠᠨ ᠨᠢᠷᠸᠠᠨ ᠪᠣᠯᠤᠨ᠎ᠠ ᠭᠡᠵᠦ ᠦᠵᠡᠳᠡᠭ᠃
 4. ᠵᠣᠪᠠᠯᠠᠩ ᠢ ᠭᠡᠲᠦᠯᠬᠦ ᠠᠷᠭ᠎ᠠ ᠵᠠᠮ ᠦᠨᠡᠨ - ᠵᠣᠪᠠᠯᠠᠩ ᠠᠴᠠ ᠠᠩᠭᠢᠵᠢᠷᠠᠬᠤ ᠨᠠᠶᠢᠮᠠᠨ ᠵᠥᠪ ᠵᠠᠮ

ᠨᠠᠶᠢᠮᠠᠨ ᠮᠥᠷ ᠲᠦ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠶᠢᠮᠠᠨ ᠵᠥᠪ ᠵᠠᠮ ᠢ ᠢᠯᠡᠳᠬᠡᠭᠰᠡᠨ ᠬᠦᠷᠳᠦ

ᠨᠠᠶᠢᠮᠠᠨ ᠵᠥᠪ ᠵᠠᠮ ᠢᠶᠠᠷ ᠶᠠᠪᠤᠪᠠᠯ ᠵᠣᠪᠠᠯᠠᠩ ᠠᠴᠠ ᠠᠩᠭᠢᠵᠢᠷᠠᠵᠤ᠂ ᠨᠢᠷᠸᠠᠨ ᠳᠦᠷᠢ ᠣᠯᠤᠨ᠎ᠠ ᠭᠡᠵᠦ ᠦᠵᠡᠳᠡᠭ᠃

 1. ᠵᠥᠪ ᠰᠡᠳᠬᠢᠬᠦᠢ
 2. ᠵᠥᠪ ᠰᠠᠨᠠᠭ᠎ᠠ
 3. ᠵᠥᠪ ᠶᠠᠷᠢᠶ᠎ᠠ
 4. ᠵᠥᠪ ᠦᠢᠯᠡᠳᠦᠯ
 5. ᠵᠥᠪ ᠠᠮᠢᠳᠤᠷᠠᠯ
 6. ᠵᠥᠪ ᠵᠢᠳᠬᠦᠯ
 7. ᠵᠥᠪ ᠣᠶᠢᠯᠠᠭᠠᠯᠲᠠ
 8. ᠵᠥᠪ ᠲᠥᠪᠯᠡᠷᠡᠯ

ᠡᠭᠦᠨ ᠡᠴᠡ ᠭᠠᠳᠠᠨ᠎ᠠ ᠬᠠᠮᠤᠭ ᠤᠨ ᠴᠢᠬᠤᠯᠠ ᠤᠬᠠᠭᠳᠠᠬᠤᠨ ᠨᠢ ᠪᠤᠳ᠋ᠳ᠋ᠾᠠ ᠶᠢᠨ ᠱᠠᠰᠢᠨ ᠤ ᠢᠲᠡᠭᠡᠯ ᠬᠡᠮᠡᠬᠦ ᠨᠣᠮ ᠶᠤᠮ᠃ᠤᠭ ᠰᠤᠷᠭᠠᠯ ᠨᠢ ᠪᠤᠳ᠋ᠳ᠋ᠾᠠ ᠶᠢᠨ ᠭᠦᠨ ᠤᠬᠠᠭᠠᠨ ᠤ ᠪᠦᠬᠦ ᠴᠢᠬᠤᠯᠠ ᠰᠤᠷᠭᠠᠯ ᠤᠳ ᠢ ᠪᠠᠭᠴᠠᠯᠠᠨ ᠬᠤᠷᠢᠶᠠᠭᠰᠠᠨ ᠪᠠᠶᠢᠳᠠᠭ᠃

ᠭᠤᠷᠪᠠᠨ ᠰᠠᠢᠢᠨ ᠵᠠᠶᠠᠭ᠎ᠠ᠄ ᠲᠡᠭᠷᠢ᠂ ᠠᠰᠤᠷᠢ᠂ ᠬᠦᠮᠦᠨ ‍ᠣ ᠤᠷᠤᠨ ᠳᠤ ᠲᠦᠷᠦᠬᠦ

ᠭᠤᠷᠪᠠᠨ ᠮᠠᠭᠤ ᠵᠠᠶᠠᠭ᠎ᠠ᠄ ᠠᠳᠤᠭᠤᠰᠤ᠂ ᠪᠡᠷᠢᠳ᠂ ᠲᠠᠮᠤ ᠶᠢᠨ ᠤᠷᠤᠨ ᠳᠤ ᠲᠦᠷᠦᠬᠦ

ᠭᠤᠷᠪᠠᠨ ᠬᠤᠤᠷ᠄

ᠭᠤᠷᠪᠠᠨ ᠭᠡᠮ᠄

ᠠᠷᠪᠠᠨ ᠴᠠᠭᠠᠨᠪᠤᠶᠠᠨ᠄ 1 ᠠᠮᠢ ᠬᠤᠷᠤᠭᠠᠬᠤ ᠦᠬᠡᠢ

2 ᠡᠰᠡ ᠦᠭᠭᠦᠭᠰᠡᠨ ᠢ ᠠᠪᠬᠤ ᠦᠭᠡᠢ

3 ᠠᠷᠢᠭᠤᠨ ᠪᠤᠰᠤ ᠶᠠᠪᠤᠳᠠᠯ  ᠦᠢᠯᠡᠳᠬᠦ ᠦᠭᠡᠢ

4 ᠬᠤᠪ ᠶᠠᠷᠢᠶ᠎ᠠ ᠶᠠᠷᠢᠬᠤ ᠦᠭᠡᠢ

5 ᠬᠤᠳᠠᠯ ᠦᠭᠦᠯᠡᠬᠦ ᠦᠭᠡᠢ

6 ᠰᠢᠷᠦᠭᠦᠨ ᠦᠭᠦᠯᠡᠬᠦ ᠦᠭᠡᠢ

7 ᠴᠠᠯᠴᠢᠶ᠎ᠠ ᠦᠭᠡ ᠬᠡᠯᠡᠬᠦ ᠦᠭᠡᠢ

8 ᠪᠤᠰᠤᠳ ᠦᠨ ᠡᠳ᠋  ᠲᠤ ᠦᠯᠦ ᠰᠢᠨᠤᠬᠤ

9 ᠪᠤᠰᠤᠳ ᠢ ᠬᠤᠤᠷᠯᠠᠬᠤ ᠰᠡᠳᠬᠡᠯ ᠡᠭᠦᠰᠬᠡᠬᠦ ᠦᠭᠡᠢ

10 ᠪᠤᠷᠤᠭᠤ ᠦᠵᠡᠯ ᠲᠦᠷᠦᠬᠦ ᠦᠭᠡᠢ

ᠠᠷᠪᠠᠨ ᠬᠠᠷ᠎ᠠ ᠨᠢᠭᠦᠯ᠄

ᠰᠠᠯᠪᠤᠷᠢ ᠰᠠᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠪᠡᠳ ᠤᠨ ᠪᠤᠷᠬᠠᠨ ᠱᠠᠰᠢᠨ

ᠨᠢᠩᠮᠠᠪᠠ 宁玛派(红教)

ᠭᠠᠵᠦ᠋ᠳᠪᠠ 噶举派(白教)

ᠰᠠᠵᠡᠪᠠ 萨迦派(花教)

ᠵᠤᠨᠠᠩᠪᠠ 觉囊派

ᠭᠠᠳᠠᠮᠪᠠ 噶当派

ᠰᠢᠵᠢᠳᠪᠠ 希解派

ᠭᠠᠷᠮᠪᠠ ᠶᠢᠨ ᠭᠠᠵᠦ᠋ᠳᠪᠠ

ᠭᠡᠯᠦᠭ᠍ᠪᠠ

ᠨᠡᠷᠡᠰ ᠦᠭᠡ ᠶᠢᠨ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠳᠠᠬᠤ ᠵᠢᠷᠤᠭ</div>
ᠪᠣᠳᠢᠭᠠᠶᠠ ᠳᠠᠬᠢ ᠪᠤᠷᠬᠠᠨ ᠪᠠᠭᠰᠢ ᠶᠢᠨ ᠱᠤᠭᠤᠮᠠᠯ
ᠨᠡᠷᠡᠰ ᠦᠭᠡ
ᠰᠨᠨᠰᠺᠷᠢᠲ ᠬᠡᠯᠡ᠌᠌᠌ ᠮᠤᠩ‍ᠭᠤᠯ ᠬᠡᠯᠡ ᠲᠥᠪᠡᠳ ᠬᠡᠯᠡ ᠲᠠᠶᠢᠯᠪᠤᠷᠢ
ᠪᠤᠳ᠋ᡁᡁᠠ ᠪᠤᠷᠬᠠᠨ ᠰᠠᠩᠵᠠᠢ
ᠱᠠᠰᠢᠨ
ᠬᠤᠸᠠᠷᠠᠭ
ᠪᠠᠨᠳᠢᠳᠠ
ᠴᠤᠷᠵᠢ
ᠬᠡᠪᠰᠢ
ᠪᠤᠳᠢᠰᠠᠳᠤ᠎ᠠ
ᠭᠡᠯᠤᠭ᠍ᠪᠠ
ᠽᠤᠩᠺᠠᠪᠠ

ᠴᠤᠢᠢᠷᠣ᠎ᠠ᠄ ᠨᠤᠮ ᠬᠠᠶᠠᠯᠴᠠᠬᠤ ᠶᠡᠬᠡ ᠬᠤᠷᠠᠯ ᠭᠡᠰᠡᠨ ᠲᠦᠪᠡᠳ ᠦᠭᠡ᠃

ᠯᠠᠮᠠ᠄

ᠬᠤᠸᠠᠷᠠᠭ᠄

ᠭᠠᠨᠵᠤᠤᠷ᠄

ᠲᠠᠨᠵᠤᠤᠷ᠄

ᠱᠠᠭᠵᠠᠮᠤᠨᠢ᠄

ᠱᠠᠭᠢᠮᠤᠨᠢ᠄ ᠱᠠᠭᠢ ᠦᠨᠳᠦᠰᠦᠳᠡᠨ ᠤ ᠪᠤᠭᠳᠠ ᠮᠤᠨᠢ ᠭᠡᠳᠡᠭ ᠨᠢ ᠪᠢᠰᠢᠯᠭᠠᠳᠠᠨ ᠭᠡᠰᠡᠨ ᠡᠨᠡᠳᠬᠡᠭ᠌ ᠦᠭᠡ

ᠪᠤᠷᠬᠠᠨ᠄ᠨᠡᠪᠳᠡᠷᠬᠡᠢ ᠮᠡᠳᠡᠭᠰᠡᠨ ᠬᠦᠮᠦᠨ᠂ ᠰᠡᠴᠡᠨ ᠮᠡᠷᠭᠡᠨ ᠭᠡᠰᠡᠨ ᠡᠨᠡᠳᠬᠡᠭ᠌ ᠦᠭᠡ

ᠰᠦᠮ᠎ᠡ᠄ᠯᠡᠮᠠ ᠬᠤᠸᠠᠷᠠᠭ ᠤᠳ ᠤᠨ ᠤᠷᠤᠨ ᠰᠠᠭᠤᠴᠠ᠃ ᠪᠠᠰᠠ ᠬᠡᠢᠢᠳ ᠪᠤᠶᠤ ᠵᠤᠤ ᠭᠡᠳᠡᠭ᠃ᠵᠤᠤ ᠭᠡᠳᠡᠭ ᠨᠢ ᠲᠦᠪᠡᠳ ᠦᠭᠡ᠃ ᠲᠤᠭᠠᠩ᠄

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ