ᠪᠤᠲᠠᠷᠠᠯ ᠤᠨ ᠦᠶ᠎ᠡ ᠶᠢᠨ ᠮᠣᠩᠭᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠤᠰ ᠲᠥᠷᠥ ᠶᠢᠨ ᠪᠤᠲᠠᠷᠠᠯ ᠤᠨ ᠦᠶ᠎ᠡ ᠶᠢᠨ ᠮᠣᠩᠭᠣᠯ
ᠮᠣᠩᠭᠣᠯ ᠤᠯᠤᠰ
ᠬᠠᠭᠠᠨᠲᠤ ᠤᠯᠤᠰ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

 
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

1368–1691
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

 
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

 

ᠨᠡᠶᠢᠰᠯᠡᠯ ᠱᠠᠩᠳᠤ (1368–69)
ᠢᠩᠴᠢᠨ (1369–70)
ᠬᠠᠷᠠᠬᠣᠷᠣᠮ (1371–88)
ᠬᠡᠯᠡ ᠠᠶᠠᠯᠭᠤ ᠮᠣᠩᠭᠣᠯ ᠬᠡᠯᠡ
ᠱᠠᠰᠢᠨ ᠰᠢᠲᠦᠯᠭᠡ ᠪᠥᠭᠡ᠂ ᠬᠣᠵᠢᠮ ᠪᠤᠳ᠋ᠳ᠋ᠾᠠ ᠶᠢᠨ ᠱᠠᠰᠢᠨ
ᠲᠥᠷᠥ ᠵᠠᠰᠠᠭ ᠬᠠᠭᠠᠨᠲᠤ ᠵᠠᠰᠠᠭ
Legislature ᠶᠡᠬᠡ ᠵᠠᠰᠠᠭ
ᠲᠡᠦᠬᠡᠨ ᠣᠨ ᠳᠠᠷᠠᠭᠠᠯᠠᠯ 14 ᠳ᠋ᠣᠭᠠᠷ ᠵᠠᠭᠤᠨ ᠠᠴᠠ 17 ᠍ ᠳ᠋ᠣᠭᠠᠷ ᠵᠠᠭᠤᠨ
 - ᠶᠤᠸᠠᠨ ᠤᠯᠤᠰ ᠍ ᠤᠨ ᠲᠥᠷᠥ ᠮᠥᠬᠥᠵᠦ ᠮᠣᠩᠭᠣᠯ ᠤᠨ ᠶᠡᠬᠡ ᠬᠠᠭᠠᠨ ᠨᠤᠲᠤᠭ ᠲᠤ ᠪᠠᠨ ᠪᠤᠴᠠᠭᠰᠠᠨ  ᠨᠠᠮᠤᠷ
 - ᠲᠡᠭᠦᠰᠲᠡᠮᠦᠷ ᠬᠠᠭᠠᠨ ᠠᠯᠠᠭᠳᠠᠭᠰᠠᠨ 1388
 - ᠪᠠᠲᠤᠮᠦ᠋ᠩᠬᠡ ᠳᠠᠶᠠᠩ ᠬᠠᠭᠠᠨ ᠮᠣᠩᠭᠣᠯ ᠦᠨᠳᠦᠰᠦᠲᠡᠨ ᠢ ᠳᠠᠬᠢᠨ ᠨᠢᠭᠡᠳᠬᠡᠭᠰᠡᠨ᠃ 1483–1510
 - ᠰᠡᠭᠦᠯᠴᠢ ᠶᠢᠨ ᠬᠠᠭᠠᠨ ᠯᠢᠭᠳᠡᠨ ᠨᠠᠰᠤ ᠪᠠᠷᠪᠠ᠃ 1634
 - Disestablished
ᠡᠵᠡᠩᠨᠡᠭᠰᠡᠨ ᠭᠠᠵᠠᠷ ᠨᠤᠲᠤᠭ
 - 1550[1] 5,000,000 km2
Today part of Flag of Mongolia.svg ᠮᠣᠩᠭᠣᠯ
Flag of Kazakhstan.svg ᠬᠠᠰᠠᠭᠰᠲ᠋ᠠᠨ
Flag of Russia.svg ᠣᠷᠣᠰ
Flag of the People's Republic of China.svg ᠬᠢᠲᠠᠳ

ᠮᠣᠩᠭᠣᠯ ᠤᠯᠤᠰ ᠨᠢ ᠮᠣᠩᠭᠣᠯ ᠤᠨ ᠡᠵᠡᠨᠲᠦ ᠭᠦᠷᠦᠨ ᠦ ᠳᠠᠷᠠᠭ᠎ᠠ 1368-1691 ᠤᠨ ᠳᠤ ᠣᠷᠣᠰᠢᠨ ᠲᠣᠭᠲᠠᠨᠢᠭᠰᠠᠨ ᠮᠣᠩᠭᠣᠯᠴᠤᠳ ᠤᠨ ᠤᠯᠤᠰ ᠶᠤᠮ᠃ 14 ᠍ ᠳ᠋ᠣᠭᠠᠷ ᠵᠠᠭᠤᠨ ᠤ ᠰᠡᠭᠦᠯ ᠦᠶ᠎ᠡ ᠶᠢᠨ ᠵᠠᠷᠢᠮ ᠮᠣᠩᠭᠣᠯ ᠬᠠᠭᠠᠳ ᠪᠣᠯᠤᠨ ᠡᠰᠡᠨ ᠬᠠᠭᠠᠨ "ᠤᠮᠠᠷᠠᠳᠤ ᠶᠤᠸᠠᠨ" ᠨᠡᠷ᠎ᠡ ᠶᠢ ᠬᠡᠷᠡᠭᠯᠡᠵᠦ ᠪᠠᠶᠢᠭᠰᠠᠨ ᠴᠤ ᠶᠡᠬᠡᠪᠴᠢᠯᠡᠨ "ᠮᠣᠩᠭᠣᠯ ᠤᠯᠤᠰ" ᠭᠡᠰᠡᠨ ᠠᠯᠪᠠᠨ ᠶᠣᠰᠣᠨ ᠤ ᠨᠡᠷ᠎ᠡ ᠶᠢ ᠬᠡᠷᠡᠭᠯᠡᠵᠦ ᠪᠠᠶᠢᠴᠠᠢ᠃ ᠮᠥᠨ ᠲᠡᠦᠬᠡ ᠶᠢᠨ ᠰᠤᠳᠤᠯᠭᠠᠨ ᠤ ᠨᠣᠮ ᠵᠣᠬᠢᠶᠠᠯ ᠤᠳ ᠲᠤ ᠡᠨᠡ ᠦᠶ᠎ᠡ ᠶᠢ "ᠪᠠᠭ᠎ᠠ ᠬᠠᠭᠠᠳ ᠤᠨ ᠦᠶ᠎ᠡ ᠶᠢᠨ ᠮᠣᠩᠭᠣᠯ"᠂ "ᠤᠯᠤᠰ ᠲᠥᠷᠥ ᠶᠢᠨ ᠪᠤᠲᠠᠷᠠᠯ ᠤᠨ ᠦᠶ᠎ᠡ ᠶᠢᠨ ᠮᠣᠩᠭᠣᠯ"᠂ "ᠪᠤᠲᠠᠷᠠᠯ ᠤᠨ ᠦᠶ᠎ᠡ ᠶᠢᠨ ᠮᠣᠩᠭᠣᠯ ᠣᠷᠣᠨ"᠂ "14-17 ᠍ ᠳ᠋ᠣᠭᠠᠷ ᠵᠠᠭᠤᠨ ᠤ ᠮᠣᠩᠭᠣᠯ" ᠭᠡᠵᠦ ᠨᠡᠷᠡᠯᠡᠳᠡᠭ᠃ 14-17 ᠍ ᠳ᠋ᠣᠭᠠᠷ ᠵᠠᠭᠤᠨ ᠤ ᠮᠣᠩᠭᠣᠯ ᠤᠨ ᠲᠡᠦᠬᠡᠨ ᠰᠤᠷᠪᠤᠯᠵᠢ ᠨᠣᠮ ᠨᠤᠭᠤᠳ ᠲᠤ "ᠳᠥᠴᠢᠨ ᠳᠥᠷᠪᠡᠨ ᠬᠣᠶᠠᠷ" ᠭᠡᠵᠦ ᠪᠢᠴᠢᠭᠰᠡᠨ ᠪᠠᠶᠢᠳᠠᠭ ᠲᠤᠯᠠ "ᠳᠥᠴᠢᠨ ᠳᠥᠷᠪᠡᠨ ᠬᠣᠶᠠᠷ" ᠭᠡᠵᠦ ᠨᠡᠷᠡᠯᠡᠳᠡᠭ᠃ 14 ᠍ ᠳ᠋ᠣᠭᠠᠷ ᠵᠠᠭᠤᠨ ᠠᠴᠠ 1691 ᠤᠨ ᠬᠦᠷᠲᠡᠯ᠎ᠡ ᠮᠣᠩᠭᠣᠯ ᠤᠨ ᠨᠣᠶᠠᠳ ᠬᠣᠭᠣᠷᠣᠨᠳᠣ ᠪᠠᠨ ᠪᠠᠶᠢᠩᠭᠤ ᠬᠠᠭᠠᠷᠠᠯᠳᠤᠨ ᠲᠡᠮᠡᠴᠡᠯᠳᠦᠵᠦ ᠪᠠᠶᠢᠯᠳᠤᠵᠤ ᠪᠠᠶᠢᠭᠰᠠᠨ ᠤᠴᠢᠷ ᠡᠨᠡ ᠦᠶ᠎ᠡ ᠶᠢ ᠤᠯᠤᠰ ᠲᠥᠷᠥ ᠶᠢᠨ ᠪᠤᠲᠠᠷᠠᠯ ᠤᠨ ᠦᠶ᠎ᠡ ᠭᠡᠳᠡᠭ ᠪᠠᠶᠢᠨ᠎ᠠ᠃ ᠺᠣᠮᠮᠤᠨᠢᠰᠲ ᠲᠡᠦᠬᠡ ᠶᠢᠨ ᠰᠢᠨᠵᠢᠯᠡᠬᠦ ᠤᠬᠠᠭᠠᠨ ᠤ ᠦᠵᠡᠯ ᠢᠶᠡᠷ ᠹᠧᠣᠳᠠᠯᠢᠰᠮ ᠍ ᠤᠨ ᠪᠤᠶᠤ ᠳᠤᠮᠳᠠᠳᠤ ᠵᠠᠭᠤᠨ ᠤ ᠬᠠᠮᠵᠢᠯᠭᠠᠲᠤ ᠶᠣᠰᠣᠨ  ᠤ ᠬᠥᠭᠵᠢᠯ ᠲᠣᠳᠣᠷᠬᠠᠢ ᠱᠠᠲᠤᠨ ᠳᠤ ᠬᠦᠷᠦᠮᠡᠭᠴᠡ ᠬᠠᠭᠠᠳ ᠨᠣᠶᠠᠳ ᠡᠶᠢᠨᠬᠦᠦ ᠡᠷᠬᠡ ᠮᠡᠳᠡᠯ ᠦᠨ ᠲᠥᠯᠥᠭᠡ ᠲᠡᠮᠡᠴᠡᠯᠳᠦᠵᠦ ᠡᠬᠢᠯᠡᠳᠡᠭ ᠪᠥᠭᠡᠳ ᠡᠭᠦᠪᠡᠷ ᠲᠤᠬᠠᠢ ᠶᠢᠨ ᠤᠯᠤᠰ ᠤᠨ ᠹᠧᠣᠳᠠᠯᠢᠰᠮ ᠤᠨ ᠦᠶ᠎ᠡ ᠲᠡᠭᠦᠰᠴᠤ ᠺᠠᠫᠢᠲ᠋ᠠᠯᠢᠰᠮ ᠳᠤ ᠪᠤᠶᠤ ᠬᠥᠷᠥᠩᠭᠡᠲᠡᠨ ᠦ ᠨᠡᠶᠢᠭᠡᠮ ᠳᠦ ᠰᠢᠯᠵᠢᠨ ᠣᠷᠣᠳᠠᠭ ᠠᠵᠢ᠃

ᠶᠡᠬᠡ ᠬᠠᠭᠠᠨ ᠮᠣᠩᠭᠣᠯ ᠳᠤ ᠡᠷᠭᠢᠨ ᠢᠷᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠭᠠᠨᠲᠡᠮᠦᠷ ᠬᠠᠭᠠᠨ  ᠤ ᠦᠶ᠎ᠡ ᠳᠦ ᠮᠣᠩᠭᠣᠯ ᠤᠨ ᠪᠠᠶᠢᠯᠳᠤᠨ ᠳᠠᠭᠠᠭᠤᠯᠤᠭᠴᠢᠳ ᠬᠢᠲᠠᠳᠮᠣᠩᠭᠣᠯ ᠪᠣᠯᠤᠨ ᠪᠤᠰᠤᠳ ᠠᠽᠢᠶ᠎ᠠ ᠶᠢᠨ ᠣᠷᠣᠨ ᠨᠤᠭᠤᠳ ᠤᠨ ᠠᠷᠠᠳ ᠲᠦᠮᠡᠨ ᠢ ᠶᠡᠬᠡ ᠪᠡᠷ ᠳᠠᠷᠤᠩᠭᠤᠶᠢᠯᠠᠭᠰᠠᠨ ᠠᠴᠠ ᠲᠡᠳᠡᠨ ᠦ ᠠᠮᠢᠳᠤᠷᠠᠯ ᠬᠡᠴᠡᠭᠦᠦ ᠪᠣᠯᠵᠤ᠂ ᠪᠣᠰᠤᠯᠭ᠎ᠠ ᠬᠥᠳᠡᠯᠭᠡᠭᠡᠨ ᠶᠡᠬᠡ ᠪᠡᠷ ᠭᠠᠷᠬᠤ ᠪᠣᠯᠤᠭᠰᠠᠨ᠃ ᠡᠳᠦᠷ ᠡᠴᠡ ᠡᠳᠦᠷ ᠲᠦ ᠬᠦᠴᠦ ᠪᠡᠨ ᠠᠪᠤᠭᠰᠠᠨ ᠪᠣᠰᠤᠯᠭ᠎ᠠ ᠬᠥᠳᠡᠯᠭᠡᠭᠡᠨ ᠨᠢ ᠬᠢᠲᠠᠳ ᠲᠤ ᠲᠥᠪᠯᠡᠷᠡᠭᠰᠡᠨ ᠪᠠᠶᠢᠭᠰᠠᠨ ᠶᠤᠸᠠᠨ ᠭᠦᠷᠦᠨ ᠦ ᠲᠥᠷᠥ ᠶᠢᠨ ᠨᠣᠶᠠᠷᠬᠠᠯ ᠢ ᠲᠦᠯᠬᠢᠨ ᠤᠨᠠᠭᠠᠭᠰᠠᠨ ᠪᠠᠶᠢᠨ᠎ᠠ᠃ ᠶᠤᠸᠠᠨ ᠭᠦᠷᠦᠨ ᠦ ᠰᠡᠭᠦᠯᠴᠢ ᠶᠢᠨ ᠬᠠᠭᠠᠨ ᠲᠣᠭᠠᠨᠲᠡᠮᠦᠷ ᠪᠠᠷ᠎ᠠ ᠪᠣᠯᠤᠭᠴᠢ ᠰᠠᠶᠢᠳ᠂ ᠨᠣᠶᠠᠳ᠂ ᠲᠣᠷᠭᠠᠨ ᠴᠡᠷᠢᠭ ᠢᠶᠡᠨ ᠳᠠᠭᠠᠭᠤᠯᠤᠨ 1368 ᠤᠨ ᠳᠤ ᠮᠣᠩᠭᠣᠯ ᠳᠤ ᠪᠠᠨ ᠡᠷᠭᠢᠵᠦ ᠢᠷᠡᠵᠡᠢ᠃ ᠮᠢᠩ ᠦᠨ ᠠᠷᠮᠠᠢ ᠲᠡᠳᠡᠭᠡᠷ ᠢ ᠬᠥᠭᠡᠭᠡᠵᠦ ᠮᠣᠩᠭᠣᠯ ᠳᠤ ᠢᠯᠠᠯᠲᠠ ᠪᠠᠶᠢᠭᠤᠯᠤᠭᠰᠠᠨ ᠴᠤ ᠭᠡᠰᠡᠨ ᠮᠣᠩᠭᠣᠯ ᠢ ᠡᠵᠡᠯᠡᠵᠦ ᠴᠢᠳᠠᠭᠰᠠᠨ ᠦᠭᠡᠢ᠃ ᠭᠡᠯ᠎ᠡ ᠴᠤ ᠭᠡᠰᠡᠨ 1380 ᠤᠨ ᠳᠤ ᠬᠠᠷᠠᠬᠣᠷᠣᠮ ᠪᠣᠯᠤᠨ ᠪᠤᠰᠤᠳ ᠮᠣᠩᠭᠣᠯ ᠤᠨ ᠬᠣᠲᠠ ᠨᠤᠭᠤᠳ ᠢ ᠰᠦᠢᠳᠬᠡᠵᠡᠢ᠃ ᠮᠥᠨ ᠮᠣᠩᠭᠣᠯᠴᠤᠳ ᠤᠨ ᠰᠤᠶᠤᠯ ᠤᠨ ᠳᠡᠪᠰᠢᠯ ᠬᠥᠭᠵᠢᠯ ᠢ ᠤᠰᠠᠳᠬᠠᠵᠤ᠂ ᠮᠣᠩᠭᠣᠯᠴᠤᠳ ᠠᠷᠪᠠᠨ ᠵᠢᠷᠭᠣᠭ᠎ᠠ - ᠠᠷᠪᠠᠨ ᠳᠣᠯᠤᠳᠤᠭᠠᠷ ᠵᠠᠭᠤᠨ ᠤ ᠰᠡᠷᠭᠦᠨ ᠮᠠᠨᠳᠤᠯᠲᠠ ᠬᠦᠷᠲᠡᠯ᠎ᠡ ᠶᠡᠬᠡ ᠮᠣᠩᠭᠣᠯ ᠤᠯᠤᠰ ᠤᠨ ᠡᠮᠦᠨᠡᠬᠢ ᠨᠡᠭᠦᠳᠡᠯᠴᠢᠨ ᠠᠮᠢᠳᠤᠷᠠᠯ ᠣᠷᠣᠭᠤ  ᠪᠠᠨ ᠡᠷᠭᠢᠨ ᠣᠷᠣᠵᠠᠢ᠃ ᠡᠮᠦᠨᠡᠬᠢ ᠡᠴᠡ ᠢᠯᠭᠠᠭ᠎ᠠ ᠲᠠᠢ ᠨᠢᠭᠡ ᠭᠣᠣᠯ ᠵᠦᠢᠯ ᠨᠢ ᠣᠪᠤᠭ ᠤᠨ ᠵᠣᠬᠢᠶᠠᠨ ᠪᠠᠶᠢᠭᠤᠯᠤᠯᠲᠠ ᠪᠢᠰᠢ᠂ ᠣᠲᠣᠭ ᠪᠤᠶᠤ ᠭᠠᠵᠠᠷ ᠨᠤᠲᠤᠭ ᠤᠨ ᠪᠠᠶᠢᠷᠢᠰᠢᠯ ᠤᠨ ᠵᠣᠬᠢᠶᠠᠨ ᠪᠠᠶᠢᠭᠤᠯᠤᠯᠲᠠ ᠲᠠᠢ ᠠᠮᠢᠳᠤᠷᠠᠬᠤ ᠪᠣᠯᠵᠠᠢ᠃ ᠮᠢᠩ ᠣᠯᠣᠰ ᠲᠤ ᠬᠣᠲᠠ ᠨᠤᠭᠤᠳ ᠢᠶᠠᠨ ᠰᠦᠢᠳᠬᠡᠭᠦᠯᠦᠨ ᠰᠢᠲᠠᠭᠠᠯᠭᠠᠭᠰᠠᠨ ᠤ ᠤᠯᠠᠮ ᠠᠴᠠ ᠮᠣᠩᠭᠣᠯ ᠨᠣᠶᠠᠳ ᠳᠠᠬᠢᠵᠤ ᠬᠣᠲᠠ ᠪᠠᠷᠢᠯ ᠦᠭᠡᠢ ᠨᠡᠭᠦᠳᠡᠯᠯᠡᠨ ᠠᠮᠢᠳᠤᠷᠠᠬᠤ ᠪᠣᠯᠤᠭᠰᠠᠨ ᠪᠣᠯᠤᠯᠲᠠᠢ᠃ ᠡᠨᠡ ᠨᠢ ᠳᠠᠶᠢᠰᠤᠨ ᠤ ᠳᠣᠪᠲᠣᠯᠭᠠᠨ ᠠᠴᠠ ᠬᠠᠮᠠᠭᠠᠯᠠᠬᠤ ᠠᠴᠢ ᠬᠣᠯᠪᠣᠭᠳᠠᠯ ᠲᠠᠢ ᠪᠠᠶᠢᠭᠰᠠᠨ ᠪᠠ ᠳᠠᠶᠢᠰᠤᠨ ᠳᠣᠪᠲᠣᠯᠤᠭᠰᠠᠨ ᠲᠣᠬᠢᠶᠠᠯᠳᠤᠯᠠᠯ ᠳᠤ ᠬᠦᠮᠦᠨ᠂ ᠮᠠᠯ᠂ ᠡᠳ᠋ ᠬᠥᠷᠥᠩᠭᠡ ᠪᠡᠨ ᠠᠪᠤᠭᠠᠳ ᠬᠣᠶᠢᠳᠤ ᠵᠦᠭ ᠲᠤ ᠰᠢᠪᠸᠷᠢᠶ᠎ᠠ ᠣᠷᠣᠭᠣ ᠬᠣᠯᠠᠳᠠᠨ ᠨᠡᠭᠦᠳᠡᠭ ᠪᠠᠶᠢᠪᠠ᠃ ᠡᠶᠢᠨᠬᠦᠦ ᠮᠣᠩᠭᠣᠯᠴᠤᠳ ᠨᠡᠭᠦᠳᠡᠯᠯᠡᠨ ᠠᠮᠢᠳᠤᠷᠠᠵᠤ ᠤᠬᠤᠷᠢᠬᠤ᠂ ᠳᠣᠪᠲᠣᠯᠬᠤ ᠠᠯᠢ ᠠᠯᠢ ᠠᠷᠭ᠎ᠠ ᠨᠤᠭᠤᠳ ᠢ ᠬᠡᠷᠡᠭᠯᠡᠵᠦ ᠪᠠᠶᠢᠭᠰᠠᠨ ᠲᠤᠯᠠ ᠬᠢᠲᠠᠳ ᠤᠨ ᠮᠢᠩ ᠤᠯᠤᠰ ᠮᠣᠩᠭᠣᠯ ᠢ ᠪᠦᠬᠦᠯᠢ ᠳᠦ ᠡᠵᠡᠯᠡᠵᠦ ᠴᠢᠳᠠᠭ᠎ᠠ ᠦᠭᠡᠢ ᠶᠤᠮ᠃

1368 ᠤᠨ ᠳᠤ ᠲᠣᠭᠠᠨᠲᠡᠮᠦᠷ ᠬᠠᠭᠠᠨ᠂ ᠡᠪᠦᠭᠡ ᠳᠡᠭᠡᠳᠦᠰ ᠦᠨ ᠢᠶᠡᠨ ᠪᠠᠶᠢᠭᠤᠯᠤᠭᠰᠠᠨ ᠤᠣᠭᠠᠯ ᠨᠡᠶᠢᠰᠯᠡᠯ ᠳᠠᠶᠢᠳᠤ ᠬᠣᠲᠠ ᠠᠴᠠ ᠵᠢᠭᠣᠲᠠᠨ ᠭᠠᠷᠴᠤ᠂ ᠡᠬᠡ ᠮᠣᠩᠭᠣᠯ ᠨᠤᠲᠤᠭ ᠲᠤ ᠪᠠᠨ ᠢᠷᠡᠭᠰᠡᠨ ᠢᠶᠡᠷ ᠮᠣᠩᠭᠣᠯ ᠤᠯᠤᠰ ᠤᠨ ᠲᠡᠦᠬᠡ ᠰᠢᠨ᠎ᠡ ᠪᠡᠷ ᠡᠬᠢᠯᠡᠪᠡ᠃ ᠲᠣᠭᠠᠨᠲᠡᠮᠦᠷ ᠬᠠᠭᠠᠨ  ᠤ ᠠᠬᠠᠮᠠᠳ ᠬᠦᠦ ᠠᠶᠤᠰᠢᠷᠢᠳᠠᠷ᠎ᠡ 1370 ᠤᠨ ᠳᠤ ᠬᠠᠷᠠᠬᠣᠷᠢᠨ ᠬᠣᠲᠠ ᠶᠢ ᠨᠡᠶᠢᠰᠯᠡᠨ ᠰᠠᠭᠤᠵᠤ᠂ ᠤᠯᠤᠰ ᠢᠶᠠᠨ 《ᠠᠷᠤ ᠶᠤᠸᠠᠨ》 ᠪᠤᠶᠤ 《ᠤᠮᠠᠷᠠᠳᠤ ᠶᠤᠸᠠᠨ》 ᠬᠡᠮᠡᠨ ᠨᠡᠷᠡᠶᠢᠳᠦᠭᠰᠡᠨ ᠪᠠᠶᠢᠨ᠎ᠠ᠃ ᠢᠩᠭᠢᠵᠦ ᠨᠡᠷᠡᠯᠡᠭᠰᠡᠨ ᠨᠢ ᠴᠠᠭᠠᠨ᠎ᠠ ᠪᠠᠨ ᠤᠴᠢᠷᠲᠠᠢ ᠪᠠᠶᠢᠪᠠ᠃ ᠵᠤ ᠣᠪᠣᠭᠲᠠᠨ ᠤ ᠮᠢᠩ ᠲᠥᠷᠥ ᠳᠦ ᠠᠪᠤᠭᠳᠠᠭᠰᠠᠨ ᠶᠡᠬᠡ ᠶᠤᠸᠠᠨ ᠤᠯᠤᠰ ᠢ ᠳᠠᠬᠢᠨ ᠰᠡᠷᠭᠦᠭᠡᠬᠦ ᠪᠣᠳᠣᠯᠭ᠎ᠠ ᠶᠢ ᠪᠢᠯᠢᠭᠲᠦ ᠬᠠᠭᠠᠨ ᠭᠣᠣᠯ ᠵᠣᠷᠢᠯᠭ᠎ᠠ ᠪᠠᠨ ᠪᠣᠯᠭᠠᠵᠠᠢ᠃ ᠡᠨᠡ ᠵᠣᠷᠢᠯᠲᠠ ᠬᠡᠳᠦᠢ ᠪᠡᠷ ᠪᠡᠶᠡᠯᠡᠭᠡ ᠦᠭᠡᠢ ᠴᠤ ᠲᠥᠪ ᠠᠽᠢᠶ᠎ᠠ ᠶᠢᠨ ᠡᠯᠢᠭᠡᠨ ᠳᠦ ᠢᠵᠠᠭᠤᠷ ᠮᠣᠩᠭᠣᠯ ᠤᠨ ᠲᠥᠷᠥ ᠳᠦ ᠤᠯᠤᠰ ᠤᠭ ᠬᠡᠪ ᠢᠶᠡᠷ ᠣᠷᠣᠰᠢᠨ ᠲᠣᠭᠲᠠᠨᠢᠵᠤ ᠡᠬᠢᠯᠡᠵᠡᠢ᠃ ᠲᠡᠷᠡ ᠦᠶ᠎ᠡ ᠳᠦ ᠮᠣᠩᠭᠣᠯ ᠤᠨ ᠬᠢᠯᠢ ᠡᠮᠦᠨᠡᠭᠦᠷ ᠢᠶᠡᠨ ᠴᠠᠭᠠᠨ ᠬᠡᠷᠡᠮ᠂ ᠵᠡᠭᠦᠨ ᠪᠡᠶ᠎ᠡ ᠳᠡᠭᠡᠨ ᠤᠰᠤᠨ ᠤ ᠭᠤᠷᠪᠠᠨ ᠵᠦᠷᠴᠢᠳ ᠪᠤᠶᠤ ᠮᠠᠨᠵᠤ ᠨᠠᠷ ᠲᠠᠢ ᠬᠢᠯᠢᠯᠡᠵᠦ᠂ ᠵᠡᠭᠦᠨ ᠡᠮᠦᠨᠡᠲᠦ ᠲᠠᠯ᠎ᠠ ᠨᠢ ᠯᠢᠶᠣᠣᠳᠤᠩ ᠤᠨ ᠬᠣᠶᠢᠭ ᠢ ᠡᠵᠡᠯᠡᠵᠦ᠂ ᠪᠸᠢᠬᠠᠢ ᠲᠡᠩᠭᠢᠰ  ᠢᠶᠡᠷ ᠨᠣᠮᠣᠬᠠᠨ ᠳᠠᠯᠠᠢ ᠳᠤ ᠲᠤᠯᠵᠤ ᠪᠠᠶᠢᠪᠠ᠃

1388-1408 ᠤᠨ ᠳᠤ ᠡᠩᠬᠡᠵᠣᠷᠢᠭᠲᠤ᠂ ᠡᠯᠪᠡᠭ᠂ ᠭᠦᠨᠲᠡᠮᠦᠷ᠂ ᠭᠦᠶᠢᠯᠢᠴᠢ ᠲᠠᠪᠤᠨ ᠬᠠᠭᠠᠳ ᠤᠳ ᠰᠠᠭᠤᠭᠰᠠᠨ᠃ ᠡᠳᠡ ᠨᠠᠷ ᠴᠥᠮ ᠶᠠᠩᠵᠤ ᠪᠦᠷᠢ ᠶᠢᠨ ᠬᠦᠮᠦᠨ ᠦ ᠭᠠᠷ ᠲᠤ ᠠᠮᠢ ᠦᠷᠡᠭᠳᠡᠵᠡᠢ᠃

ᠮᠣᠩᠭᠣᠯ ᠪᠠᠶᠢᠨ ᠪᠠᠶᠢᠨ ᠬᠢᠲᠠᠳ ᠣᠷᠣᠭᠣ ᠳᠣᠪᠲᠣᠯᠵᠤ᠂ ᠲᠡᠷᠡ ᠨᠢ ᠳᠣᠲᠣᠭᠠᠳᠤ ᠶᠢᠨ ᠨᠣᠶᠠᠳ ᠲᠤ ᠳᠠᠷᠤᠮᠲᠠ ᠪᠣᠯᠵᠤ᠂ ᠡᠵᠡᠨᠲᠦ ᠤᠯᠤᠰ ᠤᠨ ᠤᠯᠤᠰ ᠲᠥᠷᠥ ᠶᠢᠨ ᠪᠤᠲᠠᠷᠠᠯ ᠤᠯᠠᠮ ᠬᠦᠴᠦᠲᠡᠢ ᠪᠣᠯᠬᠤ ᠳᠤ ᠨᠥᠯᠦᠭᠡᠯᠡᠭᠰᠡᠨ ᠪᠠᠶᠢᠨ᠎ᠠ᠃ ᠨᠣᠶᠠᠳ ᠬᠠᠭᠠᠨ ᠤ ᠵᠠᠬᠢᠷᠭᠠᠨ ᠠᠴᠠ ᠭᠠᠷᠴᠤ᠂ ᠪᠡᠶ᠎ᠡ ᠳᠠᠭᠠᠭᠠᠬᠣ ᠶᠢ ᠬᠢᠴᠢᠶᠡᠨ᠂ ᠡᠷᠬᠡ ᠮᠡᠳᠡᠯ᠂ ᠭᠠᠵᠠᠷ ᠨᠤᠲᠤᠭ ᠤᠨ ᠲᠥᠯᠥᠭᠡ ᠲᠡᠮᠡᠴᠡᠯᠳᠦᠵᠦ ᠡᠬᠢᠯᠡᠭᠰᠡᠨ ᠢᠶᠡᠷ ᠬᠣᠭᠣᠷᠣᠨᠳᠣ ᠪᠠᠨ ᠡᠪ ᠡᠶ᠎ᠡ ᠦᠭᠡᠢ ᠪᠣᠯᠵᠤ᠂ ᠡᠨᠡ ᠨᠢ ᠪᠤᠲᠠᠷᠠᠯ ᠳᠤ ᠬᠦᠷᠭᠡᠭᠰᠡᠨ ᠪᠠᠶᠢᠨ᠎ᠠ᠃ ᠡᠨᠡᠬᠦ ᠪᠤᠲᠠᠷᠠᠯ ᠨᠢ 300 ᠣᠷᠴᠢᠮ ᠵᠢᠯ ᠦᠷᠭᠦᠯᠵᠢᠯᠡᠨ ᠮᠣᠩᠭᠣᠯᠴᠤᠳ ᠪᠣᠯᠤᠨ ᠮᠣᠩᠭᠣᠯ ᠣᠷᠣᠨ ᠢ ᠲᠤᠶᠢᠯᠳᠠᠭᠤᠯᠤᠭᠰᠠᠨ᠃ ᠡᠨᠡ ᠬᠣᠭᠣᠷᠣᠨᠳᠣ (1368-1634 ᠤᠨ ᠳᠤ) ᠮᠣᠩᠭᠣᠯ ᠤᠯᠤᠰ ᠤᠨ ᠲᠥᠷᠥ ᠶᠢ 22 ᠬᠠᠭᠠᠨ ᠰᠣᠯᠢᠭᠳᠠᠨ ᠪᠠᠷᠢᠭᠰᠠᠨ ᠴᠤ ᠲᠡᠳᠡᠨ ᠦ ᠣᠯᠠᠩᠬᠢ ᠨᠢ ᠬᠣᠣᠷᠯᠠᠭᠳᠠᠵᠤ᠂ ᠴᠠᠭ ᠪᠤᠰᠤ ᠪᠠᠷ ᠬᠣᠷᠸ᠎ᠠ ᠶᠢ ᠣᠷᠬᠢᠵᠠᠢ᠃ ᠬᠢᠲᠠᠳ ᠣᠷᠣᠭᠣ ᠳᠣᠪᠲᠣᠯᠬᠤ ᠨᠢ ᠨᠢᠭᠡ ᠳᠦ ᠲᠡᠨᠳᠡ ᠦᠯᠡᠳᠡᠭᠰᠡᠨ ᠮᠣᠩᠭᠣᠯᠴᠤᠳ ᠢᠶᠠᠨ ᠴᠢᠯᠦᠭᠡᠯᠡᠬᠦ ᠬᠣᠶᠠᠷ ᠲᠤ ᠬᠢᠲᠠᠳ ᠢ ᠳᠠᠬᠢᠨ ᠡᠵᠡᠯᠡᠬᠦ ᠵᠣᠷᠢᠯᠭ᠎ᠠ ᠲᠠᠢ ᠪᠠᠶᠢᠪᠠ᠃ ᠳᠤᠮᠳᠠᠳᠤ ᠵᠠᠭᠤᠨ ᠤ ᠮᠣᠩᠭᠣᠯ ᠰᠤᠷᠪᠤᠯᠵᠢ ᠨᠤᠭᠤᠳ ᠲᠤ ᠲᠣᠭᠠᠨᠲᠡᠮᠦᠷ 40 ᠲᠦᠮᠡᠨ ᠮᠣᠩᠭᠣᠯ ᠠᠴᠠ 6 ᠲᠦᠮᠡᠨ ᠢ (ᠬᠠᠯᠬ᠎ᠠ᠂ ᠥᠪᠥᠷ ᠮᠣᠩᠭᠣᠯ ᠤᠨ 6 ᠲᠦᠮᠡᠨ) ᠠᠪᠴᠤ ᠭᠠᠷᠪᠠ ᠭᠡᠰᠡᠨ ᠪᠠᠶᠢᠳᠠᠭ ᠴᠤ ᠶᠡᠬᠡᠩᠬᠢ ᠮᠣᠩᠭᠣᠯᠴᠤᠳ ᠤᠤᠯ ᠠᠴᠠ ᠪᠠᠨ ᠮᠣᠩᠭᠣᠯ ᠳᠤ ᠪᠠᠨ ᠪᠠᠶᠢᠭᠰᠠᠨ ᠪᠣᠯᠤᠯᠲᠠᠢ᠃ ᠬᠠᠷᠢᠨ ᠬᠢᠲᠠᠳ ᠲᠤ 250000 ᠍ ᠡᠴᠡ ᠳᠣᠭᠣᠭᠰᠢ ᠦᠭᠡᠢ ᠮᠣᠩᠭᠣᠯᠴᠤᠳ ᠬᠢᠲᠠᠳ ᠤᠨ ᠬᠣᠶᠢᠳᠤ᠂ ᠲᠥᠪ᠂ ᠡᠮᠦᠨᠡᠲᠦ ᠬᠡᠰᠡᠭ ᠢᠶᠡᠷ ᠪᠠᠶᠢᠭᠰᠠᠨ ᠨᠢ ᠨᠡᠯᠢᠶᠡᠳ ᠨᠢ ᠠᠯᠠᠭᠳᠠᠵᠤ ᠦᠯᠡᠳᠡᠭᠰᠡᠨ ᠨᠢ ᠮᠢᠩ ᠳᠦ ᠳᠠᠭᠠᠷ᠎ᠠ ᠣᠷᠣᠬᠤ ᠳᠤ ᠬᠦᠷᠴᠡᠢ᠃ ᠶᠤᠸᠠᠨ ᠤᠯᠤᠰ ᠲᠤ ᠨᠡᠶᠢᠲᠡ ᠳᠦ ᠪᠡᠨ 1,5 ᠰᠠᠶ᠎ᠠ ᠠᠴᠠ ᠳᠣᠭᠣᠭᠰᠢ ᠦᠭᠡᠢ ᠮᠣᠩᠭᠣᠯᠴᠤᠳ ᠪᠠᠶᠢᠭᠰᠠᠨ ᠪᠣᠯᠤᠯᠲᠠᠢ᠃

ᠡᠨᠡ ᠦᠶ᠎ᠡ ᠳᠦ ᠬᠢᠲᠠᠳ ᠤᠨ ᠬᠠᠭᠠᠨ ᠮᠣᠩᠭᠣᠯᠴᠤᠳ ᠢ ᠨᠤᠲᠤᠭ ᠲᠤ ᠨᠢ ᠪᠤᠴᠠᠭᠠᠬᠤ ᠦᠭᠡᠢ ᠪᠠᠶᠢᠬᠤ᠂ ᠤᠰᠠᠳᠬᠠᠬᠤ ᠲᠤᠰᠢᠶᠠᠯ ᠭᠠᠷᠭᠠᠵᠠᠢ᠃ ᠶᠦᠨᠨᠠᠨ ᠵᠡᠷᠭᠡ ᠡᠮᠦᠨᠡᠲᠦ ᠮᠤᠵᠢ ᠨᠤᠭᠤᠳ ᠲᠤ ᠪᠠᠶᠢᠭᠰᠠᠨ ᠮᠣᠩᠭᠣᠯᠴᠤᠳ ᠪᠣᠯᠤᠨ ᠶᠤᠸᠠᠨ ᠦ ᠯᠠᠯᠤ ᠴᠡᠷᠢᠭ ᠦᠳ ᠬᠠᠮᠲᠤᠷᠠᠨ ᠬᠢᠲᠠᠳ ᠲᠠᠢ ᠪᠠᠶᠢᠯᠳᠤᠭᠰᠠᠨ ᠴᠤ ᠳᠠᠪᠠᠭᠤ ᠬᠦᠴᠦᠨ ᠳᠦ ᠳᠡᠶᠢᠯᠳᠡᠨ ᠢᠯᠠᠭᠳᠠᠪᠠ᠃ ᠪᠠᠭᠤᠵᠤ ᠥᠭᠭᠦᠭᠰᠡᠨ ᠮᠣᠩᠭᠣᠯ ᠴᠡᠷᠢᠭ ᠦᠳ ᠨᠢᠭᠡᠨᠲᠡ ᠭᠡᠷ ᠪᠦᠯᠢ ᠲᠡᠢ ᠪᠡᠨ ᠬᠠᠮᠲᠤ ᠨᠤᠲᠤᠭ ᠪᠤᠴᠠᠵᠤ ᠴᠢᠳᠠᠭ᠎ᠠ ᠦᠭᠡᠢ ᠲᠤᠯᠠ ᠬᠢᠲᠠᠳ ᠤᠨ ᠠᠷᠮᠢ ᠶᠢᠨ ᠪᠦᠷᠢᠯᠳᠦᠬᠦᠨ ᠳᠦ ᠣᠷᠣᠵᠤ ᠮᠣᠩᠭᠣᠯ ᠤᠨ ᠡᠰᠡᠷᠬᠦ ᠪᠠᠶᠢᠯᠳᠤᠬᠤ ᠪᠣᠯᠪᠠ᠃ ᠬᠢᠲᠠᠳ ᠲᠤ 15 ᠳ᠋ᠣᠭᠠᠷ ᠵᠠᠭᠤᠨ ᠤ ᠳᠤᠮᠳᠠ ᠬᠦᠷᠲᠡᠯ᠎ᠡ ᠮᠣᠩᠭᠣᠯ ᠰᠤᠷᠭᠠᠭᠤᠯᠢ ᠠᠵᠢᠯᠯᠠᠳᠠᠭ᠂ ᠮᠣᠩᠭᠣᠯ ᠬᠡᠯᠡ ᠪᠡᠷ ᠨᠣᠮ ᠭᠠᠷᠭᠠᠳᠠᠭ ᠪᠠᠶᠢᠭᠰᠠᠨ ᠪᠠᠶᠢᠭᠰᠠᠨ ᠪᠠ ᠲᠡᠳᠡ ᠶᠠᠪᠤᠭᠠᠨ ᠳᠠᠭᠠᠨ ᠠᠭᠤᠰᠤᠨ ᠠᠯᠠᠭ᠎ᠠ ᠪᠣᠯᠤᠭᠰᠠᠨ ᠪᠣᠯᠤᠯᠲᠠᠢ᠃ ᠲᠡᠳᠡᠨ ᠡᠴᠡ ᠦᠯᠡᠳᠡᠭᠰᠡᠨ ᠴᠥᠭᠡᠨ ᠲᠣᠭᠠᠨ ᠤ ᠬᠦᠮᠦᠰ ᠨᠢ ᠰᠸᠴᠤᠸᠠᠨᠶᠦᠨᠨᠠᠨ ᠮᠤᠵᠢ ᠶᠢᠨ ᠮᠣᠩᠭᠣᠯᠴᠤᠳ ᠪᠣᠯᠤᠨ᠎ᠠ᠃ 1550 ᠍ ᠊ᠭᠠᠳ ᠤᠨ ᠳᠤ ᠲᠦᠮᠡᠳ ᠦᠨ ᠠᠯᠲᠠᠨ ᠬᠠᠨ ᠪᠡᠭᠡᠵᠢᠩ ᠢ ᠳᠣᠪᠲᠣᠯᠬᠤ ᠳᠤ ᠮᠢᠩ ᠤᠯᠤᠰ ᠮᠣᠩᠭᠣᠯ ᠭᠠᠷᠤᠯᠲᠠᠢ ᠴᠡᠷᠢᠭ ᠦᠳ ᠢ ᠲᠡᠭᠦᠨ ᠦ ᠡᠰᠡᠷᠬᠦ ᠲᠤᠯᠤᠯᠳᠤᠭᠤᠯᠤᠭᠰᠠᠨ ᠪᠠᠶᠢᠨ᠎ᠠ᠃ ᠡᠳᠡᠭᠡᠷ ᠬᠦᠮᠦᠰ ᠬᠠᠪᠠᠯᠭ᠎ᠠ ᠬᠢᠬᠠᠯᠲᠠ ᠠᠴᠠ ᠪᠣᠯᠭᠣᠮᠵᠢᠯᠠᠵᠤ ᠨᠡᠷ᠎ᠡ ᠪᠡᠨ ᠬᠢᠲᠠᠳ ᠪᠣᠯᠭᠠᠨ ᠥᠭᠡᠷᠡᠴᠢᠯᠡᠵᠦ ᠥᠪᠡᠷᠰᠡᠳ ᠦᠨ ᠭᠠᠷᠤᠯ᠎  ᠢᠶᠠᠨ ᠬᠡᠳᠦᠨ ᠵᠠᠭᠤᠨ ᠵᠢᠯ ᠦᠨ ᠲᠤᠷᠰᠢ ᠨᠢᠭᠤᠵᠤ ᠢᠷᠡᠵᠡᠢ᠃ 1950 ᠊ᠭᠠᠳ ᠤᠨ ᠠᠴᠠ ᠬᠣᠶᠢᠰᠢ ᠲᠡᠳᠡᠨ ᠢ ᠲᠣᠮᠳᠠᠳᠣ ᠶᠢᠨ ᠵᠠᠰᠠᠭ ᠤᠨ ᠭᠠᠵᠠᠷ ᠠᠴᠠ ᠮᠣᠩᠭᠣᠯ ᠭᠡᠳᠡᠭ ᠢ ᠨᠢ ᠬᠦᠯᠢᠶᠡᠨ ᠵᠥᠪᠰᠢᠶᠡᠷᠡᠴᠡᠢ᠃

1380-1410 ᠍ ᠊ᠭᠠᠳ ᠤᠨ ᠤ ᠬᠣᠭᠣᠷᠣᠨᠳᠣ ᠬᠢᠲᠠᠳ ᠤᠨ ᠮᠢᠩ ᠤᠯᠤᠰ ᠍ ᠤᠨ (1368-1644) ᠴᠡᠷᠢᠭ ᠮᠣᠩᠭᠣᠯ ᠤᠯᠤᠰ ᠢ ᠤᠳᠠᠭ᠎ᠠ ᠳᠠᠷᠠᠭ᠎ᠠ ᠳᠣᠪᠲᠣᠯᠵᠤ᠂ ᠳᠡᠭᠡᠷᠡᠮᠳᠡᠨ ᠡᠪᠦᠯᠵᠢᠶ᠎ᠡ ᠪᠡᠯᠴᠢᠭᠡᠷ ᠢ ᠰᠢᠲᠠᠭᠠᠬᠤ ᠶᠢᠨ ᠵᠡᠷᠭᠡᠴᠡᠭᠡ ᠮᠢᠩ ᠦᠨ ᠵᠠᠰᠠᠭ ᠤᠨ ᠭᠠᠵᠠᠷ ᠠᠴᠠ ᠮᠣᠩᠭᠣᠯᠴᠤᠳ ᠢ ᠥᠪᠡᠷ᠎ ᠬᠣᠭᠣᠷᠣᠨᠳᠣ ᠪᠠᠨ ᠡᠪᠳᠡᠷᠡᠨ ᠬᠢᠮᠤᠷᠠᠬᠤ ᠪᠣᠳᠣᠯᠭ᠎ᠠ ᠶᠢ ᠢᠳᠡᠪᠬᠢᠲᠡᠢ ᠶᠠᠪᠤᠭᠤᠯᠵᠤ ᠪᠠᠶᠢᠭᠰᠠᠨ ᠠᠷᠪᠠᠨ ᠲᠦᠷᠪᠡ -ᠠᠷᠪᠠᠨ ᠲᠠᠪᠣᠳᠣᠭᠠᠷ ᠵᠠᠭᠤᠨ ᠳᠤ ᠮᠣᠩᠭᠣᠯ ᠤᠨ ᠤᠯᠤᠰ ᠲᠥᠷᠥ ᠲᠤᠶᠢᠯ ᠤᠨ ᠳᠣᠩᠰᠣᠯᠭ᠎ᠠ ᠲᠠᠢ ᠪᠠᠶᠢᠪᠠ᠃ 1450 ᠍ ᠊ᠭᠠᠳ ᠤᠨ ᠳᠤ ᠣᠶᠢᠷᠠᠳ ᠤᠨ ᠡᠰᠡᠨ ᠲᠠᠶᠢᠱᠢ ᠪᠦᠬᠦ ᠮᠣᠩᠭᠣᠯ ᠢ ᠨᠢᠭᠡᠨ ᠤᠳᠠᠭ᠎ᠠ ᠨᠢᠭᠡᠳᠬᠡᠵᠦ ᠥᠪᠡᠷ ᠢᠶᠡᠨ ᠬᠠᠭᠠᠨ ᠰᠢᠷᠡᠭᠡᠨ ᠳᠦ ᠰᠠᠭᠤᠭᠰᠠᠨ ᠪᠣᠯᠪᠠᠴᠤ ᠠᠯᠲᠠᠨ ᠤᠷᠤᠭ ᠤᠨ ᠨᠣᠶᠠᠳ ᠤᠨ ᠡᠰᠡᠷᠭᠦᠴᠡᠯ ᠲᠡᠢ ᠲᠤᠯᠭᠠᠷᠴᠣ 1455 ᠤᠨ ᠳᠤ ᠠᠯᠠᠭᠳᠠᠭᠰᠠᠨ ᠢᠶᠠᠷ ᠮᠣᠩᠭᠣᠯ ᠤᠯᠤᠰ ᠳᠠᠬᠢᠨ ᠵᠠᠳᠠᠷᠠᠵᠤ᠂ ᠬᠦᠴᠦᠷᠬᠡᠭ ᠸᠠᠰᠰᠠᠯ ᠨᠣᠶᠠᠳ ᠤᠨ ᠡᠵᠡᠮᠰᠢᠯ ᠳᠦ ᠬᠤᠪᠢᠶᠠᠭᠳᠠᠵᠠᠢ᠃

ᠮᠣᠩᠭᠣᠯ ᠤᠯᠤᠰ ᠡᠬᠢᠨ ᠳᠦ ᠪᠡᠨ ᠬᠢᠲᠠᠳ ᠢ ᠡᠷᠭᠢᠭᠦᠯᠵᠦ ᠡᠵᠡᠯᠡᠬᠦ ᠵᠣᠷᠢᠯᠭ᠎ᠠ ᠲᠠᠢ ᠳᠠᠶᠢᠲᠤᠵᠤ ᠪᠠᠶᠢᠭᠰᠠᠨ ᠴᠤ 14 ᠍ᠳ᠋ᠦᠭᠡᠷ ᠵᠠᠭᠤᠨ ᠤ ᠰᠡᠭᠦᠯ ᠡᠴᠡ ᠬᠢᠲᠠᠳ ᠲᠤ ᠣᠣᠭᠠᠯ ᠨᠤᠲᠤᠭ ᠢᠶᠠᠨ ᠠᠯᠳᠠᠵᠤ ᠡᠬᠢᠯᠡᠭᠰᠡᠨ ᠲᠤᠯᠠ ᠮᠢᠩ ᠤᠨ ᠡᠳ᠋ ᠍ ᠦᠨ ᠵᠠᠰᠠᠭ ᠤᠨ ᠬᠠᠪᠴᠢᠯᠭ᠎ᠠ ᠬᠢᠬᠠᠯᠭ᠎ᠠ᠂ ᠮᠣᠩᠭᠣᠯ ᠤᠨ ᠬᠦᠴᠦ ᠶᠢ ᠪᠤᠲᠠᠷᠭᠠᠨ ᠳᠣᠷᠣᠶᠢᠲᠠᠭᠤᠯᠬᠤ ᠦᠢᠯᠡ ᠠᠵᠢᠯᠯᠠᠭ᠎ᠠ ᠶᠢ ᠨᠢ ᠵᠣᠭᠰᠣᠭᠠᠬᠤ ᠪᠣᠯᠤᠨ ᠬᠢᠯᠢ ᠪᠡᠨ ᠬᠠᠮᠠᠭᠠᠯᠠᠬᠤ ᠵᠣᠷᠢᠯᠭ᠎ᠠ ᠲᠠᠢ ᠴᠡᠷᠢᠭ᠂ ᠤᠯᠤᠰ ᠲᠥᠷᠥ ᠶᠢᠨ ᠪᠣᠳᠣᠯᠭ᠎ᠠ ᠶᠢ 17 ᠍ ᠳ᠋ᠣᠭᠠᠷ ᠵᠠᠭᠤᠨ ᠬᠦᠷᠲᠡᠯ᠎ᠡ ᠶᠠᠪᠤᠭᠤᠯᠵᠠᠢ᠃ 1388 ᠤᠨ ᠳᠤ ᠯᠢᠶᠣᠣᠳᠣᠩ ᠤᠷᠢᠶᠠᠩᠬᠠᠢ ᠶᠢᠨ ᠨᠠᠭᠠᠴᠤ ᠨᠣᠶᠠᠨ ᠣᠯᠠᠨ ᠮᠢᠩᠭᠠᠨ ᠴᠡᠷᠢᠭ ᠦᠨ ᠢᠶᠡᠨ ᠬᠠᠮᠲᠤ ᠮᠢᠩ ᠳᠦ ᠪᠠᠭᠤᠵᠤ ᠥᠭᠭᠦᠭᠰᠡᠨ ᠢᠶᠡᠷ ᠮᠣᠩᠭᠣᠯ ᠤᠯᠤᠰ ᠵᠡᠭᠦᠨ ᠡᠮᠦᠨᠡᠲᠦ ᠨᠤᠲᠤᠭ ᠢᠶᠠᠨ ᠠᠯᠳᠠᠵᠠᠢ᠃ ᠮᠢᠩ ᠣᠯᠣᠰ ᠡᠮᠦᠨᠡᠲᠦ ᠮᠣᠩᠭᠣᠯ ᠢ ᠪᠦᠬᠦᠯᠢ ᠳᠦ ᠨᠢ ᠡᠵᠡᠯᠡᠭᠰᠡᠨ ᠴᠤ ᠮᠣᠩᠭᠣᠯ ᠤᠯᠤᠰ ᠡᠮᠦᠨᠡᠲᠦ ᠮᠣᠩᠭᠣᠯ ᠢ 15 ᠍ ᠳ᠋ᠣᠭᠠᠷ ᠵᠠᠭᠤᠨ ᠳᠤ ᠡᠷᠭᠢᠭᠦᠯᠦᠨ ᠠᠪᠴᠠᠢ᠃

ᠣᠶᠢᠷᠠᠳ ᠤᠳ ᠤᠨ ᠬᠦᠴᠦᠷᠬᠡᠭᠵᠢᠯᠳᠡ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠠᠯᠲᠠᠨ ᠲᠣᠪᠴᠢ》 ᠦᠨ ᠮᠡᠳᠡᠭᠡ ᠶᠣᠰᠣᠭᠠᠷ ᠡᠯᠪᠡᠭ ᠬᠠᠭᠠᠨ ᠤ ᠥᠪᠡᠷ ᠦᠨ ᠬᠦᠦ ᠳᠦᠭᠦᠷᠡᠩᠲᠡᠮᠦᠷ ᠦᠨ ᠡᠬᠡᠨᠡᠷ ᠥᠯᠵᠡᠶᠢᠳᠥ ᠭᠣᠸ᠎ᠠ ᠭᠡᠳᠡᠭ ᠢ ᠬᠠᠲᠤᠨ ᠪᠣᠯᠭᠠᠵᠤ ᠠᠪᠣᠭᠰᠠᠨ ᠤ ᠭᠠᠢ ᠪᠠᠷ ᠣᠶᠢᠷᠠᠳ ᠤᠨ ᠨᠢᠭᠡᠨ ᠵᠠᠬᠢᠷᠤᠭᠴᠢ ᠬᠤᠬ᠎ᠠ ᠲᠠᠶᠤ ᠶᠢᠨ ᠬᠦᠦ ᠥᠭᠡᠴᠢ ᠬᠠᠰᠢᠬ᠎ᠠ ᠂ ᠮᠢᠬᠠᠮᠤ ᠨᠠᠷ 10 ᠲᠦᠮᠡᠨ ᠮᠣᠩᠭᠣᠯ ᠠᠴᠠ ᠳᠥᠷᠪᠡ ᠶᠢ ᠨᠢ ᠰᠠᠯᠭᠠᠵᠤ ᠲᠤᠰᠠᠭᠠᠷᠯᠠᠨ 《ᠳᠥᠷᠪᠡᠨ ᠣᠶᠢᠷᠠᠳ》 ᠪᠣᠯᠤᠭᠰᠠᠨ᠃ ᠡᠬᠡ ᠰᠤᠷᠪᠤᠯᠵᠢ ᠨᠤᠭᠤᠳ ᠲᠤ ᠲᠣᠭᠠᠨᠲᠡᠮᠦᠷ ᠬᠠᠭᠠᠨ 40 ᠲᠦᠮᠡᠨ ᠮᠣᠩᠭᠣᠯ ᠤᠨ 10 ᠲᠦᠮᠡᠨ ᠢ ᠠᠪᠴᠤ ᠢᠷᠡᠭᠰᠡᠨ᠃ ᠲᠡᠭᠦᠨ ᠦ ᠳᠥᠷᠪᠡᠨ ᠲᠦᠮᠡᠨ ᠨᠢ ᠣᠶᠢᠷᠠᠳ ᠤᠳ ᠭᠡᠵᠦ ᠪᠢᠴᠢᠭᠰᠡᠨ ᠪᠠᠶᠢᠳᠠᠭ᠃ 1393 ᠤᠨ ᠳᠤ ᠦᠬᠦᠭᠰᠡᠨ ᠳᠥᠷᠪᠡᠨ ᠣᠶᠢᠷᠠᠳ ᠍ ᠤᠨ ᠨᠣᠶᠠᠨ ᠪᠣᠯᠬᠤ ᠮᠥᠩᠬᠡᠲᠡᠮᠦᠷ  ᠦᠨ ᠭᠤᠷᠪᠠᠨ ᠬᠦᠦ ᠮᠢᠬᠠᠮᠤ᠂ ᠲᠠᠶᠢᠴᠢᠨ᠂ ᠪᠠᠲᠤᠪᠣᠯᠣᠳ ᠨᠠᠷ ᠮᠣᠩᠭᠣᠯ ᠤᠨ ᠬᠠᠭᠠᠨ ᠳᠤ ᠵᠠᠬᠢᠷᠤᠭᠳᠠᠬᠤ ᠦᠭᠡᠢ ᠪᠡᠨ ᠵᠠᠷᠯᠠᠵᠠᠢ᠃ ᠮᠢᠩ ᠤᠯᠤᠰ ᠤᠨ ᠰᠢᠨ᠎ᠡ ᠬᠤᠸᠠᠩᠳᠢ ᠶᠦᠩᠯᠢ ᠮᠣᠩᠭᠣᠯᠴᠤᠳ ᠢ ᠬᠢᠮᠤᠷᠠᠯ ᠳᠤ ᠣᠷᠣᠭᠤᠯᠬᠤ ᠶᠢᠨ ᠲᠤᠯᠠᠳᠠ 1409 ᠤᠨ ᠳᠤ ᠲᠡᠳᠡᠭᠡᠷ 3 ᠲᠡᠷᠢᠭᠦᠯᠡᠭᠴᠢ ᠳᠦ ᠴᠣᠯᠠ ᠬᠡᠷᠭᠡᠮ ᠱᠠᠩᠨᠠᠭᠰᠠᠨ ᠪᠠᠶᠢᠨ᠎ᠠ᠃ ᠡᠭᠦᠨ ᠳᠦ ᠲᠣᠷ᠎ᠠ ᠦᠭᠡᠶᠢᠴᠡᠭᠰᠡᠨ ᠮᠣᠩᠭᠣᠯ ᠤᠨ ᠬᠠᠭᠠᠨ ᠪᠤᠶᠠᠨᠰᠢᠷ 1409 ᠤᠨ ᠳᠤ ᠮᠢᠩ ᠦᠨ ᠡᠯᠴᠢ ᠶᠢ ᠠᠯᠠᠵᠤ ᠣᠶᠢᠷᠠᠳ ᠲᠠᠢ ᠪᠠᠶᠢᠯᠳᠤᠭᠰᠠᠨ ᠪᠣᠯᠪᠠᠴᠤ ᠢᠯᠠᠭᠳᠠᠵᠤ ᠣᠶᠢᠷᠠᠳ ᠢ ᠬᠠᠷᠢᠶᠠᠨ ᠠᠴᠠ ᠪᠠᠨ ᠪᠦᠷᠢᠮᠦᠰᠦᠨ ᠭᠠᠷᠭᠠᠭᠰᠠᠨ᠃ ᠡᠶᠢᠨᠬᠦᠦ ᠬᠦᠴᠦ ᠨᠢ ᠰᠤᠯᠠᠷᠠᠭᠰᠠᠨ ᠢ ᠠᠰᠢᠭᠯᠠᠨ ᠶᠦᠩᠯᠢ ᠬᠠᠭᠠᠨ ᠪᠡᠶ᠎ᠡ ᠪᠡᠷ ᠴᠡᠷᠢᠭ ᠠᠪᠴᠤ ᠮᠣᠩᠭᠣᠯ ᠳᠤ ᠢᠷᠡᠵᠦ ᠪᠤᠶᠠᠨᠰᠢᠷᠢ ᠶᠢ ᠪᠤᠲᠠ ᠴᠣᠬᠢᠵᠤ ᠲᠡᠭᠦᠨ ᠢ ᠣᠶᠢᠷᠠᠳ ᠤᠨ ᠨᠢᠭᠡ ᠤᠳᠤᠷᠢᠳᠤᠭᠴᠢ ᠮᠢᠬᠠᠮᠤ ᠪᠡᠷ ᠠᠯᠠᠭᠤᠯᠵᠠᠢ᠃ ᠮᠢᠬᠠᠮᠤ ᠡᠯᠪᠡᠭ ᠦᠨ ᠬᠦᠦ ᠳᠡᠯᠪᠡᠭ ᠢ ᠬᠠᠭᠠᠨ ᠪᠣᠯᠭᠠᠨ ᠥᠪᠡᠷ ᠢᠶᠡᠨ ᠲᠠᠶᠢᠰᠢ ᠪᠣᠯᠵᠤ ᠤᠯᠤᠰ ᠢ ᠵᠠᠬᠢᠷᠴᠣ ᠡᠬᠢᠯᠡᠭᠰᠡᠨ᠃ ᠡᠶᠢᠨᠬᠦᠦ ᠣᠶᠢᠷᠠᠳ ᠬᠦᠴᠦᠷᠬᠡᠭ ᠪᠣᠯᠤᠭᠰᠠᠨ ᠤᠴᠢᠷ ᠠᠴᠠ 1413 ᠤᠨ ᠳᠤ ᠮᠢᠩ ᠤᠯᠤᠰ ᠵᠡᠭᠦᠨ ᠮᠣᠩᠭᠣᠯ ᠤᠨ ᠠᠷᠤᠭᠲᠠᠢ ᠳᠤ ᠸᠠᠩ ᠴᠣᠯᠠ ᠥᠭᠴᠦ ᠳᠠᠷᠠᠭ᠎ᠠ ᠵᠢᠯ ᠨᠢ ᠲᠡᠭᠦᠨ ᠲᠡᠢ ᠬᠦᠴᠦ ᠬᠠᠪᠰᠤᠷᠤᠨ ᠣᠶᠢᠷᠠᠳ ᠤᠳ ᠢ ᠠᠯᠪᠠ ᠥᠭᠭᠦᠭᠡ ᠦᠭᠡᠢ ᠭᠡᠳᠡᠭ ᠢᠶᠡᠷ ᠰᠢᠯᠲᠠᠭᠯᠠᠨ ᠳᠣᠪᠲᠣᠯᠵᠤ ᠮᠢᠬᠠᠮᠤ ᠶᠢᠨ ᠴᠡᠷᠢᠭ ᠢ ᠬᠢᠶᠠᠷ ᠴᠣᠬᠢᠵᠠᠢ᠃ ᠳᠡᠯᠪᠡᠭ ᠴᠤ ᠤᠳᠠᠯ ᠦᠭᠡᠢ 1415 ᠤᠨ ᠳᠤ ᠥᠭᠡᠳᠡ ᠪᠣᠯᠵᠤ ᠬᠠᠭᠠᠨ ᠰᠢᠷᠡᠭᠡ ᠶᠢ ᠬᠡᠷᠦᠨᠦᠭᠦᠳ ᠣᠪᠤᠭ ᠤᠨ ᠪᠠᠲᠤᠪᠣᠯᠣᠳ᠂ ᠥᠭᠡᠴᠢ ᠬᠠᠰᠢᠭ᠎ᠠ  ᠨᠠᠷ ᠠᠪᠴᠤ ᠪᠠᠷᠠᠭᠤᠨ᠂ ᠵᠡᠭᠦᠨ ᠮᠣᠩᠭᠣᠯ ᠢᠶᠠᠷ ᠨᠢ ᠬᠤᠪᠢᠶᠠᠨ ᠬᠡᠰᠡᠭ ᠬᠤᠭᠤᠴᠠᠭᠠᠨ ᠳᠤ ᠵᠠᠬᠢᠷᠤᠨ ᠰᠠᠭᠤᠵᠠᠢ᠃ ᠲᠡᠳᠡᠨ ᠦ ᠭᠣᠣᠯ ᠲᠦᠰᠢᠭ ᠲᠤᠯᠭᠠᠭᠤᠷᠢ ᠨᠢ ᠲᠣᠷᠭᠤᠳ ᠪᠠᠶᠢᠭᠰᠠᠨ ᠪᠠ ᠡᠬᠢ ᠰᠤᠷᠪᠤᠯᠵᠢ ᠨᠤᠭᠤᠳ ᠲᠤ ᠲᠡᠳᠡ ᠠᠯᠲᠠᠨ ᠤᠷᠤᠭ ᠤᠨ ᠬᠢᠨ ᠪᠢᠰᠢ ᠲᠤᠯᠠ 《ᠡᠬᠢ ᠬᠠᠭᠠᠳ》 ᠍ ᠤᠨ ᠦᠶ᠎ᠡ ᠭᠡᠵᠦ ᠪᠢᠴᠢᠭᠳᠡᠳᠡᠭ᠃ ᠭᠡᠪᠡᠴᠦ ᠲᠡᠳᠡᠨ ᠢ ᠪᠤᠰᠤᠳ ᠨᠣᠶᠠᠳ ᠤᠳ ᠳᠡᠮᠵᠢᠭᠡ ᠦᠭᠡᠢ ᠶᠢᠨ ᠤᠯᠠᠮ ᠠᠴᠠ 1422 ᠤᠨ ᠳᠤ ᠬᠠᠰᠠᠷ ᠤᠨ ᠤᠳᠤᠮ ᠤᠨ ᠬᠣᠷᠴᠢᠨ ᠤ ᠠᠳᠠᠢ ᠬᠠᠭᠠᠨ ᠪᠣᠯᠵᠤ ᠳᠥᠷᠪᠡᠨ ᠣᠶᠢᠷᠠᠳ ᠢ ᠪᠤᠲᠠ ᠴᠣᠬᠢᠵᠠᠢ᠃

1418 ᠤᠨ ᠳᠤ ᠲᠣᠭᠣᠭᠠᠨ ᠲᠠᠶᠢᠰᠢ ᠣᠶᠢᠷᠠᠳ ᠢ ᠤᠳᠤᠷᠢᠳᠬᠤ ᠪᠠᠷ ᠪᠣᠯᠤᠯ᠎ᠠ᠃ ᠲᠡᠷᠡ ᠪᠡᠷ ᠪᠦᠬᠦ ᠮᠣᠩᠭᠣᠯ ᠢ ᠨᠢᠭᠡᠳᠬᠡᠵᠦ ᠲᠠᠶᠢᠰᠤᠩ ᠢ ᠬᠠᠭᠠᠨ ᠪᠣᠯᠭᠠᠭᠠᠳ ᠥᠪᠡᠷ ᠢᠶᠡᠨ ᠲᠠᠶᠢᠰᠢ (ᠰᠢᠳᠠᠷ ᠰᠠᠶᠢᠳ) ᠨᠢ ᠪᠣᠯᠵᠠᠢ᠃ ᠲᠡᠭᠦᠨ ᠦ ᠳᠠᠷᠠᠭ᠎ᠠ ᠬᠦᠦ ᠡᠰᠡᠨ ᠲᠠᠶᠢᠱᠢ ᠨᠢ ᠬᠢᠲᠠᠳ ᠲᠠᠢ ᠳᠠᠶᠢᠲᠤᠬᠤ ᠪᠠᠷ ᠪᠣᠯᠵᠤ ᠪᠠᠶᠢᠭᠰᠠᠨ ᠴᠤ ᠲᠠᠶᠢᠰᠤᠩ ᠬᠠᠭᠠᠨ ᠡᠰᠡᠷᠭᠦᠴᠡᠵᠦ ᠪᠣᠯᠢᠵᠠᠢ᠃ ᠲᠠᠶᠢᠰᠤᠩ ᠬᠠᠭᠠᠨ 1451 ᠤᠨ ᠳᠤ ᠠᠯᠠᠭᠳᠠᠭᠰᠠᠨ ᠢᠶᠠᠷ ᠡᠰᠡᠨ ᠥᠪᠡᠷ ᠢ ᠪᠡᠨ ᠬᠠᠭᠠᠨ ᠢᠶᠠᠷ ᠵᠠᠷᠯᠠᠵᠠᠢ᠃ ᠡᠰᠡᠨ ᠲᠠᠶᠢᠱᠢ ᠮᠣᠭᠣᠯᠢᠰᠲᠠᠨ ᠲᠠᠢ ᠪᠠᠶᠢᠩᠭᠤ ᠳᠠᠶᠢᠲᠤᠵᠤ ᠪᠠᠶᠢᠭᠰᠠᠨ ᠪᠠ 1455 ᠤᠨ ᠳᠤ ᠪᠣᠰᠤᠯᠭ᠎ᠠ ᠭᠠᠷᠭᠠᠭᠴᠢᠳ ᠲᠤ ᠠᠯᠠᠭᠳᠠᠵᠠᠢ᠃

ᠮᠣᠩᠭᠣᠯ ᠤᠨ ᠨᠢᠭᠡᠳᠦᠮᠡᠯ ᠪᠠᠶᠢᠳᠠᠯ ᠰᠡᠷᠭᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠷᠣᠨ 14-17 ᠍ᠳ᠋ᠣᠭᠠᠷ ᠵᠠᠭᠤᠨ ᠳᠤ: ᠮᠣᠩᠭᠣᠯ ᠤᠯᠤᠰ᠂ ᠳᠥᠷᠪᠡᠨ ᠣᠶᠢᠷᠠᠳᠮᠣᠭᠣᠯᠢᠰᠲᠠᠨ
ᠮᠣᠩᠭᠣᠯ ᠤᠯᠤᠰ᠂ ᠵᠦᠩᠭᠠᠷᠬᠣᠱᠤᠳ ᠤᠨ ᠬᠠᠨᠲᠣ ᠤᠯᠤᠰᠬᠣᠲᠣᠭᠣᠶᠢᠳ ᠍ ᠤᠨ ᠬᠠᠨᠲᠣ ᠤᠯᠤᠰ᠂ ᠬᠠᠯᠢᠮᠠᠭ  ᠦᠨ ᠬᠠᠨᠲᠣ ᠤᠯᠤᠰ᠂ ᠮᠣᠭᠣᠯᠢᠰᠲᠠᠨ
16 ᠍ᠳ᠋ᠣᠭᠠᠷ ᠵᠠᠭᠤᠨ ᠤ ᠰᠢᠪᠢᠷᠢ᠎ᠡ᠃ ᠡᠨᠡ ᠵᠢᠷᠤᠭ ᠢ ᠵᠠᠷᠢᠮ ᠨᠢᠭᠡ ᠠᠯᠳᠠᠭ᠎ᠠ ᠲᠠᠢ ᠬᠢᠭᠰᠡᠨ ᠪᠣᠯᠤᠯᠲᠠᠢ᠃ 1900 ᠤᠨ ᠳᠤ ᠬᠢᠭᠰᠡᠨ ᠵᠢᠷᠤᠭ

ᠮᠣᠩᠭᠣᠯ ᠢ ᠳᠠᠬᠢᠨ ᠨᠢᠭᠡᠳᠬᠡᠵᠦ ᠴᠢᠳᠠᠭᠰᠠᠨ ᠪᠣᠯ ᠴᠢᠩᠭᠢᠰ ᠬᠠᠭᠠᠨ ᠤ ᠤᠳᠤᠮ ᠪᠠᠲᠤᠮᠦ᠋ᠩᠬᠡ ᠳᠠᠶᠠᠩ ᠬᠠᠭᠠᠨ ᠶᠤᠮ᠃ ᠪᠤᠲᠠᠷᠠᠯ ᠤᠨ ᠦᠶ᠎ᠡ ᠶᠢᠨ ᠮᠣᠩᠭᠣᠯ ᠤᠨ ᠬᠠᠮᠤᠭ ᠤᠨ ᠬᠦᠴᠦᠷᠬᠡᠭ ᠪᠠᠶᠢᠭᠰᠠᠨ ᠦᠶ᠎ᠡ ᠨᠢ ᠪᠠᠲᠤᠮᠦ᠋ᠩᠬᠡ ᠶᠢᠨ ᠦᠶ᠎ᠡ ᠪᠥᠭᠡᠳ ᠡᠨᠡ ᠦᠶ᠎ᠡ ᠳᠦ ᠳᠤᠮᠳᠠᠳᠤ ᠤᠯᠤᠰ ᠠᠯᠪᠠ ᠪᠠᠷᠢᠵᠤ ᠪᠠᠶᠢᠪᠠ᠃ 1470 ᠊ᠭᠠᠳ ᠤᠨ ᠠᠴᠠ ᠪᠠᠲᠤᠮᠦ᠋ᠩᠬᠡ ᠳᠠᠶᠠᠩ ᠬᠠᠭᠠᠨ ᠮᠣᠩᠭᠣᠯ ᠠᠶᠢᠮᠠᠭ ᠤᠳ ᠢ ᠨᠢᠭᠡᠳᠬᠡᠵᠦ ᠠᠷᠪᠠᠨ ᠵᠢᠷᠭᠤᠳᠤᠭᠠᠷ ᠵᠠᠭᠤᠨ ᠤ ᠡᠬᠢ ᠭᠡᠬᠦ ᠳᠦ ᠬᠦᠴᠦᠷᠬᠡᠭ ᠨᠢᠭᠡᠳᠦᠭᠰᠡᠨ ᠲᠥᠷᠥ ᠶᠢ ᠲᠣᠭᠲᠠᠭᠠᠵᠤ ᠴᠢᠳᠠᠵᠠᠢ᠃ ᠡᠨᠡᠬᠦ ᠨᠢᠭᠡᠳᠦᠯ ᠨᠢ 1630 ᠊ᠭᠠᠳ ᠤᠨ ᠢ ᠬᠦᠷᠲᠡᠯ᠎ᠡ ᠲᠣᠭᠲᠠᠪᠤᠷᠢᠲᠠᠢ ᠪᠠᠶᠢᠭᠰᠠᠨ ᠢᠶᠠᠷ ᠮᠣᠩᠭᠣᠯ ᠤᠯᠤᠰ ᠤᠨ ᠰᠤᠶᠤᠯ᠂ ᠡᠳ᠋ ᠍ ᠦᠨ ᠵᠠᠰᠠᠭ ᠡᠷᠴᠢᠮᠲᠡᠢ ᠬᠥᠭᠵᠢᠵᠡᠢ᠃

ᠲᠡᠭᠦᠨ ᠦ ᠡᠮᠦᠨ᠎ᠡ ᠬᠠᠭᠠᠨ ᠪᠠᠶᠢᠭᠰᠠᠨ ᠮᠠᠨᠳᠤᠭᠤᠯ ᠨᠢ ᠬᠦᠦ ᠦᠭᠡᠢ ᠪᠠᠶᠢᠭᠰᠠᠨ ᠲᠤᠯᠠ ᠪᠠᠭ᠎ᠠ ᠬᠠᠲᠤᠨ ᠮᠠᠨᠳᠤᠬᠠᠢ ᠪᠠᠲᠤᠮᠦ᠋ᠩᠬᠡ ᠲᠡᠢ ᠰᠠᠭᠤᠵᠤ ᠲᠡᠭᠦᠨ ᠦ ᠨᠡᠷ᠎ᠡ ᠪᠡᠷ ᠤᠯᠤᠰ ᠢ ᠵᠠᠬᠢᠷᠴᠣ ᠪᠠᠶᠢᠴᠠᠢ᠃ ᠮᠣᠩᠭᠣᠯ ᠰᠤᠳᠤᠷ ᠪᠢᠴᠢᠭ ᠲᠦ: "ᠲᠣᠭᠠᠨᠲᠡᠮᠦᠷ ᠬᠠᠭᠠᠨ  ᠠᠴᠠ ᠬᠣᠶᠢᠰᠢ ᠬᠡᠳᠦ ᠬᠡᠳᠦᠨ ᠬᠠᠭᠠᠳ ᠤᠨ ᠦᠶ᠎ᠡ ᠲᠠᠰᠤᠷᠴᠣ ᠶᠠᠪᠤᠬᠤ ᠳᠤ" ᠮᠠᠨᠳᠤᠬᠠᠢ ᠬᠠᠲᠤᠨ ᠮᠠᠨᠳᠤᠭᠤᠯ ᠬᠠᠭᠠᠨ ᠤ ᠳᠡᠭᠦᠦ᠂ ᠪᠠᠶᠠᠨᠮᠦ᠋ᠩᠬᠡ ᠵᠢᠨᠦᠩ ᠦᠨ 7 ᠨᠠᠰᠤᠲᠠᠢ ᠥᠨᠥᠴᠢᠨ ᠬᠦᠦ ᠪᠠᠲᠤᠮᠦ᠋ᠩᠬᠡ  ᠶᠢ ᠮᠣᠩᠭᠣᠯ ᠤᠨ ᠨᠥᠯᠥᠭᠡ ᠪᠦᠬᠦᠢ ᠨᠣᠶᠠᠳ ᠲᠠᠢ ᠬᠠᠮᠲᠤᠷᠠᠨ 1470 ᠤᠨ ᠳᠤ ᠬᠠᠭᠠᠨ ᠰᠢᠷᠡᠭᠡᠨ ᠳᠦ ᠡᠷᠭᠦᠮᠵᠢᠯᠡᠵᠦ᠂ "ᠳᠠᠶᠠᠭᠠᠷ ᠢ ᠡᠵᠡᠯᠡᠬᠦ ᠪᠣᠯᠲᠤᠭᠠᠢ" ᠬᠡᠮᠡᠨ ᠳᠠᠶᠠᠩ ᠬᠠᠭᠠᠨ ᠴᠣᠯᠠ ᠣᠯᠭᠤᠵᠠᠢ᠃ ᠮᠣᠩᠭᠣᠯ ᠤᠯᠤᠰ ᠢ ᠨᠢᠭᠡᠳᠬᠡᠬᠦ ᠡᠷᠬᠡ ᠠᠰᠢᠭ ᠤᠨ ᠡᠭᠦᠳᠡᠨ ᠡᠴᠡ ᠮᠠᠨᠳᠤᠬᠠᠢ ᠪᠠᠭ᠎ᠠ ᠵᠠᠯᠠᠭᠤ ᠪᠠᠲᠤᠮᠦ᠋ᠩᠬᠡ ᠶᠢᠨ ᠬᠠᠲᠤᠨ ᠪᠣᠯᠤᠭᠰᠠᠨ᠃ ᠪᠠᠲᠤᠮᠦ᠋ᠩᠬᠡ ᠳᠠᠶᠠᠩ ᠬᠠᠭᠠᠨ ᠤ ᠲᠥᠷᠥ ᠪᠠᠷᠢᠵᠤ ᠪᠠᠶᠢᠬᠤ ᠡᠬᠢᠨ ᠦ ᠦᠶ᠎ᠡ ᠳᠦ ᠤᠯᠤᠰ ᠲᠥᠷᠥ ᠶᠢᠨ ᠦᠢᠯᠡ ᠠᠵᠢᠯᠯᠠᠭᠠᠨ ᠳᠤ ᠮᠠᠨᠳᠤᠬᠠᠢ ᠰᠡᠴᠡᠨ ᠬᠠᠲᠤᠨ ᠤ ᠡᠭᠦᠷᠭᠡ ᠶᠡᠬᠡ ᠪᠠᠶᠢᠭᠰᠠᠨ᠃ ᠲᠤᠬᠠᠶᠢᠯᠠᠪᠠᠯ: ᠮᠠᠨᠳᠤᠬᠠᠢ ᠮᠣᠩᠭᠣᠯ ᠨᠣᠶᠠᠳ ᠤᠨ ᠰᠠᠯᠤᠩᠭᠢ᠂ ᠪᠤᠲᠠᠷᠬᠠᠢ ᠪᠠᠶᠢᠳᠠᠯ ᠢ ᠠᠷᠢᠯᠭᠠᠬᠤ ᠶᠢᠨ ᠲᠤᠯᠠᠳᠠ ᠳᠥᠷᠪᠡᠨ ᠣᠶᠢᠷᠠᠳ ᠢ ᠳᠠᠭᠠᠭᠤᠯᠤᠨ ᠨᠢᠭᠡᠳᠬᠡᠬᠦ ᠶᠢ ᠴᠢᠬᠤᠯᠠ ᠳᠤ ᠦᠵᠡᠨ ᠥᠪᠡᠷ ᠦᠨ ᠪᠡᠶ᠎ᠡ ᠪᠡᠷ ᠴᠡᠷᠢᠭᠯᠡᠨ ᠳᠠᠭᠠᠷᠢᠵᠤ ᠬᠠᠭᠠᠨ ᠤ ᠵᠠᠬᠢᠷᠭᠠᠨ ᠳᠤ ᠣᠷᠣᠭᠤᠯᠤᠭᠰᠠᠨ ᠪᠠᠶᠢᠨ᠎ᠠ᠃

ᠪᠠᠲᠤᠮᠦ᠋ᠩᠬᠡ ᠬᠠᠭᠠᠨ ᠤ ᠦᠢᠯᠡ ᠠᠵᠢᠯᠯᠠᠭ᠎ᠠ ᠨᠢ:

  • ᠮᠣᠩᠭᠣᠯ ᠤᠨ ᠨᠤᠲᠤᠭ ᠳᠡᠪᠢᠰᠬᠡᠷ ᠢ ᠬᠤᠷᠢᠶᠠᠨ ᠵᠠᠬᠢᠷᠬᠤ
  • ᠲᠥᠷᠥ ᠶᠢᠨ ᠨᠢᠭᠡᠳᠦᠯ ᠢ ᠬᠠᠩᠭᠠᠬᠤ ᠳᠤ ᠴᠢᠭᠯᠡᠭᠳᠡᠭᠰᠡᠨ ᠪᠠᠶᠢᠭᠰᠠᠨ᠃

ᠪᠠᠲᠤᠮᠦ᠋ᠩᠬᠡ ᠶᠢ ᠲᠥᠷᠥ ᠪᠠᠷᠢᠵᠤ ᠪᠠᠶᠢᠬᠤ ᠦᠶ᠎ᠡ ᠳᠦ ᠪᠡᠶ᠎ᠡ ᠪᠡᠨ ᠳᠠᠭᠠᠭᠠᠵᠤ ᠤᠷᠤᠰᠢᠬᠤ ᠭᠡᠰᠡᠨ ᠨᠣᠶᠠᠳ ᠤᠨ ᠡᠰᠡᠷᠭᠦᠴᠡᠯ ᠶᠡᠬᠡ ᠪᠡᠷ ᠭᠠᠷᠴᠤ ᠪᠠᠶᠢᠭᠰᠠᠨ ᠴᠤ ᠲᠡᠳᠡᠭᠡᠷ ᠢ ᠴᠠᠭ ᠲᠤᠬᠠᠢ ᠳᠤ ᠨᠢ ᠳᠠᠷᠤᠵᠤ ᠪᠠᠶᠢᠭᠰᠠᠨ ᠪᠠᠶᠢᠨ᠎ᠠ᠃ ᠪᠠᠲᠤᠮᠦ᠋ᠩᠬᠡ ᠬᠠᠭᠠᠨ ᠮᠣᠩᠭᠣᠯ ᠢ ᠨᠢᠭᠡᠳᠬᠡᠨ ᠵᠠᠬᠢᠷᠬᠤ ᠳᠤ ᠪᠠᠨ ᠳᠠᠷᠠᠭᠠᠬᠢ ᠰᠢᠨᠡᠴᠢᠯᠡᠯ ᠦᠨ ᠪᠣᠳᠣᠯᠭ᠎ᠠ ᠶᠢ ᠶᠠᠪᠤᠭᠤᠯᠤᠭᠰᠠᠨ᠃

  • ᠠᠯᠲᠠᠨ ᠤᠷᠤᠭ ᠤᠨ ᠬᠢᠨ ᠤ ᠪᠠᠶᠢᠷᠢ ᠰᠠᠭᠤᠷᠢ ᠶᠢ ᠪᠡᠬᠢᠵᠢᠭᠦᠯᠬᠦ
  • ᠡᠵᠡᠯᠡᠭᠰᠡᠨ ᠭᠠᠵᠠᠷ ᠢᠶᠠᠨ ᠥᠪᠡᠷ ᠦᠨ ᠬᠥᠪᠡᠭᠦᠳ ᠳᠤ ᠪᠡᠨ ᠬᠤᠪᠢᠶᠠᠷᠢᠯᠠᠨ ᠥᠭᠬᠦ ᠭᠡᠬᠦ ᠮᠡᠲᠦ᠃ ᠡᠵᠡᠮᠰᠢᠯ ᠨᠤᠲᠤᠭ ᠢᠶᠠᠨ ᠬᠥᠪᠡᠭᠦᠳ ᠳᠤ ᠪᠡᠨ ᠬᠤᠪᠢ ᠪᠣᠯᠭᠠᠨ ᠲᠠᠰᠤᠯᠤᠨ ᠥᠭᠭᠦᠭᠰᠡᠨ ᠨᠢ ᠮᠣᠩᠭᠣᠯ ᠤᠨ ᠦᠢᠯᠡᠪᠦᠷᠢᠯᠡᠬᠦ ᠬᠦᠴᠦᠨ ᠳᠦ ᠡᠶᠡᠷᠭᠦ ᠪᠡᠷ ᠨᠥᠯᠦᠭᠡᠯᠡᠵᠡᠢ᠃ ᠮᠠᠯᠴᠢᠳ ᠡᠵᠡᠨ ᠨᠣᠶᠠᠨ ᠤ ᠲᠣᠳᠣᠷᠬᠠᠢ ᠨᠤᠲᠤᠭ ᠲᠤ ᠨᠡᠭᠦᠳᠡᠯᠯᠡᠵᠦ᠂ ᠮᠠᠯ ᠠᠵᠤ ᠠᠬᠤᠢ ᠶᠢ ᠬᠥᠲᠥᠯᠬᠦ ᠰᠢᠨ᠎ᠡ ᠠᠷᠭ᠎ᠠ ᠪᠠᠷᠢᠯ ᠨᠡᠪᠲᠡᠷᠴᠥ᠂ ᠨᠣᠶᠠᠨ ᠳᠤ ᠨᠣᠭᠳᠠᠭᠤᠯᠬᠤ ᠠᠯᠪᠠ ᠨᠠᠷᠢᠨ ᠪᠣᠯᠵᠤ᠂ ᠤᠯᠤᠰ ᠤᠨ ᠰᠠᠩ ᠢ ᠨᠡᠮᠡᠭᠳᠡᠭᠦᠯᠵᠦ ᠪᠠᠶᠢᠴᠠᠢ᠃

ᠪᠠᠲᠤᠮᠦ᠋ᠩᠬᠡ ᠳᠠᠶᠠᠩ ᠬᠠᠭᠠᠨ 1470 - 1517 ᠤᠨ ᠳᠤ ᠮᠣᠩᠭᠣᠯ ᠤᠨ ᠲᠥᠷᠥ ᠶᠢ ᠪᠠᠷᠢᠭᠰᠠᠨ ᠢᠶᠠᠷ ᠣᠯᠠᠨ ᠵᠢᠯ ᠦᠷᠭᠦᠯᠵᠢᠯᠡᠭᠰᠡᠨ ᠹᠧᠣᠳᠠᠯ ᠤᠨ ᠬᠢᠮᠤᠷᠠᠯ ᠳᠠᠵᠢᠨ᠂ ᠭᠠᠳᠠᠭᠠᠳᠤ ᠶᠢᠨ ᠳᠣᠪᠲᠣᠯᠭ᠎ᠠ ᠳᠠᠭᠠᠷᠢᠯᠲᠠ ᠶᠢ ᠵᠣᠭᠰᠣᠭᠠᠭᠰᠠᠨ ᠪᠠᠶᠢᠨ᠎ᠠ᠃ ᠮᠣᠩᠭᠣᠯᠴᠤᠳ ᠨᠢᠭᠡᠨ ᠬᠠᠭᠠᠨ ᠤ ᠡᠷᠬᠡᠨ ᠳᠦ ᠣᠷᠣᠵᠤ ᠵᠠᠬᠢᠷᠤᠭᠳᠠᠬᠤ ᠪᠣᠯᠤᠭᠰᠠᠨ ᠨᠢ ᠮᠣᠩᠭᠣᠯ ᠢ ᠲᠤᠰᠠᠭᠠᠷ ᠲᠣᠭᠲᠠᠨᠢᠬᠤ ᠪᠠᠶᠢᠳᠠᠯ ᠢ ᠪᠡᠬᠢᠵᠢᠭᠦᠯᠵᠦ᠂ ᠦᠢᠯᠡᠳᠪᠦᠷᠢᠯᠡᠬᠦ ᠬᠦᠴᠦᠨ ᠦ ᠬᠥᠭᠵᠢᠯᠳᠦ ᠲᠦᠯᠬᠢᠴᠡ ᠪᠣᠯᠤᠭᠰᠠᠨ᠃

ᠮᠠᠨᠳᠤᠬᠠᠢ ᠨᠢ ᠣᠶᠢᠷᠠᠳ ᠢ ᠴᠣᠬᠢᠨ ᠮᠣᠩᠭᠣᠯ ᠢ ᠨᠢᠭᠡᠳᠬᠡᠵᠦ ᠴᠢᠳᠠᠭᠰᠠᠨ ᠴᠤ ᠪᠠᠲᠤᠮᠦ᠋ᠩᠬᠡ ᠨᠠᠰᠤ ᠪᠠᠷᠠᠭᠰᠠᠨ ᠤ ᠳᠠᠷᠠᠭ᠎ᠠ ᠮᠣᠩᠭᠣᠯ ᠪᠤᠴᠠᠭᠠᠳ ᠡᠮᠦᠨᠡᠬᠢ ᠬᠡᠪ ᠲᠦ ᠪᠡᠨ ᠣᠷᠣᠵᠠᠢ᠃

ᠠᠷᠪᠠᠨ ᠵᠢᠷᠭᠤᠳᠤᠭᠠᠷ ᠵᠠᠭᠤᠨ ᠤ ᠦᠶ᠎ᠡ ᠳᠦ ᠮᠣᠩᠭᠣᠯ ᠨᠢ ᠮᠠᠨᠳᠤᠬᠠᠢ ᠬᠠᠲᠤᠨ ᠤ ᠦᠷ᠎ᠡ ᠤᠳᠤᠮ ᠤᠳ ᠳᠤᠮᠳᠠ ᠬᠠᠯᠬ᠎ᠠ᠂ ᠴᠠᠬᠠᠷ᠂ ᠲᠦᠮᠡᠳ ᠵᠡᠷᠭᠡ ᠪᠡᠷ ᠬᠤᠪᠢᠶᠠᠭᠳᠠᠵᠠᠢ᠃ ᠳᠠᠶᠠᠨ ᠬᠠᠭᠠᠨ ᠤ ᠠᠴᠢ ᠨᠠᠷ ᠠᠴᠠ ᠪᠠᠷᠰᠪᠣᠯᠣᠳ ᠵᠢᠨᠦᠩ ᠦᠨ ᠬᠦᠦ ᠠᠯᠲᠠᠨ (1507-1582) ᠬᠡᠳᠦᠢ ᠪᠡᠷ ᠬᠠᠭᠠᠨ ᠣᠷᠣ ᠵᠠᠯᠭᠠᠭ᠎ᠠ ᠦᠭᠡᠢ ᠪᠣᠯᠪᠠᠴᠤ ᠶᠡᠬᠡᠳᠡ ᠬᠦᠴᠦᠷᠬᠡᠭᠵᠢᠵᠦ ᠶᠡᠬᠡ ᠬᠠᠭᠠᠨ ᠠᠴᠠ ᠬᠠᠨ ᠴᠣᠯᠠ ᠬᠦᠷᠢᠲᠦᠵᠡᠢ᠃ ᠲᠡᠷᠡ ᠪᠡᠷ ᠬᠢᠲᠠᠳ ᠲᠤ ᠣᠯᠠᠨ ᠤᠳᠠᠭ᠎ᠠ ᠳᠣᠪᠲᠣᠯᠵᠤ᠂ 1550 ᠤᠨ ᠳᠤ ᠪᠡᠭᠡᠵᠢᠩ ᠬᠣᠲᠠ ᠶᠢ ᠪᠦᠰᠡᠯᠡᠵᠦ ᠪᠠᠶᠢᠪᠠ᠃ ᠠᠷᠭ᠎ᠠ ᠦᠭᠡᠢ ᠪᠠᠶᠢᠳᠠᠯ ᠳᠤ ᠣᠷᠣᠭᠰᠠᠨ ᠮᠢᠩ ᠤᠯᠤᠰ ᠤᠨ ᠡᠷᠬᠡ ᠪᠠᠷᠢᠭᠴᠢᠳ ᠬᠢᠯᠢ ᠶᠢᠨ ᠪᠣᠭᠣᠮᠲᠠ ᠪᠠᠨ ᠨᠡᠭᠡᠭᠡᠬᠦ ᠶᠢ ᠵᠥᠪᠰᠢᠶᠡᠷᠴᠥ ᠪᠠᠭᠤᠯᠲᠠ ᠬᠢᠵᠦ ᠪᠠᠶᠢᠵᠤ ᠮᠣᠩᠭᠣᠯ ᠴᠡᠷᠢᠭ ᠢ ᠪᠤᠴᠠᠭᠠᠭᠰᠠᠨ ᠪᠠᠶᠢᠨ᠎ᠠ᠃ ᠠᠯᠲᠠᠨ ᠬᠠᠨ 1557 ᠤᠨ ᠳᠤ ᠬᠦᠬᠡ ᠬᠤᠲᠠ ᠶᠢ ᠪᠠᠶᠢᠭᠤᠯᠵᠠᠢ᠃ ᠲᠡᠷᠡ ᠪᠡᠷ 1577 ᠤᠨ ᠳᠤ ᠲᠥᠪᠡᠳ ᠲᠦ ᠣᠴᠢᠵᠤ ᠲᠥᠪᠡᠳ ᠦᠨ ᠳᠡᠭᠡᠳᠦ ᠯᠠᠮᠠ ᠰᠣᠳᠣᠨᠠᠮᠵᠠᠮᠼᠤ ᠲᠠᠢ ᠠᠭᠤᠯᠵᠠᠨ ᠪᠤᠷᠬᠠᠨ ᠤ ᠱᠠᠰᠢᠨ ᠳᠤ ᠣᠷᠣᠵᠠᠢ᠃ ᠠᠯᠲᠠᠨ ᠬᠠᠨ ᠰᠣᠳᠣᠨᠠᠮᠵᠠᠮᠼᠤ ᠯᠠᠮᠠ ᠳᠤ ᠠᠩᠬ᠎ᠠ ᠳᠠᠯᠠᠢ ᠯᠠᠮᠠ ᠭᠡᠳᠡᠭ ᠴᠣᠯᠠ ᠶᠢ ᠥᠭᠴᠡᠢ᠃ ᠡᠨᠡ ᠦᠶ᠎ᠡ ᠳᠦ ᠪᠠᠰᠠ ᠬᠠᠯᠬ᠎ᠠ ᠶᠢᠨ ᠠᠪᠠ ᠲᠠᠢ ᠰᠠᠶᠢᠨ ᠬᠠᠨ ᠴᠤ ᠭᠡᠰᠡᠨ ᠳᠠᠯᠠᠢ ᠯᠠᠮᠠ ᠲᠠᠢ ᠠᠭᠤᠯᠵᠠᠬᠤ ᠪᠠᠷ ᠣᠴᠢᠵᠠᠢ᠃ ᠢᠩᠭᠢᠭᠰᠡᠨ ᠢᠶᠡᠷ ᠮᠣᠩᠭᠣᠯ ᠤᠨ ᠶᠡᠬᠡᠩᠬᠢ ᠲᠣᠮᠣ ᠲᠣᠯᠣᠭᠠᠢ ᠨᠣᠶᠠᠳ ᠪᠤᠷᠬᠠᠨ ᠤ ᠱᠠᠰᠢᠨ ᠳᠤ ᠣᠷᠣᠵᠤ ᠮᠣᠩᠭᠣᠯ ᠤᠨ ᠣᠪᠤᠭ ᠠᠶᠢᠮᠠᠭ ᠤᠳ ᠤᠨ ᠳᠤᠮᠳᠠ ᠪᠤᠷᠬᠠᠨ ᠤ ᠱᠠᠰᠢᠨ ᠤ ᠰᠢᠷ᠎ᠠ ᠮᠠᠯᠠᠭᠠᠶᠢᠲᠠᠨ ᠤ ᠤᠷᠤᠰᠬᠠᠯ ᠡᠷᠴᠢᠮᠲᠡᠢ ᠳᠡᠯᠭᠡᠷᠡᠪᠡ᠃ ᠠᠪᠠ ᠲᠠᠢ ᠬᠠᠨ 1585 ᠤᠨ ᠳᠤ ᠬᠠᠭᠤᠴᠢᠨ ᠢᠶᠠᠷ ᠬᠠᠷᠠᠬᠣᠷᠣᠮ ᠬᠣᠲᠠ ᠶᠢᠨ ᠨᠤᠲᠤᠭ ᠳᠡᠪᠢᠰᠬᠡᠷ ᠦᠨ ᠣᠷᠴᠢᠮ ᠳᠤ ᠡᠷᠳᠡᠨᠢ ᠵᠤᠤ ᠬᠡᠶᠢᠳ ᠢ ᠪᠠᠶᠢᠭᠤᠯᠵᠠᠢ᠃

15-16 ᠍ ᠳ᠋ᠣᠭᠠᠷ ᠵᠠᠭᠤᠨ ᠤ ᠡᠬᠢᠨ ᠦᠶ᠎ᠡ ᠪᠣᠯ ᠮᠣᠩᠭᠣᠯ ᠤᠨ ᠰᠤᠶᠤᠯ ᠤᠷᠠᠯᠢᠭ ᠤᠨ ᠬᠥᠭᠵᠢᠯ ᠳᠡᠪᠰᠢᠯ ᠰᠡᠷᠭᠦᠨ ᠮᠠᠨᠳᠤᠯᠲᠠ ᠶᠢᠨ ᠦᠶ᠎ᠡ ᠶᠤᠮ᠃ ᠡᠷᠭᠦᠮᠡᠯ ᠬᠦᠦ ᠵᠠᠶ᠎ᠠ ᠪᠠᠨᠳᠢᠳᠠ ᠨᠠᠮᠬᠠᠶᠢᠵᠠᠮᠼᠤ ᠮᠣᠩᠭᠣᠯ ᠤᠨ ᠦᠰᠦᠭ ᠲᠣᠳᠣ ᠪᠢᠴᠢᠭ ᠢ ᠵᠣᠬᠢᠶᠠᠭᠰᠠᠨ ᠶᠤᠮ᠃ ᠬᠠᠯᠬ᠎ᠠ ᠶᠢᠨ ᠪᠤᠷᠬᠠᠨ ᠤ ᠱᠠᠰᠢᠨ ᠤ ᠲᠡᠷᠢᠭᠦᠨ ᠠᠩᠬᠠᠳᠤᠭᠠᠷ ᠪᠣᠭᠳᠠ ᠵᠠᠨᠠᠪᠠᠽᠠᠷ ᠮᠣᠩᠭᠣᠯ ᠤᠨ ᠠᠷᠠᠳ ᠤᠨ ᠤᠷᠠᠯᠢᠭ ᠤᠨ ᠰᠣᠷ ᠪᠣᠯᠤᠭᠰᠠᠨ ᠠᠯᠳᠠᠷᠲᠤ ᠬᠣᠷᠢᠨ ᠨᠢᠭᠡᠨ ᠳᠠᠷᠢ ᠡᠬᠡ ᠶᠢᠨ ᠪᠠᠷᠢᠮᠯᠠᠭ᠎ᠠ ᠤᠷᠠᠯᠠᠨ ᠪᠦᠲᠦᠭᠡᠭᠰᠡᠨ ᠶᠤᠮ᠃ ᠲᠡᠭᠦᠨ ᠦ ᠤᠷᠠᠨ ᠪᠦᠲᠦᠭᠡᠯ ᠦᠨ ᠣᠷᠭᠢᠯ ᠤᠳ ᠨᠢ ᠴᠠᠭᠠᠨ ᠳᠠᠷᠢ ᠡᠬᠡ ᠪᠣᠯᠤᠨ ᠨᠣᠭᠣᠭᠠᠨ ᠳᠠᠷᠢ ᠡᠬᠡ ᠶᠢᠨ ᠪᠠᠷᠢᠮᠠᠯ ᠤᠳ ᠶᠤᠮ᠃ ᠡᠨᠡᠬᠦ ᠤᠷᠠᠨ ᠪᠦᠲᠥᠭᠡᠯ ᠨᠦᠭᠦᠳ ᠢᠶᠡᠷ ᠢᠶᠡᠨ ᠮᠣᠩᠭᠣᠯ ᠤᠨ ᠦᠵᠡᠰᠬᠦᠯᠡᠩᠲᠦ ᠪᠦᠰᠡᠭᠦᠢ ᠶᠢᠨ ᠲᠥᠷᠬᠥ ᠶᠢ ᠢᠯᠡᠷᠬᠡᠶᠢᠯᠡᠵᠦ ᠥᠭᠴᠡᠢ᠃ ᠴᠠᠭᠠᠨ ᠳᠠᠷᠢ ᠡᠬᠡ ᠶᠢᠨ ᠵᠡᠭᠦᠨ ᠮᠥᠷᠦᠨ ᠳᠡᠭᠡᠷ᠎ᠡ ᠯᠢᠩᠬᠤ᠎ᠠ ᠴᠡᠴᠡᠭ ᠪᠠᠶᠢᠳᠠᠭ ᠪᠥᠭᠡᠳ ᠳᠡᠯᠪᠢᠯᠡᠵᠦ ᠪᠤᠢ ᠯᠢᠩᠬᠤᠸ᠎ᠠ ᠪᠠᠶᠢᠳᠠᠭ ᠶᠤᠮ᠃ ᠬᠠᠷᠢᠨ ᠨᠣᠭᠣᠭᠠᠨ ᠳᠠᠷᠢ ᠳᠤ ᠪᠠᠶᠢᠳᠠᠭ ᠯᠢᠩᠬᠤ᠎ᠠ ᠴᠡᠴᠡᠭ ᠨᠢ ᠠᠯᠢ ᠬᠡᠳᠦᠶᠢᠨ ᠳᠡᠯᠪᠡᠭᠡᠯᠡᠴᠢᠬᠡᠭᠰᠡᠨ ᠪᠠᠶᠢᠳᠠᠭ ᠪᠥᠭᠡᠳ ᠲᠤᠩ ᠦᠵᠡᠰᠬᠦᠯᠡᠩ ᠲᠡᠢ ᠪᠦᠰᠡᠭᠦᠢ ᠶᠢᠨ ᠳᠦᠷᠢ ᠵᠢ ᠭᠠᠷᠭᠠᠵᠠᠢ᠃ ᠲᠡᠷᠡ ᠪᠡᠷ ᠥᠪᠡᠷ ᠦᠨ ᠦᠵᠡᠰᠬᠦᠯᠡᠩᠲᠦ ᠲᠥᠷᠬᠥ ᠪᠠᠶᠢᠳᠠᠯ ᠳᠤ ᠰᠡᠳᠬᠢᠯ ᠬᠠᠩᠭᠠᠯᠤᠭᠤᠨ ᠪᠠᠶᠢᠳᠠᠭ ᠠᠵᠢ᠃ ᠲᠡᠷᠡᠪᠡᠷ ᠪᠢᠰᠢᠯᠭᠠᠯ ᠠᠴᠠ ᠰᠡᠷᠡᠵᠦ ᠪᠤᠢ ᠪᠠᠶᠢᠳᠠᠯ ᠲᠠᠢ ᠯᠢᠩᠬᠤ᠎ᠠ ᠴᠡᠴᠡᠭ ᠦᠨ ᠰᠠᠭᠤᠳᠠᠯ ᠳᠡᠭᠡᠷ᠎ᠡ ᠪᠠᠷᠠᠭᠤᠨ ᠬᠥᠯ ᠢᠶᠡᠨ ᠳᠣᠭᠣᠭᠰᠢᠯᠠᠭᠤᠯᠤᠨ ᠬᠡᠦᠬᠡᠳ ᠢᠶᠡᠨ ᠬᠥᠬᠥ ᠪᠡᠷ ᠢᠶᠡᠨ ᠬᠣᠭᠣᠯᠠᠯᠠᠭᠰᠠᠨ ᠪᠠᠶᠢᠳᠠᠯ ᠲᠠᠢ ᠰᠠᠭᠤᠳᠠᠭ᠃ ᠣᠯᠠᠨ ᠣᠯᠠᠨ ᠰᠦᠮ᠎ᠡ ᠳᠤᠭᠠᠩ ᠵᠠᠨᠠᠪᠠᠽᠠᠷ ᠤᠨ ᠲᠥᠰᠥᠯ ᠢᠶᠡᠷ ᠬᠡᠷᠡᠭᠵᠢᠵᠦ ᠪᠦᠲᠦᠭᠡᠭᠳᠡᠭᠰᠡᠨ ᠪᠠᠶᠢᠳᠠᠭ᠃ ᠲᠡᠷᠡ ᠪᠡᠷ ᠮᠣᠩᠭᠣᠯ ᠤᠨ ᠰᠣᠶᠣᠮᠪᠣ ᠦᠰᠦᠭ ᠢ ᠵᠣᠬᠢᠶᠠᠵᠠᠢ᠃

14-17 ᠍ᠳ᠋ᠣᠭᠠᠷ ᠵᠠᠭᠤᠨ ᠤ ᠮᠣᠩᠭᠣᠯ ᠤᠯᠤᠰ ᠨᠢ ᠾᠣᠩᠨᠣ᠂ ᠰᠢᠶᠠᠨᠪᠢ᠂ ᠷᠡᠦᠷᠠᠨ᠂ ᠶᠡᠬᠡ ᠮᠣᠩᠭᠣᠯ ᠤᠯᠤᠰ ᠠᠴᠠ ᠨᠢᠭᠡ ᠣᠨᠴᠠᠯᠢᠭ ᠢᠯᠭᠠᠭ᠎ᠠ ᠲᠠᠢ ᠪᠠᠶᠢᠭᠰᠠᠨ ᠨᠢ ᠥᠷᠥᠨ᠎ᠡ᠂ ᠤᠮᠠᠷ᠎ᠠ ᠲᠠᠯ᠎ᠠ ᠳᠤ ᠪᠠᠨ ᠮᠣᠩᠭᠣᠯ ᠤᠨ ᠠᠯᠲᠠᠨ ᠤᠷᠤᠭ ᠤᠨ ᠬᠠᠭᠠᠳ ᠤᠨ ᠡᠵᠡᠩᠨᠡᠯ ᠨᠤᠲᠤᠭ ᠢᠶᠠᠷ ᠬᠢᠯᠢᠯᠡᠵᠦ ᠪᠠᠶᠢᠭᠰᠠᠨ ᠳᠤ ᠣᠷᠣᠰᠢᠨ᠎ᠠ᠃

15 ᠳ᠋ᠤᠭᠠᠷ ᠵᠠᠭᠤᠨ ᠳᠤ ᠮᠣᠩᠭᠣᠯ ᠤᠨ ᠪᠠᠷᠠᠭᠤᠨ ᠲᠠᠯ᠎ᠠ ᠳᠤ ᠰᠢᠪᠸᠷᠢᠶ᠎ᠠ ᠶᠢᠨ ᠬᠠᠨᠯᠢᠭ (15 ᠳ᠋ᠣᠭᠠᠷ ᠵᠠᠭᠤᠨ ᠠᠴᠠ-1598 ᠤᠨ) ᠪᠠᠶᠢᠭᠤᠯᠤᠭᠳᠠᠨ ᠬᠢᠯᠢᠯᠡᠬᠦ ᠪᠣᠯᠤᠭᠰᠠᠨ ᠪᠥᠭᠡᠳ ᠤᠷᠢᠳᠤ ᠨᠢ ᠠᠯᠲᠠᠨ ᠣᠷᠣᠳ ᠲᠤ ᠬᠠᠷᠢᠶᠠᠯᠠᠭᠳᠠᠵᠤ ᠪᠠᠶᠢᠭᠰᠠᠨ ᠨᠤᠲᠤᠭ ᠰᠢᠪᠸᠷᠢᠶ᠎ᠠ ᠶᠢᠨ ᠬᠠᠨᠯᠢᠭ ᠤᠨ ᠪᠦᠷᠢᠯᠳᠦᠬᠦᠨ ᠳᠦ ᠣᠷᠣᠭᠰᠠᠨ ᠪᠣᠯ ᠰᠢᠪᠸᠷᠢᠶ᠎ᠠ ᠶᠢᠨ ᠬᠠᠨᠯᠢᠭ 16 ᠳ᠋ᠣᠭᠠᠷ ᠵᠠᠭᠤᠨ ᠤ ᠰᠡᠭᠦᠯᠡᠷ ᠣᠷᠣᠰ ᠲᠤ ᠴᠣᠬᠢᠭᠳᠠᠨ ᠬᠦᠴᠦ ᠨᠢ ᠰᠤᠯᠠᠷᠠᠭᠰᠠᠨ ᠦᠶᠡᠰ ᠭᠠᠵᠠᠷ ᠨᠤᠲᠤᠭ ᠨᠢ ᠬᠠᠰᠠᠭᠳᠥᠷᠪᠡᠨ ᠣᠶᠢᠷᠠᠳ ᠍ ᠤᠨ ᠬᠢᠯᠢ ᠳᠦ ᠣᠷᠣᠵᠠᠢ᠃

ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠡᠨᠡ ᠦᠶ᠎ᠡ ᠳᠦ ᠠᠯᠲᠠᠢ ᠶᠢᠨ ᠨᠢᠷᠤᠭᠤᠨ ᠠᠴᠠ ᠪᠠᠷᠠᠭᠤᠨ ᠲᠡᠰᠢ ᠤᠷᠤᠰᠢᠬᠤ ᠪᠠᠷᠠᠭᠤᠨ ᠮᠣᠩᠭᠣᠯ ᠪᠤᠶᠤ ᠳᠥᠷᠪᠡᠨ ᠣᠶᠢᠷᠠᠳ᠂ ᠲᠡᠭᠦᠨ ᠡᠴᠡ ᠵᠡᠭᠦᠨ ᠲᠡᠰᠢ ᠤᠷᠤᠰᠢᠬᠤ ᠵᠡᠭᠦᠨ ᠮᠣᠩᠭᠣᠯ ᠭᠡᠰᠡᠨ 2 ᠬᠡᠰᠡᠭ ᠲᠦ ᠬᠤᠪᠢᠶᠠᠭᠳᠠᠵᠠᠢ᠃ ᠵᠡᠭᠦᠨ ᠮᠣᠩᠭᠣᠯ ᠨᠢ ᠪᠠᠷᠠᠭᠤᠨ 3 ᠲᠦᠮᠡᠨ᠂ ᠵᠡᠭᠦᠨ 3 ᠲᠦᠮᠡᠨ ᠨᠡᠶᠢᠲᠡ 6 ᠲᠦᠮᠡᠨ ᠲᠡᠢ ᠪᠠᠶᠢᠭᠰᠠᠨ ᠪᠣᠯ ᠣᠶᠢᠷᠠᠳ ᠪᠤᠶᠤ ᠪᠠᠷᠠᠭᠤᠨ ᠮᠣᠩᠭᠣᠯ 4 ᠲᠦᠮᠡᠨ ᠲᠡᠢ ᠪᠠᠶᠢᠪᠠ᠃

  • ᠵᠡᠭᠦᠨ ᠲᠦᠮᠡᠨ: ᠬᠠᠯᠬ᠎ᠠ᠂ ᠴᠠᠬᠠᠷ᠂ ᠤᠷᠢᠶᠠᠩᠬᠠᠢ
  • ᠪᠠᠷᠠᠭᠤᠨ ᠲᠦᠮᠡᠨ: ᠲᠦᠮᠡᠳ᠂ ᠣᠷᠳᠣᠰ᠂ ᠶᠦᠩᠰᠢᠶᠡᠪᠦ

ᠤᠷᠢᠶᠠᠩᠬᠠᠢ ᠲᠦᠮᠡᠨ ᠥᠪᠥᠷ ᠮᠣᠩᠭᠣᠯ ᠤᠨ ᠵᠡᠭᠦᠨ ᠤᠷᠢᠳᠤ ᠨᠤᠲᠤᠭ᠂ ᠯᠢᠶᠤᠤᠨᠢᠩ ᠮᠤᠵᠢ ᠳᠤ᠂ (ᠮᠠᠨᠵᠤ ᠶᠢᠨ ᠦᠶ᠎ᠡ  ᠶᠢᠨ ᠵᠤᠤ-ᠤᠳᠠ ᠶᠢᠨ ᠴᠢᠭᠤᠯᠭᠠᠨ), ᠴᠠᠬᠠᠷ ᠲᠦᠮᠡᠨ ᠤᠷᠢᠶᠠᠩᠬᠠᠢ ᠶᠢᠨ ᠬᠣᠶᠢᠨ᠎ᠠ ᠣᠳᠣ ᠶᠢᠨ ᠥᠪᠥᠷ ᠮᠣᠩᠭᠣᠯ ᠤᠨ ᠰᠢᠯᠢ ᠶᠢᠨ ᠭᠣᠣᠯ ᠠᠶᠢᠮᠠᠭ  ᠲᠦ᠂ ᠶᠦᠩᠰᠢᠶᠡᠪᠦ ᠲᠦᠮᠡᠨ ᠲᠦᠮᠡᠳ᠂ ᠴᠠᠬᠠᠷ ᠤᠨ ᠳᠤᠮᠳᠠ᠂ ᠬᠠᠭᠠᠯᠭᠠᠨ (ᠵᠠᠩᠴᠢᠬᠦᠦ) ᠬᠣᠲᠠ ᠶᠢᠨ ᠵᠡᠭᠦᠨ ᠬᠣᠶᠢᠨ᠎ᠠ᠂ ᠬᠣᠶᠢᠳᠤ ᠲᠠᠯ᠎ᠠ ᠪᠠᠷ᠂ ᠣᠷᠳᠣᠰ ᠲᠦᠮᠡᠨ ᠰᠢᠷ᠎ᠠ ᠮᠥᠷᠡᠨ ᠦ ᠤᠷᠳᠤ ᠡᠷᠭᠢ ᠪᠤᠶᠤ ᠣᠷᠳᠣᠰ ᠤᠨ ᠲᠣᠬᠣᠢ ᠳᠦ᠂ ᠲᠦᠮᠡᠳ ᠲᠦᠮᠡᠨ ᠬᠦᠬᠡ ᠬᠤᠲᠠ ᠣᠷᠴᠢᠮ ᠳᠤ ᠪᠠᠶᠢᠪᠠ᠃ ᠶᠦᠩᠰᠢᠶᠡᠪᠦ ᠬᠠᠷᠠᠴᠢᠨ ᠲᠠᠢ ᠢᠵᠢᠯᠰᠢᠨ ᠰᠠᠭᠤᠵᠤ ᠮᠥᠨ ᠠᠳᠠᠯᠢ ᠬᠠᠷᠠᠴᠢᠨ ᠭᠡᠭᠳᠡᠬᠦ ᠪᠣᠯᠵᠤ ᠪᠠᠶᠢᠪᠠ᠃

ᠬᠠᠯᠬ᠎ᠠ ᠲᠦᠮᠡᠨ ᠦ ᠪᠠᠷᠠᠭᠤᠨ ᠬᠡᠰᠡᠭ ᠲᠦ ᠪᠠᠶᠠᠭᠣᠳᠬᠣᠲᠣᠭᠣᠶᠢᠳ᠂ ᠵᠡᠭᠦᠨ ᠬᠡᠰᠡᠭ ᠲᠦ ᠪᠠᠷᠭᠤ ᠨᠠᠷ ᠣᠷᠣᠳᠠᠭ ᠪᠠᠶᠢᠪᠠ᠃ ᠴᠠᠬᠠᠷ ᠲᠦᠮᠡᠨ ᠦ ᠬᠣᠶᠢᠳᠤ ᠬᠡᠰᠡᠭ ᠲᠦ ᠤᠷᠠᠳᠮᠤᠤᠮᠢᠩᠭᠠᠨᠳᠥᠷᠪᠡᠨ ᠬᠡᠦᠬᠡᠳ (ᠵᠡᠭᠦᠨ ᠳᠥᠷᠪᠡᠳ), ᠠᠪᠠᠭ᠎ᠠᠠᠪᠠᠭᠠᠨᠠᠷᠦᠵᠦᠮᠦᠴᠢᠨᠬᠠᠭᠤᠴᠢᠳ ᠵᠡᠷᠭᠡ ᠠᠶᠢᠮᠠᠭ ᠠᠮᠢᠳᠤᠷᠠᠵᠤ ᠪᠠᠶᠢᠪᠠ᠃ ᠴᠠᠬᠠᠷ ᠤᠨ ᠬᠠᠷᠢᠶᠠᠨ ᠳᠤ ᠶᠡᠬᠡ ᠬᠢᠩᠭᠠᠨ ᠤ ᠨᠢᠷᠤᠭᠤ  ᠶᠢᠨ ᠵᠡᠭᠦᠨ᠂ ᠵᠡᠭᠦᠨ ᠤᠷᠢᠳᠤ ᠲᠠᠯ᠎ᠠ ᠪᠠᠷ ᠪᠠᠶᠢᠭᠰᠠᠨ ᠬᠣᠷᠴᠢᠨᠳᠠᠭᠤᠷᠵᠢᠷᠠᠨᠤᠭᠤᠳᠵᠠᠯᠠᠢᠳᠭᠣᠷᠯᠣᠰᠠᠣᠬᠠᠨᠨᠠᠶᠢᠮᠠᠨᠪᠠᠭᠠᠷᠢᠨᠬᠡᠰᠢᠭᠲᠡᠨᠣᠩᠨᠢᠭᠣᠳ ᠨᠠᠷ ᠪᠦᠷᠢᠯᠳᠦᠭᠦᠯᠳᠡᠭ ᠪᠠᠶᠢᠭᠰᠠᠨ ᠪᠠᠶᠢᠨ᠎ᠠ᠃

ᠬᠣᠵᠢᠮ ᠮᠠᠨᠵᠤ ᠴᠢᠩ ᠭᠦᠷᠦᠨ 1636 ᠤᠨ ᠳᠤ ᠥᠪᠥᠷ ᠮᠣᠩᠭᠣᠯ ᠢ ᠪᠦᠷᠢᠨ ᠡᠵᠡᠯᠡᠵᠦ ᠠᠪᠤᠭᠠᠳ 6 ᠴᠢᠭᠤᠯᠭᠠᠨ ᠳᠤ ᠬᠤᠪᠢᠶᠠᠵᠤ᠂ ᠭᠠᠳᠠᠭᠠᠳᠤ ᠮᠣᠩᠭᠣᠯ ᠤᠨ ᠲᠥᠷᠥ ᠶᠢ ᠵᠠᠰᠠᠬᠤ ᠶᠠᠮᠤ ᠪᠠᠶᠢᠭᠤᠯᠤᠨ᠂ ᠲᠡᠭᠦᠨ ᠢ ᠪᠡᠨ ᠮᠣᠩᠭᠣᠯ ᠵᠤᠷᠭᠠᠨ ᠬᠡᠮᠡᠨ ᠨᠡᠷᠡᠯᠡᠬᠦ ᠪᠣᠯᠵᠠᠢ᠃ ᠡᠨᠡ 6 ᠴᠢᠭᠤᠯᠭᠠᠨ ᠢ ᠰᠢᠯᠢ ᠶᠢᠨ ᠭᠣᠣᠯ ᠤᠨ᠂ ᠵᠢᠷᠢᠮ ᠦᠨ᠂ ᠵᠣᠰᠣᠲᠤ ᠶᠢᠨ᠂ ᠬᠥᠯᠦᠨ ᠪᠤᠶᠢᠷ ᠤᠨ᠂ ᠵᠤᠤ-ᠤᠳᠠ ᠶᠢᠨ᠂ ᠤᠯᠠᠭᠠᠨᠴᠠᠪ ᠤᠨ ᠴᠢᠭᠤᠯᠭᠠᠨ ᠬᠡᠮᠡᠨ ᠨᠡᠷᠡᠯᠡᠵᠦ᠂ ᠡᠳᠡᠭᠡᠷ ᠴᠢᠭᠤᠯᠭᠠᠨ 1912 ᠤᠨ ᠬᠦᠷᠲᠡᠯ᠎ᠡ ᠬᠡᠪ ᠢᠶᠡᠷ ᠣᠷᠣᠰᠢᠨ ᠲᠣᠭᠲᠠᠨᠢᠵᠤ ᠪᠠᠶᠢᠭᠠᠳ ᠳᠤᠮᠳᠠᠳᠤ ᠢᠷᠭᠡᠨ ᠤᠯᠤᠰ ᠍ ᠤᠨ (1912-1949) ᠦᠶ᠎ᠡ ᠳᠦ 8 ᠠᠶᠢᠮᠠᠭ ᠪᠣᠯᠤᠨ ᠬᠤᠪᠢᠶᠠᠭᠳᠠᠭᠰᠠᠨ ᠨᠢ ᠰᠢᠯᠢ ᠶᠢᠨ ᠭᠣᠣᠯ᠂ ᠵᠢᠷᠢᠮ᠂ ᠬᠥᠯᠦᠨᠪᠤᠶᠢᠷ᠂ ᠵᠣᠰᠣᠲᠤ᠂ ᠤᠯᠠᠭᠠᠨᠴᠠᠪ᠂ ᠪᠠᠶᠠᠨᠨᠠᠭᠤᠷ (ᠤᠷᠠᠳ)᠂ ᠣᠷᠳᠣᠰ ᠂ ᠵᠤᠤ-ᠤᠳᠠ ᠂ ᠠᠯᠠᠱᠠ ᠠᠶᠢᠮᠠᠭ ᠪᠥᠭᠡᠳ ᠰᠠᠶ᠋ᠢᠬᠠᠨ ᠠᠴᠠ 4 ᠲᠣᠮᠣ ᠠᠶᠢᠮᠠᠭ ᠤᠨ ᠵᠣᠬᠢᠶᠠᠨ ᠪᠠᠶᠢᠭᠤᠯᠤᠯᠲᠠ ᠶᠢ ᠡᠪᠳᠡᠵᠦ ᠬᠣᠲᠠ ᠪᠣᠯᠭᠠᠭᠰᠠᠨ ᠪᠥᠭᠡᠳ ᠰᠢᠯᠢ ᠶᠢᠨ ᠭᠣᠣᠯ᠂ ᠬᠥᠯᠦᠨᠪᠤᠶᠢᠷ᠂ ᠪᠠᠶᠠᠨᠨᠠᠭᠤᠷ᠂ ᠠᠯᠠᠱᠠ 4 ᠠᠶᠢᠮᠠᠭ ᠢᠶᠠᠷ ᠢᠶᠠᠨ ᠦᠯᠡᠳᠡᠵᠦ᠂ ᠣᠷᠳᠣᠰ ᠠᠶᠢᠮᠠᠭ ᠢ ᠣᠷᠳᠣᠰ ᠬᠣᠲᠠ᠂ ᠤᠯᠠᠭᠠᠨᠴᠠᠪ ᠠᠶᠢᠮᠠᠭ ᠢ ᠪᠤᠭᠤᠳᠤ ᠬᠣᠲᠠ ᠂ ᠵᠣᠣ ᠣᠳᠠ ᠵᠣᠰᠣᠲᠤ ᠠᠶᠢᠮᠠᠭ ᠢ ᠤᠯᠠᠭᠠᠨᠬᠠᠳᠠ ᠬᠣᠲᠠ (ᠭᠣᠣᠯᠳᠠᠭᠤ ᠴᠧᠹᠡᠩ ᠭᠡᠨ᠎ᠡ)᠂ ᠵᠢᠷᠢᠮ ᠠᠶᠢᠮᠠᠭ ᠢ ᠲᠦᠩᠯᠢᠶᠣᠣ ᠬᠣᠲᠠ ᠭᠡᠵᠦ ᠨᠡᠷᠡᠯᠡᠵᠦ ᠪᠠᠶᠢᠨ᠎ᠠ᠃[2]

ᠳᠥᠷᠪᠡᠨ ᠣᠶᠢᠷᠠᠳ ᠤᠨ ᠨᠤᠲᠤᠭ ᠤᠪᠰᠤ ᠨᠠᠭᠤᠷ᠂ ᠠᠯᠲᠠᠢ ᠶᠢᠨ ᠨᠢᠷᠤᠭᠤ᠂ ᠰᠢᠨᠵᠢᠶᠠᠩ  ᠦᠨ ᠬᠣᠶᠢᠳᠤ ᠬᠡᠰᠡᠭ᠂ ᠬᠠᠰᠠᠭᠰᠲ᠋ᠠᠨ  ᠦ ᠵᠡᠭᠦᠨ ᠬᠡᠰᠡᠭ ᠢᠶᠡᠷ ᠪᠠᠶᠢᠪᠠ᠃ ᠬᠣᠱᠤᠳ ᠣᠶᠢᠷᠠᠳ ᠤᠨ ᠨᠤᠲᠤᠭ ᠤᠨ ᠪᠠᠷᠠᠭᠤᠨ ᠡᠮᠦᠨ᠎ᠡ ᠲᠠᠯ᠎ᠠ ᠳᠤ (ᠬᠠᠮᠢ ᠣᠷᠴᠢᠮ ᠪᠤᠶᠤ ᠰᠢᠨᠵᠢᠶᠠᠩ ᠤᠨ ᠵᠡᠭᠦᠨ ᠬᠡᠰᠡᠭ ᠲᠦ), ᠴᠣᠷᠣᠰᠥᠭᠡᠯᠡᠳ ᠬᠣᠶᠠᠷ ᠢᠯᠢ ᠮᠥᠷᠡᠨ ᠦ ᠡᠬᠢᠨ ᠳᠦ᠂ ᠲᠣᠷᠭᠤᠳ ᠲᠠᠷᠪᠠᠭᠠᠲᠠᠢ ᠶᠢᠨ ᠨᠢᠷᠤᠭᠤᠳᠥᠷᠪᠡᠳ᠂ ᠪᠠᠶᠠᠭᠣᠳ ᠬᠣᠶᠠᠷ ᠬᠠᠮᠤᠭ ᠤᠨ ᠬᠣᠶᠢᠨ᠎ᠠ ᠵᠠᠶᠢᠰᠠᠩ ᠨᠠᠭᠤᠷ ᠣᠷᠴᠢᠮ ᠳᠤ ᠡᠷᠴᠢᠰ ᠮᠥᠷᠡᠨ ᠦ ᠡᠬᠢ ᠪᠡᠷ ᠨᠤᠲᠤᠭᠯᠠᠵᠤ ᠪᠠᠶᠢᠪᠠ᠃ 14-17 ᠍ ᠳ᠋ᠣᠭᠠᠷ ᠵᠠᠭᠤᠨ ᠤ ᠦᠶ᠎ᠡ ᠳᠦ ᠣᠳᠣ ᠶᠢᠨ ᠮᠣᠩᠭᠣᠯ ᠦᠨᠳᠦᠰᠦᠲᠡᠨ ᠦ ᠪᠠᠶᠢᠷᠢᠰᠢᠯ᠂ ᠭᠠᠵᠠᠷ ᠨᠤᠲᠤᠭ ᠤᠨ ᠬᠢᠯᠢ᠂ ᠮᠣᠩᠭᠣᠯ ᠭᠡᠰᠡᠨ ᠦᠵᠡᠯ ᠦᠨᠳᠦᠰᠦᠨ ᠳᠦ ᠪᠡᠨ ᠲᠣᠭᠲᠠᠪᠤᠷᠢᠲᠠᠢ ᠪᠣᠯᠵᠤ ᠲᠣᠭᠲᠠᠭᠰᠠᠨ ᠪᠠᠶᠢᠭᠰᠠᠨ ᠴᠤ 17᠍  ᠳ᠋ᠣᠭᠠᠷ ᠵᠠᠭᠤᠨ ᠤ ᠦᠶᠡᠰ ᠬᠠᠷᠢ ᠶᠢᠨ ᠲᠦᠷᠢᠮᠡᠭᠡᠶᠢᠯᠡᠯ ᠳᠦ ᠥᠷᠲᠥᠨ ᠲᠡᠷᠡ ᠦᠶᠡᠰ ᠮᠣᠩᠭᠣᠯᠴᠤᠳ ᠤᠨ ᠲᠣᠭ᠎ᠠ ᠴᠥᠭᠡᠷᠡᠴᠥ ᠭᠠᠵᠠᠷ ᠨᠤᠲᠤᠭ ᠢᠶᠠᠨ ᠠᠯᠳᠠᠨ ᠨᠤᠲᠤᠭ ᠠᠴᠠ ᠪᠠᠨ ᠰᠢᠬᠠᠭᠳᠠᠬᠤ ᠳᠤ ᠬᠦᠷᠴᠡᠢ᠃ ᠡᠨᠡ ᠦᠶ᠎ᠡ ᠳᠦ ᠬᠠᠯᠬ᠎ᠠ᠂ ᠥᠪᠥᠷ ᠮᠣᠩᠭᠣᠯᠴᠤᠳ᠂ ᠪᠤᠷᠢᠶᠠᠳ ᠤᠳ ᠤᠨ ᠪᠠᠶᠢᠷᠢᠰᠢᠯ ᠶᠡᠷᠦᠩᠬᠡᠢ ᠳᠤ ᠪᠡᠨ ᠲᠣᠭᠲᠠᠪᠤᠷᠢᠲᠠᠢ ᠪᠠᠶᠢᠭᠰᠠᠨ ᠪᠣᠯ ᠣᠶᠢᠷᠠᠳ ᠤᠨ ᠬᠢᠯᠢ ᠬᠠᠮᠤᠭ ᠤᠨ ᠶᠡᠬᠡ ᠥᠭᠡᠷᠡᠴᠢᠯᠡᠭᠳᠡᠵᠡᠢ᠃ ᠪᠤᠷᠢᠶᠠᠳ ᠤᠳ ᠭᠣᠣᠯᠴᠢᠯᠠᠨ ᠪᠠᠶᠢᠭᠠᠯ ᠨᠠᠭᠤᠷ ᠤᠨ ᠪᠠᠷᠠᠭᠤᠨ ᠲᠠᠯ᠎ᠠ ᠪᠠᠷ ᠠᠩᠭᠠᠷ ᠮᠥᠷᠡᠨ ᠡᠴᠡ ᠮᠣᠩᠭᠣᠯ ᠤᠨ ᠬᠢᠯᠢ ᠬᠦᠷᠲᠡᠯᠡᠬᠢ ᠨᠤᠲᠤᠭ ᠲᠤ ᠪᠠᠶᠢᠭᠰᠠᠨ ᠪᠣᠯᠤᠯᠲᠠᠢ ᠪᠥᠭᠡᠳ 17 ᠍᠍ ᠳ᠋ᠣᠭᠠᠷ ᠵᠠᠭᠤᠨ ᠢ ᠬᠦᠷᠲᠡᠯ᠎ᠡ ᠪᠠᠶᠢᠭᠠᠯ ᠤᠨ ᠵᠡᠭᠦᠨ ᠲᠠᠯ᠎ᠠ ᠪᠠᠷ ᠪᠠᠶᠢᠭᠰᠠᠨ ᠪᠤᠷᠢᠶᠠᠳ ᠤᠳ ᠤᠨ ᠲᠠᠯ᠎ᠠ ᠪᠠᠷ ᠪᠠᠭ᠎ᠠ ᠮᠡᠳᠡᠭᠡᠯᠡᠯ ᠦᠯᠡᠳᠡᠵᠡᠢ᠃

14-17 ᠍ ᠍ ᠳ᠋ᠣᠭᠠᠷ ᠵᠠᠭᠤᠨ ᠤ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠦᠶ᠎ᠡ ᠳᠦ ᠬᠣᠯᠪᠣᠭᠳᠠᠬᠤ ᠵᠣᠬᠢᠶᠠᠯ ᠤᠳ ᠪᠣᠯ ᠭᠡᠰᠡᠷᠬᠣᠸ᠎ᠠ ᠨᠠᠭᠸᠠᠷᠠᠯᠤᠪᠠᠰᠢ ᠬᠣᠩ ᠲᠠᠶᠢᠵᠢ ᠶᠢᠨ ᠲᠤᠭᠤᠵᠢ᠂ ᠵᠠᠩᠭᠠᠷ ᠶᠤᠮ᠃ 14-16 ᠳ᠋ᠣᠭᠠᠷ ᠵᠠᠭᠤᠨ ᠠᠴᠠ ᠦᠯᠡᠳᠡᠭᠰᠡᠨ ᠮᠣᠩᠭᠣᠯ ᠨᠣᠮ ᠪᠠᠶᠢᠳᠠᠭ ᠦᠭᠡᠢ ᠤᠴᠢᠷ ᠡᠨᠡ ᠦᠶ᠎ᠡ ᠶᠢ ᠮᠣᠩᠭᠣᠯ ᠤᠨ ᠲᠡᠦᠬᠡ ᠶᠢᠨ ᠬᠠᠷᠠᠩᠭᠤᠢ ᠦᠶ᠎ᠡ ᠭᠡᠳᠡᠭ ᠪᠥᠭᠡᠳ 14-17 ᠳ᠋ᠣᠭᠠᠷ ᠵᠠᠭᠤᠨ᠂ ᠮᠠᠨᠵᠤ ᠶᠢᠨ ᠦᠶ᠎ᠡ ᠶᠢ ᠲᠣᠳᠣᠷᠠᠭᠤᠯᠬᠤ ᠳᠤ ᠬᠡᠷᠡᠭᠯᠡᠵᠦ ᠪᠠᠶᠢᠭ᠎ᠠ ᠬᠠᠯᠬ᠎ᠠ᠂ ᠣᠶᠢᠷᠠᠳ᠂ ᠥᠪᠥᠷ ᠮᠣᠩᠭᠣᠯ ᠤᠨ ᠲᠡᠦᠬᠡᠨ ᠰᠤᠷᠪᠤᠯᠵᠢ ᠨᠤᠭᠤᠳ 17-19 ᠳ᠋ᠦᠭᠡᠷ ᠵᠠᠭᠤᠨ ᠤ ᠦᠶ᠎ᠡ ᠳᠦ ᠵᠣᠬᠢᠶᠠᠭᠳᠠᠵᠠᠢ᠃ 18-19 ᠳ᠋ᠦᠭᠡᠷ ᠵᠠᠭᠤᠨ ᠳᠤ ᠮᠣᠩᠭᠣᠯ ᠤᠨ ᠡᠷᠳᠡᠮ ᠰᠢᠨᠵᠢᠯᠡᠬᠦ ᠤᠬᠠᠭᠠᠨ ᠤ ᠲᠥᠪ ᠨᠢ ᠥᠪᠥᠷ ᠮᠣᠩᠭᠣᠯ ᠳᠤ ᠰᠢᠯᠵᠢᠵᠦ ᠲᠡᠨᠳᠡ ᠡᠴᠡ ᠣᠯᠠᠨ ᠡᠷᠳᠡᠮᠲᠡᠳ ᠮᠡᠷᠭᠡᠳ ᠲᠥᠷᠥᠨ ᠭᠠᠷᠴᠤ ᠵᠣᠬᠢᠶᠠᠯ ᠪᠦᠲᠦᠭᠡᠯ ᠢᠶᠡᠨ ᠲᠤᠭᠤᠷᠪᠢᠵᠤ ᠪᠠᠶᠢᠭᠰᠠᠨ ᠶᠤᠮ᠃ ᠮᠥᠨ ᠪᠤᠷᠢᠶᠠᠳ ᠤᠳ ᠥᠪᠡᠷᠰᠡᠳ ᠤᠨ ᠬᠡᠯᠡ ᠠᠶᠠᠯᠭᠤᠨ ᠳᠡᠭᠡᠷ᠎ᠡ ᠨᠣᠮ ᠪᠢᠴᠢᠵᠦ ᠪᠠᠶᠢᠪᠠ᠃

ᠸᠠᠵᠠᠶᠢᠨ᠎ᠠ ᠪᠤᠶᠤ ᠲᠥᠪᠡᠳ ᠦᠨ ᠰᠢᠷ᠎ᠠ ᠶᠢᠨ ᠱᠠᠰᠢᠨ ᠮᠣᠩᠭᠣᠯ᠂ ᠲᠥᠪᠡᠳ ᠲᠦ᠂ ᠮᠢᠬᠠᠶᠢᠨ᠎ᠠ ᠤᠷᠤᠰᠬᠠᠯ ᠬᠢᠲᠠᠳ᠂ ᠰᠣᠯᠣᠩᠭᠣᠰ᠂ ᠶᠠᠫᠣᠨ᠂ ᠸᠢᠶᠧᠲ᠋ᠨᠠᠮ ᠳᠤ᠂ ᠲᠧᠷᠠᠪᠤᠳᠠ ᠤᠷᠤᠰᠬᠠᠯ ᠵᠡᠭᠦᠨ ᠡᠮᠦᠨᠡᠲᠦ ᠠᠽᠢᠶ᠎ᠠ ᠳᠦ ᠲᠠᠷᠬᠠᠵᠠᠢ᠃

14-17 ᠍ ᠳ᠋ᠣᠭᠠᠷ ᠵᠠᠭᠤᠨ ᠤ ᠨᠡᠶᠢᠭᠡᠮ᠂ ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠲᠦ ᠮᠣᠩᠭᠣᠯ ᠮᠠᠨᠵᠤ ᠳᠤ ᠡᠵᠡᠯᠡᠭᠳᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

16 ᠍ ᠍ ᠳ᠋ᠣᠭᠠᠷ ᠵᠠᠭᠤᠨ ᠤ ᠰᠡᠭᠦᠯ ᠢᠶᠡᠷ ᠳᠣᠷᠣᠨ᠎ᠠ ᠵᠦᠭ ᠲᠤ ᠮᠠᠨᠵᠤ ᠨᠠᠷ ᠬᠦᠴᠦᠷᠬᠡᠭᠵᠢᠵᠦ᠂ ᠬᠥᠷᠰᠢ ᠮᠣᠩᠭᠣᠯ ᠠᠶᠢᠮᠠᠭ ᠤᠳ ᠲᠠᠢ ᠤᠷᠤᠭ ᠪᠠᠷᠢᠯᠳᠤᠬᠤ ᠵᠠᠮ ᠢᠶᠠᠷ ᠥᠪᠡᠷ ᠲᠤ ᠪᠠᠨ ᠲᠠᠲᠠᠵᠤ ᠡᠬᠢᠯᠡᠭᠰᠡᠨ ᠨᠢ ᠮᠣᠩᠭᠣᠯ ᠤᠨ ᠲᠤᠰᠠᠭᠠᠷ ᠲᠣᠭᠲᠠᠨᠢᠯ ᠳᠤ ᠠᠶᠤᠯ ᠵᠠᠨᠤᠯ ᠤᠴᠠᠷᠠᠭᠤᠯᠪᠠ᠃ ᠮᠣᠩᠭᠣᠯ ᠤᠯᠤᠰ ᠤᠨ ᠰᠡᠭᠦᠯᠴᠢ ᠶᠢᠨ ᠬᠠᠭᠠᠨ ᠯᠢᠭᠳᠡᠨ ᠡᠨᠡ ᠠᠶᠤᠯ ᠢ ᠤᠬᠠᠭᠠᠷᠠᠵᠤ ᠰᠥᠷᠥᠨ ᠲᠡᠮᠡᠴᠡᠭᠰᠡᠨ ᠪᠣᠯᠪᠠᠴᠤ ᠪᠤᠰᠤᠳ ᠨᠣᠶᠠᠳ ᠤᠨ ᠳᠡᠮᠵᠢᠯᠭᠡ ᠶᠢ ᠠᠪᠴᠤ ᠴᠢᠳᠠᠯ ᠦᠭᠡᠢ 1634 ᠤᠨ ᠳᠤ ᠲᠩᠷᠢ ᠳᠦ ᠬᠠᠯᠢᠪᠠ᠃

ᠬᠠᠷᠢ ᠶᠢᠨ ᠲᠦᠷᠢᠮᠡᠭᠡᠶᠢᠯᠡᠯ ᠦᠨ ᠡᠰᠡᠷᠭᠦ ᠲᠡᠮᠡᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

17 ᠍ ᠳ᠋ᠦᠭᠡᠷ ᠵᠠᠭᠤᠨ ᠳᠤ ᠮᠠᠨᠵᠤ ᠶᠢᠨ ᠲᠦᠷᠢᠮᠡᠭᠡᠶᠢᠯᠡᠯ ᠲᠡᠢ ᠵᠡᠷᠭᠡᠴᠡᠨ ᠪᠠᠷᠠᠭᠤᠨ ᠬᠣᠶᠢᠨ᠎ᠠ ᠠᠴᠠ ᠣᠷᠣᠰ ᠮᠣᠩᠭᠣᠯ ᠢ ᠳᠣᠪᠲᠣᠯᠵᠤ ᠪᠤᠷᠢᠶᠠᠳ ᠢ ᠡᠵᠡᠯᠡᠭᠰᠡᠨ ᠪᠠᠶᠢᠨ᠎ᠠ᠃ ᠬᠠᠯᠬ᠎ᠠ ᠶᠢᠨ ᠨᠣᠶᠠᠳ 1688 ᠤᠨ ᠬᠦᠷᠲᠡᠯ᠎ᠡ ᠠᠯᠳᠠᠭᠰᠠᠨ ᠨᠤᠲᠤᠭ ᠢᠶᠠᠨ ᠡᠷᠭᠢᠭᠦᠯᠦᠨ ᠠᠪᠬᠤ ᠶᠢᠨ ᠲᠥᠯᠥᠭᠡ ᠣᠷᠣᠰ ᠲᠠᠢ ᠳᠠᠶᠢᠲᠤᠭᠰᠠᠭᠠᠷ ᠪᠠᠶᠢᠵᠠᠢ᠃

1639 ᠤᠨ ᠳᠤ ᠱᠠᠰᠢᠨ ᠤ ᠲᠡᠷᠢᠭᠦᠨ ᠢᠶᠡᠷ ᠵᠠᠨᠠᠪᠠᠽᠠᠷ ᠢ ᠡᠷᠭᠦᠮᠵᠢᠯᠡᠬᠦ ᠳᠦ ᠪᠡᠨ ᠲᠡᠭᠦᠨ ᠳᠦ ᠵᠣᠷᠢᠭᠤᠯᠵᠤ ᠥᠷᠭᠥᠭᠡ ᠶᠢ ᠪᠠᠶᠢᠭᠤᠯᠵᠤ ᠥᠭᠴᠡᠢ᠃ ᠡᠨᠡ ᠨᠢ ᠴᠤᠬᠤᠮ ᠳᠠᠭᠠᠨ ᠨᠡᠶᠢᠰᠯᠡᠯ ᠢ ᠬᠠᠷᠠᠬᠣᠷᠣᠮ ᠠᠴᠠ ᠰᠢᠯᠵᠢᠭᠦᠯᠦᠨ ᠥᠷᠭᠥᠭᠡ ᠶᠢ ᠨᠡᠶᠢᠰᠯᠡᠯ ᠢᠶᠡᠨ ᠪᠣᠯᠭᠠᠵᠤ᠂ ᠰᠢᠷ᠎ᠠ ᠶᠢᠨ ᠱᠠᠰᠢᠨ᠂ ᠤᠯᠤᠰ ᠲᠥᠷᠥ ᠶᠢᠨ ᠲᠥᠪ ᠪᠣᠯᠭᠠᠭᠰᠠᠨ ᠦᠢᠯᠡ ᠶᠠᠪᠤᠳᠠᠯ ᠪᠠᠶᠢᠯ᠎ᠠ᠃ ᠬᠠᠯᠬ᠎ᠠ᠂ ᠣᠶᠢᠷᠠᠳ ᠤᠨ ᠨᠣᠶᠠᠳ 1640 ᠤᠨ ᠤ ᠴᠢᠭᠤᠯᠭᠠᠨ ᠢᠶᠠᠷ ᠮᠣᠩᠭᠣᠯ ᠢ ᠱᠠᠰᠢᠨ ᠤ ᠬᠦᠴᠦ ᠪᠡᠷ ᠨᠢᠭᠡᠳᠬᠡᠨ ᠬᠠᠷᠢ ᠶᠢᠨ ᠲᠦᠷᠢᠮᠡᠭᠡᠶᠢᠯᠡᠯ ᠦᠨ ᠡᠰᠡᠷᠬᠦ ᠲᠡᠮᠡᠴᠡᠬᠦ ᠪᠡᠷ ᠵᠣᠷᠢᠵᠤ ᠬᠠᠯᠬ᠎ᠠ᠂ ᠣᠶᠢᠷᠠᠳ ᠭᠠᠷᠤᠯ ᠲᠠᠢ ᠵᠠᠨᠠᠪᠠᠽᠠᠷ ᠢ ᠱᠠᠰᠢᠨ ᠤ ᠲᠡᠷᠢᠭᠦᠨ ᠢᠶᠡᠷ ᠡᠷᠭᠦᠮᠵᠢᠯᠡᠵᠡᠢ᠃ ᠵᠠᠨᠠᠪᠠᠽᠠᠷ 1680 ᠍ ᠊ᠭᠠᠳ ᠤᠨ ᠳᠤ ᠬᠠᠯᠬ᠎ᠠ᠂ ᠣᠶᠢᠷᠠᠳ ᠢ ᠡᠪᠯᠡᠷᠡᠭᠦᠯᠬᠦ ᠪᠡᠷ "ᠵᠠᠨᠯᠠᠪᠴᠣᠭᠵᠢᠯ" ᠨᠣᠮ ᠢᠶᠠᠨ ᠪᠦᠲᠦᠭᠡᠵᠡᠢ᠃

ᠤᠨᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠢᠭᠳᠡᠨ ᠬᠠᠭᠠᠨ ᠤ ᠬᠦᠦ ᠡᠵᠡᠢ ᠬᠣᠩᠭᠣᠷ ᠠᠴᠠ ᠬᠣᠶᠢᠰᠢ ᠬᠠᠯᠬ᠎ᠠ ᠶᠢ ᠬᠠᠨ ᠴᠣᠯᠠ ᠲᠠᠢ ᠨᠣᠶᠠᠳ ᠪᠤᠶᠤ ᠲᠦᠰᠢᠶᠡᠲᠦ ᠬᠠᠨ᠂ ᠰᠡᠴᠡᠨ ᠬᠠᠨ᠂ ᠵᠠᠰᠠᠭᠲᠤ ᠬᠠᠨ ᠭᠤᠷᠪᠠ ᠲᠣᠯᠣᠭᠠᠶᠢᠯᠠᠨ ᠬᠠᠷᠢ ᠶᠢᠨ ᠲᠦᠷᠢᠮᠡᠭᠡᠶᠢᠯᠡᠯ ᠦᠨ ᠡᠰᠡᠷᠬᠦ ᠲᠡᠮᠡᠴᠡᠭᠰᠡᠭᠡᠷ ᠪᠠᠶᠢᠭᠰᠠᠨ ᠲᠤᠯᠠ ᠡᠨᠡ ᠦᠶ᠎ᠡ ᠶᠢᠨ ᠮᠣᠩᠭᠣᠯ ᠤᠯᠤᠰ ᠢ 1635 ᠤᠨ ᠳᠤ ᠪᠢᠰᠢ 1691 ᠤᠨ ᠬᠦᠷᠲᠡᠯ᠎ᠡ ᠣᠷᠣᠰᠢᠨ ᠲᠣᠭᠲᠠᠨᠢᠭᠰᠠᠨ ᠭᠡᠵᠦ ᠦᠵᠡᠵᠦ ᠪᠣᠯᠬᠤ ᠶᠤᠮ᠃ ᠪᠤᠲᠠᠷᠠᠯ ᠤᠨ ᠦᠶ᠎ᠡ ᠶᠢᠨ ᠬᠠᠯᠬ᠎ᠠ ᠶᠢ ᠬᠠᠯᠬ᠎ᠠ ᠶᠢᠨ ᠬᠠᠨᠯᠢᠭ᠂ ᠬᠠᠯᠬ᠎ᠠ ᠶᠢᠨ ᠬᠠᠨᠲᠣ ᠤᠯᠤᠰ ᠭᠡᠵᠦ ᠨᠡᠷᠡᠯᠡᠳᠡᠭ ᠪᠠ ᠬᠠᠯᠬ᠎ᠠ ᠶᠢᠨ ᠤᠳᠤᠷᠢᠳᠤᠭᠴᠢᠳ ᠪᠦᠬᠦ ᠮᠣᠩᠭᠣᠯ ᠢ ᠤᠳᠤᠷᠢᠳᠥᠵᠤ ᠪᠠᠶᠢᠭᠰᠠᠨ ᠴᠤ 17 ᠳ᠋ᠣᠭᠠᠷ ᠵᠠᠭᠤᠨ ᠤ ᠳᠤᠮᠳᠠ ᠦᠶ᠎ᠡ ᠭᠡᠬᠦ ᠳᠦ ᠵᠠᠬᠢᠷᠭᠠᠨ ᠳᠤ ᠨᠢ ᠪᠠᠶᠢᠭᠰᠠᠨ ᠣᠶᠢᠷᠠᠳ᠂ ᠪᠤᠷᠢᠶᠠᠳ᠂ ᠥᠪᠥᠷ ᠮᠣᠩᠭᠣᠯ ᠪᠦᠭᠦᠳᠡ ᠵᠠᠬᠢᠷᠭᠠᠨ ᠠᠴᠠ ᠨᠢ ᠭᠠᠷᠴᠤ ᠵᠥᠪᠬᠡᠨ ᠬᠠᠯᠬ᠎ᠠ ᠶᠢᠨ ᠨᠤᠲᠤᠭ ᠯᠠ ᠲᠡᠳᠡᠨ ᠦ ᠵᠠᠬᠢᠷᠭᠠᠨ ᠳᠤ ᠦᠯᠡᠳᠡᠵᠡᠢ᠃

ᠴᠠᠬᠣᠨᠳᠣᠷᠵᠢ 1688 ᠤᠨ ᠳᠤ ᠭᠠᠯᠳᠠᠨ ᠢ ᠳᠣᠪᠲᠣᠯᠬᠤ ᠬᠦᠷᠲᠡᠯ᠎ᠡ ᠮᠠᠨᠵᠤ ᠳᠤ ᠳᠠᠭᠠᠷ᠎ᠠ ᠤᠷᠤᠬᠤ ᠪᠣᠳᠣᠯ ᠦᠭᠡᠢ ᠪᠠᠶᠢᠭᠰᠠᠨ ᠢ ᠮᠠᠨᠵᠤ ᠶᠢᠨ ᠬᠠᠭᠠᠨ ᠤ ᠬᠡᠯᠡᠭᠰᠡᠨ ᠦᠭᠡ ᠭᠡᠷᠡᠴᠢᠯᠡᠳᠡᠭ᠃ ᠲᠡᠷᠡ ᠪᠡᠷ ᠭᠠᠯᠲᠤ ᠵᠡᠪᠰᠡᠭ ᠲᠡᠢ ᠣᠷᠣᠰ ᠲᠠᠢ ᠪᠤᠷᠢᠶᠠᠳ ᠢ ᠪᠤᠴᠠᠭᠠᠵᠤ ᠠᠪᠬᠤ ᠶᠢᠨ ᠲᠥᠯᠥᠭᠡ ᠣᠯᠠᠨᠲᠠ ᠳᠠᠶᠢᠲᠤᠭᠰᠠᠨ ᠴᠤ ᠴᠥᠭᠡᠨ ᠬᠡᠳᠦᠨ ᠢᠯᠠᠯᠲᠠ ᠪᠠᠶᠢᠭᠤᠯᠵᠠᠢ᠃ ᠴᠠᠬᠣᠨᠳᠣᠷᠵᠢ ᠭᠠᠯᠳᠠᠨ ᠤ ᠳᠡᠭᠦᠦ ᠶᠢ ᠠᠯᠠᠭᠰᠠᠨ ᠨᠢ ᠭᠠᠯᠳᠠᠨ ᠬᠠᠯᠬ᠎ᠠ ᠳᠤ ᠳᠣᠪᠲᠣᠯᠬᠤ ᠰᠢᠯᠲᠠᠭᠠᠨ ᠪᠣᠯᠤᠭᠰᠠᠨ ᠶᠤᠮ᠃ ᠭᠠᠯᠳᠠᠨ ᠳᠣᠪᠲᠣᠯᠬᠤ ᠶᠢᠨ ᠡᠮᠦᠨ᠎ᠡ 1000 ᠯᠠᠮᠠ ᠲᠠᠩᠨᠠᠭᠤᠯ ᠢ ᠬᠠᠯᠬ᠎ᠠ ᠳᠤ ᠢᠯᠡᠭᠡᠨ ᠭᠠᠯᠳᠠᠨ ᠶᠡᠷᠦ ᠪᠤᠰᠤ ᠶᠢᠨ ᠬᠤᠪᠢᠯᠭᠠᠨ ᠬᠦᠮᠦᠨ ᠲᠤᠯᠠ ᠡᠰᠡᠷᠭᠦᠴᠡᠨ ᠲᠡᠮᠡᠴᠡᠬᠦ ᠨᠢ ᠦᠷ᠎ᠡ ᠳ᠋ᠦᠩ ᠦᠭᠡᠢ᠂ ᠬᠠᠯᠬ᠎ᠠ ᠶᠢᠨ ᠬᠦᠮᠦᠨ ᠠᠷᠠᠳ ᠲᠤ ᠠᠶᠤᠯ ᠤᠴᠠᠷᠠᠭᠤᠯᠬᠤ ᠦᠭᠡᠢ ᠬᠡᠮᠡᠨ ᠤᠬᠠᠭᠤᠯᠵᠠᠢ᠃ ᠵᠦᠩᠭᠠᠷ ᠤᠨ ᠳᠣᠪᠲᠣᠯᠭᠠᠨ ᠳᠤ ᠰᠠᠨᠳᠤᠷᠤᠭᠰᠠᠨ ᠬᠠᠯᠬ᠎ᠠ ᠨᠤᠭᠤᠳ ᠤᠨ ᠨᠡᠯᠢᠶᠡᠳ ᠬᠡᠰᠡᠭ ᠨᠢ ᠥᠪᠥᠷ ᠮᠣᠩᠭᠣᠯ ᠳᠤ ᠳᠦᠷᠪᠡᠵᠦ ᠬᠠᠷᠢᠨ ᠪᠤᠷᠢᠶᠠᠳ ᠲᠦ ᠳᠦᠷᠪᠡᠭᠰᠡᠨ ᠬᠡᠰᠡᠭ ᠦᠨ ᠬᠢ ᠨᠢ ᠨᠡᠯᠢᠶᠡᠳ ᠨᠢ ᠲᠡᠨᠳᠡ ᠪᠡᠨ ᠦᠯᠡᠳᠡᠵᠦ ᠪᠤᠷᠢᠶᠠᠳ ᠤᠳ ᠲᠠᠢ ᠬᠣᠯᠢᠯᠳᠤᠵᠠᠢ᠃ ᠭᠠᠯᠳᠠᠨ ᠢ ᠵᠠᠰᠠᠭᠲᠤ ᠬᠠᠨ ᠳᠡᠮᠵᠢᠵᠦ ᠪᠠᠶᠢᠭᠰᠠᠨ ᠴᠤ ᠨᠠᠰᠤ ᠪᠠᠷᠠᠭᠰᠠᠨ ᠪᠠᠶᠢᠨ᠎ᠠ᠃ ᠭᠠᠯᠳᠠᠨ ᠰᠡᠴᠡᠨ ᠬᠠᠨ ᠳᠤ ᠵᠠᠬᠢᠶ᠎ᠠ ᠢᠯᠡᠭᠡᠨ ᠲᠠ ᠨᠠᠳᠠ ᠳᠤ ᠳᠠᠭᠠᠬᠤ ᠡᠰᠡᠬᠦ ᠥᠪᠡᠷ ᠢᠶᠡᠨ ᠮᠡᠳᠡ᠂ ᠳᠠᠭᠠᠬᠤ ᠦᠭᠡᠢ ᠴᠤ ᠪᠠᠶᠢᠭᠰᠠᠨ ᠪᠣᠯᠤᠨ᠎ᠠ ᠭᠡᠵᠦ ᠬᠡᠯᠡᠭᠦᠯᠦᠭᠰᠡᠨ ᠪᠠᠶᠢᠳᠠᠭ ᠪᠥᠭᠡᠳ ᠬᠠᠷᠢᠨ ᠴᠠᠬᠣᠨᠳᠣᠷᠵᠢ᠂ ᠵᠠᠨᠠᠪᠠᠽᠠᠷ ᠬᠣᠶᠠᠷ ᠢ ᠥᠪᠡᠷ ᠲᠦ ᠨᠢ ᠲᠤᠰᠢᠶᠠᠨ ᠥᠭᠬᠦ ᠶᠢ ᠮᠠᠨᠵᠤ ᠠᠴᠠ ᠱᠠᠭᠠᠷᠳᠠᠵᠤ ᠪᠠᠶᠢᠪᠠ᠃ ᠵᠠᠨᠠᠪᠠᠽᠠᠷ ᠡᠪ ᠦᠨ ᠬᠦᠴᠦ ᠪᠡᠷ ᠮᠣᠩᠭᠣᠯ ᠤᠨ ᠨᠢᠭᠡᠳᠦᠯ ᠢ ᠰᠡᠷᠭᠦᠭᠡᠬᠦ ᠶᠢ ᠵᠣᠷᠢᠵᠤ ᠪᠠᠶᠢᠭᠰᠠᠨ ᠪᠣᠯ ᠭᠠᠯᠳᠠᠨ ᠴᠡᠷᠢᠭ ᠦᠨ ᠬᠦᠴᠦ ᠪᠡᠷ ᠮᠣᠩᠭᠣᠯ ᠢ ᠨᠢᠭᠡᠳᠬᠡᠬᠦ ᠨᠢ ᠵᠥᠪ ᠵᠠᠮ ᠭᠡᠵᠦ ᠦᠵᠡᠵᠦ ᠪᠠᠶᠢᠭᠰᠠᠨ ᠪᠥᠭᠡᠳ ᠲᠡᠭᠦᠨ ᠢ ᠪᠡᠨ ᠪᠡᠶᠡᠯᠡᠭᠦᠯᠬᠦ ᠶᠢᠨ ᠲᠤᠯᠠᠳᠠ ᠬᠠᠩᠭᠠᠯᠲᠠ ᠲᠠᠢ ᠴᠡᠷᠢᠭ᠂ ᠡᠳ᠋ ᠍ ᠦᠨ ᠵᠠᠰᠠᠭ ᠤᠨ ᠬᠦᠴᠦᠲᠡᠢ ᠪᠣᠯᠬᠤ ᠶᠢ ᠵᠣᠷᠢᠵᠤ ᠪᠠᠶᠢᠪᠠ᠃ ᠭᠠᠯᠳᠠᠨ ᠬᠠᠰᠠᠭᠰᠲ᠋ᠠᠨ᠂ ᠺᠢᠷᠭᠢᠽ᠂ ᠤᠶᠢᠭᠤᠷ ᠵᠡᠷᠭᠡ ᠲᠥᠪ ᠠᠽᠢᠶ᠎ᠠ ᠶᠢᠨ ᠣᠷᠣᠨ ᠨᠤᠭᠤᠳ᠂ ᠴᠢᠬᠤᠯᠠ ᠬᠤᠳᠠᠯᠳᠤᠭᠠᠨ ᠤ ᠵᠠᠮ᠎ᠠ ᠨᠤᠭᠤᠳ ᠢ ᠡᠵᠡᠯᠡᠰᠦᠨ ᠦ ᠳᠠᠷᠠᠭ᠎ᠠ ᠬᠡᠳᠦᠨ ᠠᠷᠪᠠᠨ ᠰᠠᠶ᠎ᠠ ᠬᠦᠮᠦᠨ ᠲᠡᠢ ᠬᠢᠲᠠᠳ ᠢ ᠡᠵᠡᠯᠡᠭᠰᠡᠨ ᠮᠠᠨᠵᠤ ᠶᠢᠨ ᠬᠦᠴᠦᠲᠡᠢ ᠲᠤᠯᠬᠤ ᠳᠤ ᠪᠡᠯᠡᠨ ᠪᠣᠯᠤᠭᠰᠠᠨ ᠪᠠᠶᠢᠨ᠎ᠠ᠃

ᠴᠠᠬᠣᠨᠳᠣᠷᠵᠢ ᠮᠠᠨᠵᠤ ᠲᠠᠢ ᠬᠠᠷᠢᠯᠴᠠᠵᠤ ᠣᠷᠣᠰ ᠲᠠᠢ ᠳᠠᠶᠢᠲᠤᠵᠤ ᠪᠠᠶᠢᠭᠰᠠᠨ ᠪᠣᠯ ᠭᠠᠯᠳᠠᠨ ᠣᠷᠣᠰ ᠲᠠᠢ ᠬᠠᠷᠢᠯᠴᠠᠭ᠎ᠠ ᠲᠣᠭᠲᠠᠭᠠᠵᠤ ᠮᠠᠨᠵᠤ ᠠᠴᠠ ᠮᠣᠩᠭᠣᠯ ᠢ ᠴᠢᠯᠦᠭᠡᠯᠡᠬᠦ ᠶᠢ ᠵᠣᠷᠢᠵᠤ ᠪᠠᠶᠢᠪᠠ᠃ ᠡᠶᠢᠮᠦ ᠴᠤ ᠤᠴᠢᠷ ᠠᠴᠠ ᠴᠠᠬᠣᠨᠳᠣᠷᠵᠢ ᠳᠤ ᠨᠢᠭᠡᠨᠲᠡ ᠳᠠᠶᠢᠲᠤᠵᠤ ᠪᠠᠶᠢᠭᠰᠠᠨ ᠣᠷᠣᠰ ᠲᠤ ᠳᠠᠭᠠᠬᠤ ᠪᠣᠳᠣᠯ ᠣᠭᠲᠣ ᠪᠠᠶᠢᠭᠰᠠᠨ ᠦᠭᠡᠢ᠃ ᠭᠠᠯᠳᠠᠨ ᠰᠡᠸᠡᠩᠷᠠᠪᠳᠠᠨ ᠳᠤ ᠵᠦᠩᠭᠠᠷ ᠤᠨ ᠲᠥᠷᠥ ᠶᠢᠨ ᠡᠷᠬᠡ ᠶᠢ ᠠᠯᠳᠠᠭᠰᠠᠨ ᠤ ᠳᠠᠷᠠᠭ᠎ᠠ ᠣᠷᠣᠰ ᠠᠴᠠ ᠵᠡᠷ ᠵᠡᠪᠰᠡᠭ ᠠᠪᠬᠤ ᠶᠢ ᠣᠷᠣᠯᠳᠤᠭᠰᠠᠨ ᠴᠤ ᠡᠬᠢᠨ ᠦᠶ᠎ᠡ ᠳᠡᠭᠡᠡ ᠭᠠᠯᠳᠠᠨ ᠢ ᠳᠡᠮᠵᠢᠵᠦ ᠪᠠᠶᠢᠭᠰᠠᠨ ᠣᠷᠣᠰ ᠰᠢᠨ᠎ᠡ ᠬᠠᠭᠠᠨ ᠰᠡᠸᠡᠩᠷᠠᠪᠳᠠᠨ ᠢ ᠳᠡᠮᠵᠢᠨ ᠡᠯᠴᠢ ᠪᠡᠨ ᠢᠯᠡᠭᠡᠭᠰᠡᠨ ᠪᠥᠭᠡᠳ ᠮᠥᠨ ᠮᠠᠨᠵᠤ ᠨᠠᠷ ᠴᠤ ᠰᠡᠸᠡᠩᠷᠠᠪᠳᠠᠨ ᠢ ᠳᠡᠮᠵᠢᠨ ᠡᠯᠴᠢ ᠢᠯᠡᠭᠡᠵᠡᠢ᠃ ᠤᠴᠢᠷ ᠨᠢ ᠵᠦᠩᠭᠠᠷ ᠤᠨ ᠬᠦᠴᠦ ᠪᠤᠲᠠᠷᠠᠨ ᠬᠤᠪᠢᠶᠠᠭᠳᠠᠬᠤ ᠨᠢ ᠬᠠᠯᠬ᠎ᠠ ᠶᠢ ᠡᠵᠡᠯᠡᠬᠦ ᠶᠢ ᠵᠣᠷᠢᠵᠤ ᠪᠠᠶᠢᠭᠰᠠᠨ ᠮᠠᠨᠵᠤ᠂ ᠪᠤᠷᠢᠶᠠᠳ ᠢ ᠡᠵᠡᠯᠡᠬᠦ ᠶᠢ ᠵᠣᠷᠢᠵᠤ ᠪᠠᠶᠢᠭᠰᠠᠨ ᠣᠷᠣᠰ ᠬᠣᠶᠠᠷ ᠲᠤ ᠠᠰᠢᠭᠲᠠᠢ ᠪᠠᠶᠢᠪᠠ᠃

ᠭᠠᠯᠳᠠᠨ ᠥᠪᠥᠷ ᠮᠣᠩᠭᠣᠯᠴᠤᠳ ᠲᠤ ᠬᠠᠨᠳᠤᠨ ᠵᠠᠬᠢᠶ᠎ᠠ ᠢᠯᠡᠭᠡᠵᠦ ᠮᠠᠨᠵᠤ ᠶᠢᠨ ᠡᠰᠡᠷᠬᠦ ᠲᠤᠯᠤᠯᠳᠤᠨ ᠮᠣᠩᠭᠣᠯ ᠤᠨ ᠲᠤᠰᠠᠭᠠᠷ ᠲᠣᠭᠲᠠᠨᠢᠯ ᠢ ᠬᠠᠮᠠᠭᠠᠯᠠᠬᠤ ᠶᠢ ᠤᠷᠢᠶᠠᠯᠠᠵᠤ ᠪᠠᠶᠢᠭᠰᠠᠨ ᠪᠠ ᠵᠠᠷᠢᠮ ᠥᠪᠥᠷ ᠮᠣᠩᠭᠣᠯ ᠨᠣᠶᠠᠳ ᠲᠡᠭᠦᠨ ᠢ ᠳᠡᠮᠵᠢᠨ ᠬᠦᠨᠡᠰᠦ᠂ ᠪᠤᠰᠤᠳ ᠪᠠᠷᠠᠭ᠎ᠠ ᠢᠯᠡᠭᠡᠵᠦ ᠪᠠᠶᠢᠪᠠ᠃ ᠮᠥᠨ ᠮᠣᠭᠣᠯᠢᠰᠲᠠᠨ  ᠦ ᠵᠠᠷᠢᠮ ᠨᠣᠶᠠᠳ ᠲᠡᠭᠦᠨ ᠢ ᠳᠡᠮᠵᠢᠵᠦ ᠪᠠᠶᠢᠪᠠ᠃ ᠲᠥᠪᠡᠳ ᠦᠳ ᠮᠥᠨ ᠲᠡᠭᠦᠨ ᠢ ᠳᠡᠮᠵᠢᠨ ᠵᠥᠪᠯᠡᠭᠡ ᠥᠭᠴᠦ ᠪᠠᠶᠢᠭᠰᠠᠨ ᠴᠤ ᠭᠠᠯᠳᠠᠨ ᠳᠠᠩ ᠭᠠᠭᠴᠠ ᠲᠥᠪᠡᠳ ᠦᠨ ᠢᠳᠬᠠᠯᠭ᠎ᠠ᠂ ᠰᠠᠨᠠᠯ ᠢ ᠳᠠᠭᠠᠬᠤ ᠪᠤᠰᠤ ᠥᠪᠡᠷ ᠦᠨ ᠭᠡᠰᠡᠨ ᠵᠣᠷᠢᠯᠭ᠎ᠠ ᠪᠠᠷ ᠦᠢᠯᠡ ᠠᠵᠢᠯᠯᠠᠭ᠎ᠠ ᠶᠠᠪᠤᠭᠤᠯᠵᠤ ᠪᠠᠶᠢᠴᠠᠢ᠃ ᠲᠥᠪᠡᠳ ᠦᠳ ᠨᠢᠭᠡᠨᠲᠡ ᠲᠤᠯᠤᠨ ᠢᠷᠡᠭᠰᠡᠨ ᠮᠠᠨᠵᠤ ᠶᠢᠨ ᠲᠦᠷᠢᠮᠡᠭᠡᠶᠢᠯᠡᠯ ᠢ ᠵᠣᠭᠰᠣᠭᠠᠬᠤ ᠶᠢᠨ ᠲᠤᠯᠠᠳᠠ ᠮᠣᠩᠭᠣᠯ ᠢ ᠬᠠᠯᠬᠠᠪᠴᠢ ᠪᠣᠯᠭᠠᠨ ᠠᠰᠢᠭᠯᠠᠬᠤ ᠶᠢ ᠵᠣᠷᠢᠵᠤ ᠪᠠᠶᠢᠭᠰᠠᠨ ᠭᠡᠵᠦ ᠣᠳᠣ ᠦᠵᠡᠬᠦ ᠪᠣᠯᠵᠠᠢ᠃

ᠵᠦᠩᠭᠠᠷ ᠤᠨ ᠳᠠᠷᠠᠭ᠎ᠠ ᠶᠢᠨ ᠬᠠᠭᠠᠳ ᠮᠣᠩᠭᠣᠯ ᠢ ᠴᠢᠯᠦᠭᠡᠯᠡᠬᠦ ᠪᠡᠷ ᠲᠤᠯᠣᠯᠳᠤᠵᠤ ᠪᠠᠶᠢᠭᠰᠠᠨ ᠪᠥᠭᠡᠳ ᠲᠡᠳᠡ ᠬᠠᠯᠬ᠎ᠠ ᠶᠢᠨ ᠠᠷᠠᠳ ᠢᠷᠭᠡᠳ ᠲᠦ ᠬᠠᠨᠳᠤᠨ ᠵᠠᠬᠢᠶ᠎ᠠ ᠢᠯᠡᠭᠡᠵᠦ ᠪᠠᠶᠢᠪᠠ᠃

ᠵᠠᠨᠠᠪᠠᠽᠠᠷ ᠤᠨ ᠰᠢᠢᠳᠪᠦᠷᠢ ᠪᠡᠷ ᠬᠠᠯᠬ᠎ᠠ ᠮᠠᠨᠵᠤ ᠳᠤ ᠳᠠᠭᠠᠷ᠎ᠠ ᠤᠷᠤᠬᠤ ᠰᠢᠢᠳᠪᠦᠷᠢ ᠭᠠᠷᠭᠠᠭᠰᠠᠨ ᠪᠠᠶᠢᠳᠠᠭ ᠴᠤ ᠲᠡᠭᠦᠨ ᠳᠦ ᠥᠭᠡᠷ᠎ᠡ ᠪᠣᠳᠣᠯ ᠪᠠᠶᠢᠭᠰᠠᠨ ᠢ ᠲᠡᠭᠦᠨ ᠦ ᠦᠭᠡ ᠭᠡᠷᠡᠴᠢᠯᠡᠳᠡᠭ᠃ ᠲᠤᠬᠠᠶᠢᠯᠠᠪᠠᠯ ᠲᠡᠷᠡ "ᠮᠠᠨᠳᠤᠬᠤ ᠲᠥᠷᠥ(ᠣᠷᠣᠰ)  ᠶᠢ ᠳᠠᠭᠠᠭᠰᠠᠨ ᠠᠴᠠ ᠮᠥᠬᠥᠬᠦ ᠲᠥᠷᠥ(ᠮᠠᠨᠵᠤ)  ᠶᠢ ᠳᠠᠭᠠᠭᠰᠠᠨ ᠨᠢ ᠳᠡᠭᠡᠷ᠎ᠡ"᠂ " ᠮᠠᠨᠵᠤ 200 ᠵᠢᠯ ᠦᠨ ᠲᠠᠷᠠᠭ᠎ᠠ ᠤᠨᠠᠬᠤ ᠳᠤ ᠮᠣᠩᠭᠣᠯ ᠲᠤᠰᠠᠭᠠᠷ ᠲᠣᠭᠲᠠᠨᠢᠨ᠎ᠠ" ᠭᠡᠵᠦ ᠬᠡᠯᠡᠭᠰᠡᠨ ᠪᠠᠶᠢᠳᠠᠭ᠃ 1712 ᠤᠨ ᠳᠤ ᠡᠩᠬᠡ-ᠠᠮᠤᠭᠤᠯᠠᠩ ᠬᠠᠭᠠᠨ ᠣᠶᠢᠷᠠᠳ ᠤᠳ ᠢ ᠬᠢᠳᠤᠬᠤ ᠰᠢᠢᠳᠪᠦᠷᠢ ᠭᠠᠷᠭᠠᠬᠤ ᠳᠤ ᠡᠩᠬᠡ-ᠠᠮᠤᠭᠤᠯᠨᠩ ᠤᠨ ᠯᠠᠮ᠎ᠠ ᠪᠠᠭᠰᠢ ᠪᠣᠯᠤᠭᠰᠠᠨ ᠵᠠᠨᠠᠪᠠᠽᠠᠷ ᠪᠣᠯᠢᠭᠤᠯᠵᠤ ᠪᠠᠶᠢᠪᠠ᠃ ᠬᠣᠵᠢᠮ ᠨᠢ ᠥᠨᠳᠥᠷ ᠨᠠᠰᠤ ᠲᠠᠢ ᠪᠣᠯᠤᠭᠰᠠᠨ ᠵᠠᠨᠠᠪᠠᠽᠠᠷ ᠪᠡᠭᠡᠵᠢᠩ ᠳᠦ ᠨᠠᠰᠤ ᠪᠠᠷᠠᠵᠠᠢ᠃

ᠡᠶᠢᠨᠬᠦᠦ 1630-1691 ᠤᠨ ᠤ ᠬᠣᠭᠣᠷᠣᠨᠳᠣ ᠡᠮᠦᠨᠡᠲᠦ ᠮᠣᠩᠭᠣᠯ ᠪᠠ ᠬᠠᠯᠬ᠎ᠠ ᠶᠢᠨ ᠵᠠᠰᠠᠭ ᠨᠣᠶᠠᠳ ᠤᠳᠠᠭ᠎ᠠ ᠳᠠᠷᠠᠭ᠎ᠠ ᠮᠠᠨᠵᠤ ᠳᠤ ᠪᠠᠭᠤᠵᠤ ᠥᠭᠭᠦᠭᠰᠡᠨ ᠢᠶᠡᠷ 1691 ᠤᠨ ᠭᠡᠬᠦ ᠳᠦ ᠣᠶᠢᠷᠠᠳ ᠤᠨ ᠬᠣᠯᠪᠣᠭᠠᠨ ᠠᠴᠠ ᠪᠤᠰᠤᠳ ᠮᠣᠩᠭᠣᠯ ᠬᠠᠨᠯᠢᠭ᠂ ᠸᠠᠩᠯᠢᠭ ᠤᠳ ᠪᠦᠭᠦᠳᠡ ᠮᠠᠨᠵᠤ ᠴᠢᠩ ᠤᠯᠤᠰ  ᠲᠦ ᠳᠠᠭᠠᠷ᠎ᠠ ᠣᠷᠣᠵᠤ᠂ ᠮᠣᠩᠭᠣᠯ ᠤᠯᠤᠰ ᠮᠥᠬᠦᠵᠡᠢ᠃ ᠠᠶᠤᠰᠢᠷᠢᠳᠠᠷ᠎ᠡ ᠠᠴᠠ ᠯᠢᠭᠳᠡᠨ ᠬᠤᠲᠤᠭᠲᠤ ᠬᠠᠭᠠᠨ ᠬᠦᠷᠲᠡᠯ᠎ᠡ 21 ᠬᠠᠭᠠᠨ ᠦᠶ᠎ᠡ ᠵᠠᠯᠭᠠᠮᠵᠢᠯᠠᠵᠤ 323 ᠵᠢᠯ ᠮᠣᠩᠭᠣᠯ ᠤᠯᠤᠰ (ᠵᠦᠩᠭᠠᠷ ᠪᠦᠷᠢᠮᠦᠰᠦᠨ ᠤᠨᠠᠬᠤ ᠬᠦᠷᠲᠡᠯ᠎ᠡ 390 ᠵᠢᠯ) ᠣᠷᠣᠰᠢᠨ ᠲᠣᠭᠳᠠᠨᠢᠵᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Rein Taagepera "Size and Duration of Empires: Growth-Decline Curves, 600 B.C. to 600 A.D.", Social Science History Vol. 3, 115-138 (1979)
  2. ᠥᠪᠥᠷ ᠮᠣᠩᠭᠣᠯᠴᠤᠳ ᠤᠨ ᠲᠤᠬᠠᠢ ᠳᠤ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ