ᠪᠤᠲᠤᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠪᠤᠲᠤᠩ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠤᠲᠠᠨ ᠤ ᠸᠠᠩᠲᠤ ᠤᠯᠤᠰ
འབྲུག་ཡུལ་ (ᠵᠣᠨᠺᠠ) </small></span></br>ᠳᠠᠷᠤᠺ ᠶᠦᠯ
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
འབྲུག་ཙན་དན་ — «ᠳᠠᠷᠤᠺ ᠼᠧᠩᠳᠦᠩ»
(ᠠᠶᠤᠩᠭᠠᠲᠤ ᠯᠤᠤᠨ ᠤ ᠤᠯᠤᠰ)
ᠳᠡᠯᠡᠬᠡᠢ ᠶᠢᠨ ᠲᠠᠯ᠎ᠠ ᠪᠥᠮᠪᠥᠷᠴᠡᠭ ᠳ᠋ᠡᠬᠢ ᠪᠤᠲᠠᠨ ᠤ ᠪᠠᠶᠢᠷᠢᠰᠢᠯ
ᠳᠡᠯᠡᠬᠡᠢ ᠶᠢᠨ ᠲᠠᠯ᠎ᠠ ᠪᠥᠮᠪᠥᠷᠴᠡᠭ ᠳ᠋ᠡᠬᠢ ᠪᠤᠲᠠᠨ ᠤ ᠪᠠᠶᠢᠷᠢᠰᠢᠯ
ᠨᠡᠶᠢᠰᠯᠡᠯᠲᠬᠢᠮᠫᠬᠤ
ᠲᠣᠮᠣ ᠬᠣᠲᠠ 1. ᠲᠬᠢᠮᠫᠬᠤ
2. ᠫᠬᠤᠨᠴᠢᠯᠢᠩ ᠢ
ᠠᠯᠪᠠᠨ ᠬᠡᠯᠡ ᠵᠣᠨᠺᠠ ᠬᠡᠯᠡ
ᠠᠷᠠᠳ ᠲᠦᠮᠡᠨ  ᠪᠤᠲᠠᠨ ᠤ ᠠᠷᠠᠳ ᠲᠦᠮᠡᠨ →
50% – ᠲᠥᠪᠡᠳᠥ ᠡᠴᠡ ᠭᠠᠷᠤᠭᠰᠠᠨ
35% – ᠪᠠᠯᠪᠠᠠ ᠠᠴᠠ ᠭᠠᠷᠤᠭᠰᠠᠨ
15% – ᠪᠤᠰᠤᠳ ᠠᠷᠠᠳ ᠲᠦᠮᠡᠨ
 -  ᠨᠤᠲᠤᠭ ᠤᠨ ᠣᠯᠠᠨ ᠪᠤᠲᠠᠨ ᠤ ᠬᠢᠨ
(ᠪᠤᠲᠤᠩ ᠤᠯᠤᠰ ᠤᠨ ᠬᠢᠨ)
ᠲᠥᠷᠥ ᠵᠠᠰᠠᠭ ᠬᠡᠮᠵᠢᠶ᠎ᠡ ᠳᠦ ᠡᠷᠬᠡᠲᠦ ᠬᠠᠭᠠᠨᠲᠤ ᠵᠠᠰᠠᠭ
 -  ᠸᠠᠩ ᠵᠢᠭᠮᠢᠳᠡᠭᠡᠰᠡᠷ-
ᠨᠠᠮᠵᠢᠯ ᠸᠠᠩᠴᠢᠭ
(2006)
 -  ᠶᠡᠷᠦᠩᠬᠡᠢ ᠰᠠᠶᠢᠳ ᠰᠡᠷᠡᠩᠳᠠᠭᠪᠠ? (2013)
 -  ᠤᠯᠤᠰ ᠤᠨ ᠬᠤᠷᠠᠯ ᠬᠣᠶᠠᠷ ᠲᠠᠩᠬᠢᠮ ᠲᠠᠢ ᠬᠤᠷᠠᠯ
ᠲᠡᠦᠬᠡᠨ ᠡᠷᠭᠢᠯᠲᠡ
 -  ᠠᠷᠪᠠᠨ ᠳᠣᠯᠤᠳᠤᠭᠠᠷ ᠵᠠᠭᠤᠨ ᠤᠯᠤᠰ ᠡᠭᠦᠰᠦᠭᠰᠡᠨ 
 -  1907-12-17 ᠸᠠᠩᠴᠢᠭ ᠤᠨ ᠤᠯᠤᠰ 
 -  2007 ᠣᠨ ᠬᠡᠮᠵᠢᠶ᠎ᠡ ᠳᠦ ᠡᠷᠬᠡᠲᠦ ᠸᠠᠩ 
ᠨᠤᠲᠤᠭ ᠳᠡᠪᠢᠰᠬᠡᠷ
 -  ᠪᠦᠬᠦ ᠲᠠᠯᠠᠪᠠᠢ 38,394 km2 (135)
 -  ᠭᠠᠳᠠᠷᠭᠤ ᠶᠢᠨ ᠤᠰᠤ (%) 1.1 ᠬᠤᠪᠢ
ᠬᠦᠮᠦᠨ ᠠᠮᠠ
 -  ᠲᠣᠭᠠᠴᠠᠭ᠎ᠠ (2011) 742,737 [1] (165)
 -  ᠲᠣᠭᠠᠯᠠᠯᠭ᠎ᠠ (2005) 634,982[2] 
 -  ᠨᠢᠭᠲᠠᠴᠠ ᠰᠡᠶᠢᠷᠡᠭ 18.0 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $3.875 ᠲᠡᠷᠪᠤᠮ[3] 
 -  ᠨᠢᠭᠡ ᠬᠦᠨᠳᠦ $5,429[3] 
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $1.412 ᠲᠡᠷᠪᠤᠮ[3] 
 -  ᠨᠢᠭᠡ ᠬᠦᠨᠳᠦ $1,978[3] 
Gini  38.7[4] (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2007) 0.619[5] (ᠳᠤᠮᠳᠠᠴᠢ) (132)
ᠮᠥᠩᠭᠥᠨ ᠦ ᠨᠢᠭᠡᠴᠡ ᠪᠤᠲᠠᠨ ᠤ ᠨᠤᠯᠲᠤᠷᠤᠮ (BTN)
ᠴᠠᠭ ᠤᠨ ᠪᠥᠰᠡ ᠪᠤᠲᠠᠨ ᠤ ᠴᠠᠭ (GMT+6)
ᠤᠲᠠᠰᠤ᠂ ᠳᠣᠮᠡᠢ ᠶᠢᠨ +975 / .bt
ᠨᠡᠷ᠎ᠡ ᠲᠣᠮᠢᠶ᠎ᠠ BT, BTN / ᠪᠤᠲᠠᠪᠤ
ᠪᠠᠶᠢᠷᠢ ᠵᠦᠢ ᠶᠢᠨ ᠭᠠᠵᠠᠷ ᠤᠨ ᠵᠢᠷᠤᠭ᠃ 4000 ᠮ ᠡᠴᠡ ᠳᠡᠭᠡᠭᠰᠢ ᠴᠠᠶᠢᠪᠤᠷ
ᠪᠠᠶᠢᠷᠢ ᠵᠦᠢ ᠶᠢᠨ ᠭᠠᠵᠠᠷ ᠤᠨ ᠵᠢᠷᠤᠭ᠃ 4000 ᠮ ᠡᠴᠡ ᠳᠡᠭᠡᠭᠰᠢ ᠴᠠᠶᠢᠪᠤᠷ

ᠪᠤᠲᠤᠩ, ᠠᠯᠪᠠᠨ ᠶᠣᠰᠣᠭᠠᠷ ᠪᠤᠲᠠᠨ ᠤ ᠸᠠᠩᠲᠤ ᠤᠯᠤᠰ ᠨᠢ ᠭᠢᠮᠠᠯᠢᠶ ᠠ ᠶᠢᠨ ᠨᠢᠷᠤᠭᠤᠨ ᠤ ᠵᠡᠭᠦᠨ ᠬᠣᠰᠢᠭᠤᠨ ᠳᠤ ᠤᠷᠤᠰᠢᠬᠤ ᠳᠠᠯᠠᠢ ᠳᠤ ᠭᠠᠷᠤᠴᠠ ᠦᠭᠡᠢᠡᠮᠦᠨᠡᠲᠦ ᠠᠽᠢᠶ᠎ᠠ ᠍ ᠶᠢᠨ ᠣᠷᠣᠨ ᠶᠤᠮ᠃ ᠪᠤᠲᠤᠩ ᠤᠯᠤᠰ ᠨᠢ ᠵᠡᠭᠦᠨ᠂ ᠤᠷᠳᠤ᠂ ᠪᠠᠷᠠᠭᠤᠨ ᠲᠠᠯ᠎ᠠ ᠳᠤ ᠪᠠᠨ ᠡᠨᠡᠳᠬᠡᠭ᠂ ᠬᠣᠶᠢᠳᠤ ᠲᠠᠯ᠎ᠠ ᠳᠤ ᠪᠠᠨ ᠬᠢᠲᠠᠳ ᠤᠯᠤᠰ ᠤᠳ ᠲᠠᠢ ᠬᠢᠯᠢ ᠵᠠᠯᠭᠠᠳᠠᠭ ᠠᠴᠠ ᠭᠠᠳᠠᠨ᠎ᠠ ᠪᠠᠯᠪᠠᠪᠧᠩᠭᠠᠯ ᠤᠯᠤᠰ ᠤᠳ ᠲᠠᠢ ᠣᠶᠢᠷᠠᠯᠴᠠᠭ᠎ᠠ ᠪᠠᠶᠢᠷᠢᠯᠠᠳᠠᠭ᠃

ᠪᠤᠲᠤᠩ ᠨᠢ 17 ᠍ ᠳᠦᠭᠡᠷ ᠵᠠᠭᠤᠨᠢ ᠦᠶ᠎ᠡ ᠳᠦ ᠲᠥᠷᠥ ᠳᠦ ᠤᠯᠤᠰᠤ ᠦᠭᠡᠢ᠂ ᠰᠠᠯᠤᠩᠭᠢᠳᠠ ᠣᠯᠠᠨ ᠵᠢᠵᠢᠭ ᠬᠠᠮᠵᠢᠯᠭᠠᠲᠤ ᠶᠣᠰᠣ ᠲᠣᠭᠲᠠᠵᠤ ᠪᠠᠶᠢᠭᠰᠠᠨ ᠢ 1616 ᠣᠨ ᠳᠤ ᠲᠥᠪᠡᠳ ᠲᠦ ᠪᠡᠨ ᠬᠠᠪᠴᠢᠭᠳᠠᠭᠰᠠᠨ ᠯᠠᠮᠠ ᠠᠭᠸᠠᠩ ᠨᠠᠮᠵᠢᠯ ᠢᠷᠡᠵᠦ ᠨᠢᠭᠡᠳᠬᠡᠨ᠂ ᠤᠯᠤᠰ ᠪᠣᠯᠭᠠᠭᠰᠠᠨ ᠢᠶᠠᠷ ᠥᠨᠥ ᠶᠢᠨ ᠪᠤᠲᠠᠨ ᠤ ᠰᠠᠭᠤᠷᠢ ᠶᠢ ᠲᠠᠯᠪᠢᠵᠠᠢ᠃ ᠠᠭᠸᠠᠩ ᠨᠠᠮᠵᠢᠯ ᠢ 1654 ᠣᠨ ᠳᠤ ᠥᠭᠡᠳᠡ ᠪᠣᠯᠣᠰᠣᠨ ᠠᠴᠠ ᠬᠣᠶᠢᠰᠢ᠂ ᠳᠣᠲᠣᠭᠠᠳᠤ ᠶᠢᠨ ᠲᠡᠮᠡᠴᠡᠯ᠂ ᠬᠥᠷᠰᠢ ᠤᠯᠤᠰ ᠤᠳ ᠤᠨ ᠡᠵᠡᠮᠰᠢᠯ ᠳᠦ ᠣᠷᠣᠵᠤ ᠭᠠᠷᠴᠤ ᠶᠠᠪᠤᠭᠰᠠᠭᠠᠷ᠂ 1910 ᠣᠨ ᠳᠤ ᠪᠷᠢᠲ᠋ᠠᠨᠢᠳ ᠬᠦᠯᠢᠶᠡᠨ ᠵᠥᠪᠰᠢᠶᠡᠷᠡᠭᠳᠡᠵᠦ᠂ ᠬᠣᠯᠪᠣᠭᠠᠲᠠᠨ ᠪᠣᠯᠤᠭᠰᠠᠨ ᠢᠶᠠᠷ ᠲᠤᠰᠠᠭᠠᠷ ᠤᠯᠤᠰ ᠪᠣᠯᠤᠭᠰᠠᠨ᠃

ᠪᠤᠲᠤᠩᠴᠢ ᠨᠤᠭᠤᠳ ᠤᠨ ᠳᠡᠶᠢᠯᠦᠩᠬᠢ ᠨᠢ ᠲᠥᠪᠡᠳ ᠦᠨ ᠪᠤᠳ᠋ᠳ᠋ᠾᠠ ᠶᠢᠨ ᠱᠠᠰᠢᠨ ᠤ ᠰᠢᠲᠦᠯᠭᠡ ᠲᠡᠢ᠃ ᠬᠡᠮᠵᠢᠶᠡᠯᠡᠰᠢ ᠦᠭᠡᠢ ᠡᠷᠬᠡᠲᠦ ᠬᠠᠭᠠᠨ ᠳᠤ ᠶᠣᠰᠣᠲᠣᠢ ᠪᠠᠶᠢᠭᠰᠠᠨ ᠪᠤᠲᠤᠩ 2007 ᠣᠨ ᠳᠤ ᠦᠨᠳᠦᠰᠦᠨ ᠬᠠᠤᠯᠢ ᠳᠤ ᠬᠠᠭᠠᠨᠲᠤ ᠤᠯᠤᠰ ᠪᠣᠯᠤᠭᠰᠠᠨ ᠶᠤᠮ᠃ ᠣᠳᠣ ᠶᠢᠨ ᠬᠠᠭᠠᠨ ᠨᠢ ᠵᠢᠭᠮᠢᠳᠡᠭᠰᠷᠨᠠᠮᠵᠢᠯ ᠸᠠᠩᠴᠢᠭ᠂ ᠤᠯᠤᠰ ᠤᠨ ᠨᠡᠶᠢᠰᠯᠡᠯ ᠨᠢ ᠲᠬᠢᠮᠫᠬᠤ ᠬᠣᠲᠠ ᠶᠤᠮ᠃

ᠪᠤᠲᠤᠩ ᠨᠢ ᠨᠡᠶᠢᠲᠡ 38,394 ᠠᠮᠠ ᠳᠥᠷᠪᠡᠯᠵᠢᠨ ᠺᠢᠯᠣᠮᠧᠲ᠋ᠷ ᠨᠤᠲᠤᠭ ᠲᠠᠢ᠂ 691,141 ᠬᠦᠮᠦᠨ ᠠᠮᠠ ᠲᠠᠢ ᠪᠣᠯᠬᠤ ᠪᠠ ᠡᠳᠡᠭᠡᠷ ᠦᠵᠡᠭᠦᠯᠦᠯᠲᠡ ᠪᠡᠷ ᠵᠢᠵᠢᠭ ᠣᠷᠣᠨ ᠤ ᠠᠩᠬᠢᠯᠠᠯ ᠳᠤ ᠪᠠᠭᠠᠳᠬᠤ ᠶᠤᠮ᠃ ᠪᠤᠲᠤᠩ ᠳᠤ ᠠᠮᠠᠨ ᠶᠠᠷᠢᠶᠠᠨ ᠤ 24 ᠬᠡᠯᠡ ᠪᠠᠶᠢᠭ᠎ᠠ ᠠᠴᠠ ᠵᠣᠩᠬᠠ ᠬᠡᠯᠡ ᠨᠢ ᠠᠯᠪᠠᠨ ᠶᠣᠰᠣᠨ ᠤ ᠤᠯᠤᠰ ᠤᠨ ᠬᠡᠯᠡ ᠪᠣᠯᠳᠠᠭ᠃

ᠪᠤᠲᠠᠨ ᠤ ᠸᠠᠩᠲᠤ ᠤᠯᠤᠰ ᠡᠮᠦᠨᠡᠲᠦ ᠠᠽᠢ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠡᠨᠡᠳᠬᠡᠭ ᠤᠯᠤᠰ ᠲᠠᠢ ᠬᠢᠯᠢᠯᠡᠨ ᠣᠷᠣᠰᠢᠨ᠎ᠠ᠃ ᠳᠠᠯᠠᠢ ᠶᠢᠨ ᠲᠦᠪᠰᠢᠨ ᠡᠴᠡ 7554 ᠮ ᠬᠦᠷᠲᠡᠯ᠎ᠡ ᠡᠷᠭᠦᠭᠳᠡᠭᠰᠡᠨ ᠪᠷᠠᠬᠠᠮᠠᠫᠦ᠋ᠲᠷᠠ ᠭᠣᠣᠯ ᠤᠨ ᠰᠠ ᠭᠠᠵᠠᠷ ᠤᠨ ᠥᠷᠭᠡᠨ ᠬᠥᠨᠳᠡᠢ ᠪᠡᠷ ᠬᠡᠷᠴᠢᠭᠳᠡᠭᠰᠡᠨ ᠲᠤᠰ ᠣᠷᠣᠨ ᠤ ᠤᠤᠯ ᠤᠨ ᠳ᠋ᠣᠣ ᠳᠤ ᠬᠡᠰᠡᠭ ᠲᠷᠣᠫᠢᠺ ᠤᠨ᠂ ᠳᠡᠭᠡᠳᠦ ᠬᠡᠰᠡᠭ ᠨᠡᠯᠢᠶᠡᠳ ᠬᠦᠢᠲᠡᠨ ᠠᠭᠤᠷ ᠠᠮᠢᠰᠬᠤᠯ ᠲᠠᠢ᠃ ᠮᠥᠩᠬᠡ ᠨᠣᠭᠣᠭᠠᠨ ᠨᠠᠪᠴᠢᠲᠤ ᠪᠣᠯᠤᠨ ᠨᠠᠪᠴᠢ ᠪᠠᠨ ᠭᠥᠪᠳᠡᠭ ᠰᠢᠯᠮᠦᠦᠰᠦᠲᠦ ᠣᠢ ᠲᠠᠢ᠃ ᠦᠨᠡᠲᠦ ᠮᠣᠳᠣ᠂ ᠲᠡᠮᠦᠷ ᠦᠨ ᠬᠥᠳᠡᠷ᠂ ᠨᠡᠭᠦᠷᠡᠰᠦ᠂ ᠭᠥᠯᠲᠥᠭᠡᠨ᠎ᠡ᠂ ᠭᠢᠯᠲᠠᠭᠠᠨᠠᠭᠤᠷ ᠵᠡᠷᠭᠡ ᠪᠠᠶᠠᠯᠢᠭ ᠲᠠᠢ᠃

ᠪᠤᠲᠠᠨ ᠤ ᠬᠦᠮᠦᠨ ᠠᠮᠠ ᠨᠢ ᠪᠬᠣᠲ᠋ᠢ ᠪᠣᠯᠤᠨ ᠲᠥᠪᠡᠳ᠂ ᠪᠠᠯᠪᠠ᠂ ᠡᠨᠡᠳᠬᠡᠭ ᠭᠠᠷᠤᠯ ᠲᠠᠢ ᠬᠦᠮᠦᠰ ᠡᠴᠡ ᠪᠥᠷᠢᠳᠦᠨ᠎ᠡ᠃ ᠠᠯᠪᠠᠨ ᠶᠣᠰᠣᠨ ᠤ ᠬᠡᠯᠡ ᠨᠢ ᠵᠣᠨ ᠢ ᠺᠡ ᠪᠤᠶᠤ ᠪᠬᠣᠲ᠋ᠢ᠃

ᠲᠤᠰ ᠤᠯᠤᠰ ᠨᠢ ᠹᠧᠣᠳᠠᠯ ᠤᠨ ᠬᠠᠷᠢᠯᠴᠠᠭ᠎ᠠ ᠨᠣᠶᠠᠷᠬᠠᠭᠰᠠᠨ ᠬᠥᠳᠡᠭᠡ ᠠᠵᠤ ᠠᠬᠤᠢ ᠶᠢᠨ ᠣᠷᠣᠨ ᠪᠥᠭᠡᠳ ᠠᠵᠢᠯ ᠡᠷᠬᠢᠯᠡᠳᠡᠭ ᠬᠦᠮᠦᠨ ᠠᠮᠠ ᠶᠢᠨ 95 ᠬᠤᠪᠢ ᠬᠥᠳᠡᠭᠡ ᠠᠵᠤ ᠠᠬᠤᠢ ᠳᠤ ᠠᠵᠢᠯᠯᠠᠳᠠᠭ᠃ ᠭᠣᠣᠯ ᠤᠨ ᠬᠥᠨᠳᠡᠢ᠂ ᠠᠭᠤᠯᠠ ᠶᠢᠨ ᠬᠣᠷᠮᠣᠢ ᠪᠠᠷ ᠤᠰᠤᠯᠠᠭ᠎ᠠ ᠲᠠᠢ ᠭᠠᠵᠠᠷ ᠲᠠᠷᠢᠶᠠᠯᠠᠩ ᠡᠷᠬᠡᠯᠡᠨ᠎ᠡ᠃ ᠭᠠᠵᠠᠷ ᠲᠠᠷᠢᠶᠠᠯᠠᠩ ᠳᠤ ᠲᠤᠲᠤᠷᠭ᠎ᠠ᠂ ᠪᠤᠭᠤᠳᠠᠢ᠂ ᠠᠷᠪᠠᠢ᠂ ᠰᠢᠷ᠎ᠠ ᠪᠤᠳᠠᠭ᠎ᠠ᠂ ᠡᠷᠳᠡᠨᠢ ᠰᠢᠰᠢ᠂ ᠭᠤᠷᠪᠠᠯᠵᠢᠨ ᠪᠤᠳᠠᠭ᠎ᠠ᠂ ᠲᠥᠮᠥᠰᠥ᠂ ᠬᠥᠪᠥᠩ ᠲᠠᠷᠢᠶᠠᠯᠠᠵᠤ ᠬᠦᠨᠡᠰᠦᠨ ᠦ ᠨᠣᠭᠣᠭ᠎ᠠ᠂ ᠵᠢᠮᠢᠰ᠂ ᠴᠡᠴᠡᠷᠯᠢᠭ ᠦᠨ ᠠᠵᠤ ᠠᠬᠤᠢ ᠭᠣᠣᠯᠯᠠᠳᠠᠭ᠃ ᠪᠡᠯᠴᠢᠭᠡᠷ ᠦᠨ ᠮᠠᠯ ᠠᠵᠤ ᠠᠬᠤᠢ ᠲᠠᠢ᠃ ᠦᠬᠡᠷ᠂ ᠰᠠᠷᠯᠤᠭ᠂ ᠬᠣᠨᠢ᠂ ᠯᠠᠭᠤᠰᠠ᠂ ᠭᠠᠬᠠᠢ ᠥᠰᠬᠡᠨ᠎ᠡ᠃

ᠭᠠᠷ ᠦᠢᠯᠡᠳᠪᠦᠷᠢ ᠶᠢᠨ ᠠᠷᠭ᠎ᠠ ᠪᠠᠷ ᠬᠥᠪᠥᠩ᠂ ᠬᠡᠪᠢᠰ᠂ ᠰᠦᠯᠵᠢᠮᠡᠯ ᠡᠳ᠋ᠯᠡᠯ᠂ ᠬᠥᠳᠡᠭᠡ ᠠᠵᠤ ᠠᠬᠤᠢ ᠶᠢᠨ ᠪᠠ ᠭᠡᠷ ᠠᠬᠤᠢ ᠶᠢᠨ ᠬᠡᠷᠡᠭᠰᠡᠯ᠂ ᠮᠣᠳᠣ᠂ ᠮᠧᠲ᠋ᠠᠯ ᠢᠶᠠᠷ ᠭᠣᠶᠣᠯ ᠴᠢᠮᠡᠭᠯᠡᠯ ᠦᠨ ᠵᠦᠢᠯ ᠬᠢᠨ᠎ᠡ᠃

ᠲᠡᠮᠦᠷ ᠦᠨ ᠬᠥᠳᠡᠷ᠂ ᠨᠡᠭᠦᠷᠡᠰᠦ᠂ ᠭᠥᠯᠲᠥᠭᠡᠨ᠎ᠡ᠂ ᠭᠢᠯᠲᠠᠭᠠᠨᠠᠭᠤᠷ ᠣᠯᠪᠤᠷᠢᠯᠠᠳᠠᠭ᠃ ᠭᠠᠳᠠᠭᠠᠳᠤ ᠳᠤ ᠮᠣᠳᠣᠨ ᠡᠳ᠋ᠯᠡᠯ᠂ ᠯᠠᠵᠠᠯᠠᠭᠰᠠᠨ ᠵᠢᠮᠢᠰ᠂ ᠵᠢᠭᠠᠷ ᠭᠠᠷᠭᠠᠨ᠎ᠠ᠃

ᠪᠤᠲᠤᠩ ᠡᠨᠡᠳᠬᠡᠭ ᠲᠡᠢ ᠭᠡᠷ ᠢᠶᠡᠨ ᠪᠦᠬᠦᠢ ᠣᠨᠴᠠᠭᠠᠢ ᠬᠠᠷᠢᠯᠴᠠᠭ᠎ᠠ ᠲᠠᠢ ᠣᠷᠣᠰᠢᠳᠠᠭ᠃ ᠬᠣᠶᠠᠷ ᠤᠯᠤᠰ ᠤᠨ 1949 ᠣᠨ ᠤ ᠭᠡᠷ᠎ᠡ ᠶᠣᠰᠣᠭᠠᠷ ᠪᠤᠲᠤᠩ ᠨᠢ ᠪᠠᠲᠤᠯᠠᠨ ᠬᠠᠮᠠᠭᠠᠯᠠᠬᠤ ᠠᠰᠠᠭᠤᠳᠠᠯ ᠪᠣᠯᠤᠨ ᠳᠣᠲᠣᠭᠠᠳᠤ ᠶᠢᠨ ᠪᠦᠬᠦ ᠬᠡᠷᠡᠭᠲᠦ ᠪᠡᠨ ᠪᠦᠷᠢᠨ ᠳᠦᠭᠦᠷᠡᠩ ᠪᠡᠶ᠎ᠡ ᠳᠠᠭᠠᠭᠰᠠᠨ ᠪᠣᠯᠪᠠᠴᠤ ᠭᠠᠳᠠᠭᠠᠳᠤ ᠪᠣᠳᠣᠯᠭ᠎ᠠ ᠶᠢᠨ ᠰᠠᠯᠪᠤᠷᠢ ᠳᠤ ᠡᠨᠡᠳᠬᠡᠭ ᠦᠨ ᠵᠠᠰᠠᠭ ᠤᠨ ᠭᠠᠵᠠᠷ ᠤᠨ ᠵᠥᠪᠯᠡᠭᠡ ᠶᠢ ᠮᠥᠷᠳᠡᠯᠭᠡ ᠪᠣᠯᠭᠠᠳᠠᠭ᠃ ᠲᠬᠢᠮᠫᠬᠤ ᠬᠣᠳᠠ ᠳᠤ ᠡᠨᠡᠳᠬᠡᠭ ᠦᠨ ᠵᠠᠰᠠᠭ ᠤᠨ ᠭᠠᠵᠠᠷ ᠤᠨ ᠤᠯᠤᠰ ᠲᠥᠷᠥ ᠶᠢᠨ ᠲᠥᠯᠥᠭᠡᠯᠡᠭᠴᠢ ᠶᠢᠨ ᠪᠠᠶᠢᠩᠭᠤ ᠶᠢᠨ ᠥᠷᠭᠥᠭᠡ ᠪᠠᠶᠢᠨ᠎ᠠ᠃

ᠪᠤᠲᠠᠨ ᠪᠣᠯ ᠦᠨᠳᠦᠰᠦᠨ ᠬᠠᠤᠯᠢ ᠪᠦᠬᠦᠢ ᠬᠠᠭᠠᠨᠲᠤ ᠤᠯᠤᠰ ᠶᠤᠮ᠃ ᠡᠨᠡ ᠤᠯᠤᠰ ᠱᠤᠤᠳᠠᠩ ᠤᠨ ᠮᠠᠷᠺ ᠢᠶᠠᠷ ᠢᠶᠠᠨ ᠳᠡᠯᠡᠬᠡᠢ ᠳᠦ ᠠᠯᠳᠠᠷᠲᠠᠢ ᠪᠥᠭᠡᠳ ᠡᠨᠡ ᠨᠢ ᠶᠡᠬᠡᠬᠡᠨ ᠣᠷᠣᠯᠭ᠎ᠠ ᠶᠢᠨ ᠡᠬᠢ ᠡᠭᠦᠰᠪᠦᠷᠢ ᠪᠣᠯᠳᠠᠭ ᠪᠠᠶᠢᠨ᠎ᠠ᠃

ᠪᠤᠲᠠᠨ ᠤ ᠵᠠᠰᠠᠭ ᠤᠨ ᠭᠠᠵᠠᠷ ᠡᠪᠰᠡᠯᠳᠦ ᠦᠯᠦ ᠨᠢᠭᠡ ᠳᠦ ᠬᠢ᠂ ᠤᠯᠤᠰ ᠣᠷᠣᠨ ᠨᠤᠭᠤᠳ ᠲᠠᠢ ᠨᠠᠶᠢᠷᠠᠮᠳᠠᠯ ᠲᠠᠢ᠂ ᠡᠩᠬᠡ ᠲᠠᠶᠢᠪᠤᠩ ᠢᠶᠠᠷ ᠵᠡᠷᠭᠡᠴᠡᠨ ᠤᠷᠤᠰᠢᠬᠤ ᠪᠣᠳᠣᠯᠭ᠎ᠠ ᠶᠠᠪᠤᠭᠤᠯᠵᠤ ᠪᠠᠶᠢᠨ᠎ᠠ᠃

ᠮᠥᠩᠭᠥᠨ ᠦ ᠨᠢᠭᠡᠴᠡ ᠨᠢ ᠨᠤᠯᠲᠤᠷᠤᠮ (ᠲᠢᠭᠴᠤᠩ ᠢ)


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Bhutan Population clock".
  2. Population and Housing Census of Bhutan — 2005 (PPT). UN (2005).
  3. 3.0 3.1 3.2 3.3 Bhutan. International Monetary Fund. 2011-04-20 ᠍ ᠳᠦ ᠬᠠᠨᠳᠤᠭᠰᠠᠨ᠃
  4. "Gini Index".
  5. Human Development Report 2009. Human development index trends: Table G (PDF). United Nations (2009). 2009-10-05 ᠍ ᠳᠦ ᠬᠠᠨᠳᠤᠭᠰᠠᠨ᠃
http://wiki.uhaan.com/index.php?title=ᠪᠤᠲᠤᠩ&oldid=431658》 ᠍  ᠡᠴᠡ ᠠᠪᠤᠭᠰᠠᠨ

ᠪᠢᠴᠢᠭᠡᠰᠦ