ᠪᠤᠲᠠᠴᠢ ᠶᠢᠨ ᠴᠣᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠤᠲᠠᠴᠢ ᠶᠢᠨ ᠴᠣᠭ
ᠹᠠᠢᠢᠯ:ᠪ᠃ᠴᠣᠭ᠃jpg
ᠲᠥᠷᠦᠭᠰᠡᠨ ᠤᠨ 1912 ᠣᠨ
ᠲᠥᠷᠦᠭᠰᠡᠨ ᠭᠠᠵᠠᠷ ᠮᠣᠩᠭᠣᠯ ᠤᠯᠤᠰ ᠍ ᠤᠨ ᠲᠥᠪ ᠠᠶᠢᠮᠠᠭ ᠤᠨ ᠰᠡᠷᠭᠦᠯᠡᠩ ᠰᠤᠮᠤ
 ᠨᠠᠰᠤ ᠪᠠᠷᠠᠭᠰᠠᠨ 1989 ᠣᠨ ᠤ 8 ᠰᠠᠷ᠎ᠠ ᠶᠢᠨ 10
(77 ᠨᠠᠰᠤᠯᠠᠭᠰᠠᠨ)
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠴᠡᠷᠢᠭ ᠦᠨ ᠵᠢᠳᠬᠦᠯᠲᠡᠨ
ᠬᠡᠦᠬᠡᠳ ᠬᠣᠰᠢᠭᠤᠴᠢ ᠭᠧᠨᠧᠷᠠᠯ ᠴ᠃ᠭᠧᠨᠠᠳᠢ

ᠪᠤᠲᠠᠴᠢ ᠶᠢᠨ ᠴᠣᠭ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠤᠯᠤᠰ ᠤᠨ ᠪᠠᠭᠠᠲᠤᠷᠬᠤᠷᠠᠨᠳᠠ ᠭᠧᠨᠧᠷᠠᠯ.

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

1929 ᠣᠨ ᠠᠴᠠ ᠤᠯᠤᠰ ᠤᠨ ᠬᠣᠷᠰᠢᠶ᠎ᠠ᠂ 《ᠮᠣᠩᠭᠣᠯ ᠲᠡᠭᠡᠭᠡᠬᠦ》 ᠵᠡᠷᠭᠡ ᠭᠠᠵᠠᠷ ᠲᠤ ᠲᠦᠭᠦᠬᠡᠢ ᠡᠳ᠋ ᠍ ᠦᠨ ᠡᠷᠬᠢᠯᠡᠭᠴᠢ᠂ ᠬᠣᠷᠰᠢᠶᠠᠨ ᠤ ᠳᠠᠷᠤᠭ᠎ᠠ᠂ ᠬᠡᠯᠲᠡᠰ ᠦᠨ ᠡᠷᠬᠢᠯᠡᠭᠴᠢ ᠪᠡᠷ ᠠᠵᠢᠯᠯᠠᠵᠤ ᠪᠠᠶᠢᠭᠠᠳ 1931 ᠣᠨ ᠳᠤ ᠴᠡᠷᠢᠭ ᠦᠨ ᠠᠯᠪᠠᠨ ᠳᠤ ᠲᠠᠲᠠᠭᠳᠠᠨ ᠴᠡᠷᠢᠭ᠂ 1937 ᠣᠨ ᠠᠴᠠ ᠺᠦᠷᠰ ᠦᠨ ᠳᠠᠷᠤᠭ᠎ᠠ᠂ 1939 ᠣᠨ ᠠᠴᠠ ᠴᠡᠷᠢᠭ ᠦᠨ ᠶᠠᠮᠤ᠂ ᠠᠷᠠᠳ ᠤᠨ ᠠᠷᠮᠢ ᠶᠢᠨ ᠵᠠᠩᠵᠤᠨ ᠱᠲ᠋ᠠᠪ᠂ ᠴᠡᠷᠢᠭ ᠪᠠ ᠨᠡᠶᠢᠭᠡᠮ ᠢ ᠠᠶᠤᠯ ᠠᠴᠠ ᠬᠠᠮᠠᠭᠠᠯᠠᠬᠤ ᠶᠠᠮᠤ᠂ БХЯ ᠍ ᠳᠤ ᠭᠠᠵᠠᠷ᠂ ᠬᠡᠯᠲᠡᠰ ᠦᠨ ᠳᠠᠷᠤᠭ᠎ᠠ᠂ ᠣᠷᠣᠯᠠᠭᠴᠢ ᠰᠠᠶᠢᠳ᠂ ᠨᠢᠭᠡᠳᠦᠭᠡᠷ ᠣᠷᠣᠯᠠᠭᠴᠢ ᠰᠠᠶᠢᠳ ᠵᠡᠷᠭᠡ ᠬᠠᠷᠢᠭᠤᠴᠠᠯᠭ᠎ᠠ ᠲᠠᠢ ᠠᠯᠪᠠᠨ ᠲᠤᠰᠢᠶᠠᠯ ᠳᠤ ᠠᠵᠢᠯᠯᠠᠵᠤ ᠪᠠᠶᠢᠭᠠᠳ 1985 ᠣᠨ ᠳᠤ ᠨᠠᠰᠤᠨ ᠤ ᠲᠡᠳᠬᠦᠪᠦᠷᠢ ᠳᠦ ᠭᠠᠷᠴᠤ᠂ ᠮᠣᠰᠺᠸᠠ ᠳᠤ ᠣᠴᠢᠵᠤ ᠠᠮᠢᠳᠤᠷᠠᠭᠰᠠᠨ ᠪᠠᠶᠢᠨ᠎ᠠ᠃

ᠬᠠᠯᠬ᠎ᠠ ᠶᠢᠨ ᠭᠣᠣᠯ ᠤᠨ ᠪᠠᠶᠢᠯᠳᠤᠭᠠᠨ ᠳᠤ ᠶᠡᠬᠡ ᠪᠤᠤᠨ ᠤ ᠠᠩᠭᠢ ᠰᠠᠯᠪᠤᠷᠢ ᠶᠢ ᠺᠣᠮᠠᠨᠳᠠᠯᠠᠵᠤ ᠣᠷᠣᠯᠴᠠᠭᠰᠠᠨ ᠤ ᠭᠠᠳᠠᠨ᠎ᠠ 1945 ᠣᠨ ᠳᠤ ᠭᠢᠲ᠋ᠯᠧᠷ ᠦᠨ ᠹᠠᠱᠢᠰᠲ ᠤᠳ ᠢ ᠳᠠᠷᠤᠬᠤ ᠳᠠᠶᠢᠨ ᠳᠤ ᠪᠧᠯ ᠢᠶᠠᠷᠤᠰ ᠤᠨ 3 ᠳ᠋ᠤᠭᠠᠷ ᠹᠷᠣᠨᠲ ᠤᠨ ᠪᠦᠷᠢᠯᠳᠦᠬᠦᠨ ᠳᠦ ᠲᠠᠩᠺ ᠤᠨ ᠪᠠᠷᠢᠭᠠᠳᠠ ᠺᠣᠮᠠᠨᠳᠠᠯᠠᠨ ᠳᠣᠷᠣᠨᠠᠲᠤ ᠫᠷᠦ᠋ᠰ ᠤᠨ ᠣᠫᠧᠷᠠᠼ ᠢ ᠬᠡᠷᠡᠭᠵᠢᠭᠦᠯᠬᠦ ᠳᠦ᠂ 1947, 1948 ᠣᠨ ᠳᠤ ᠤᠯᠤᠰ ᠤᠨ ᠪᠠᠷᠠᠭᠤᠨ ᠬᠢᠯᠢ ᠬᠢᠵᠠᠭᠠᠷ ᠲᠤ ᠬᠠᠰᠠᠭ ᠤᠨ ᠪᠣᠯᠤᠨ ᠭᠣᠮᠢᠨᠳᠠ ᠤᠨ ᠳᠡᠭᠡᠷᠡᠮᠴᠢᠳ ᠢ ᠪᠤᠲᠠ ᠴᠣᠬᠢᠬᠤ ᠳᠤ ᠢᠳᠡᠪᠬᠢᠲᠡᠢ ᠣᠷᠣᠯᠴᠠᠵᠠᠢ᠃

ᠰᠤᠷᠤᠯᠴᠠᠭᠰᠠᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠵᠥᠪᠯᠡᠯᠲᠦ ᠬᠣᠯᠪᠣᠭᠠᠲᠤ ᠤᠯᠤᠰ ᠍ ᠳᠦ 1933-1937 ᠣᠨ ᠳᠤ ᠶᠡᠬᠡ ᠪᠤᠤᠨ ᠤ ᠳᠤᠮᠳᠠ ᠰᠤᠷᠭᠠᠭᠤᠯᠢ ᠳᠤ
 • 1943-1946 ᠣᠨ ᠳᠤ ᠬᠤᠶᠠᠭᠲᠤ ᠲᠠᠩᠺ ᠤᠨ ᠠᠺᠠᠳᠧᠮᠢ
 • 1953-1956 ᠣᠨ ᠳᠤ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠠᠺᠠᠳᠧᠮᠢ ᠳᠤ ᠰᠤᠷᠤᠯᠴᠠᠵᠤ ᠲᠡᠭᠦᠰᠦᠭᠰᠡᠨ᠃

ᠰᠣᠩᠭᠣᠭᠤᠯᠢ ᠳᠤ ᠠᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠤᠨ ᠶᠡᠬᠡ ᠬᠤᠷᠠᠯ ᠤᠨ ᠳ᠋ᠧᠫᠦᠶᠢᠲ᠋ᠠᠲ ᠢᠶᠠᠷ 5 ᠤᠳᠠᠭ᠎ᠠ ᠰᠣᠩᠭᠣᠭᠳᠠᠵᠤ᠂ ᠮᠣᠩᠭᠣᠯ ᠠᠷᠠᠳ ᠤᠨ ᠬᠤᠪᠢᠰᠬᠠᠯᠲᠤ ᠨᠠᠮ ᠤᠨ XIV-XVIII ᠶᠡᠬᠡ ᠬᠤᠷᠠᠯ ᠳᠤ ᠲᠥᠯᠥᠭᠡᠯᠡᠭᠴᠢ ᠪᠡᠷ ᠣᠷᠣᠯᠴᠠᠵᠤ ᠨᠠᠮ ᠤᠨ ᠲᠥᠪ ᠬᠣᠷᠢᠶᠠᠨ ᠤ ᠣᠷᠣᠯᠠᠭᠴᠢ ᠭᠡᠰᠢᠭᠦᠨ᠂ ᠵᠢᠩᠬᠢᠨᠢ ᠭᠡᠰᠢᠭᠦᠨ ᠢᠶᠡᠷ ᠰᠣᠩᠭᠣᠭᠳᠠᠵᠤ ᠪᠠᠶᠢᠴᠠᠢ᠃

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠤᠯᠤᠰ ᠤᠨ ᠪᠠᠭᠠᠲᠤᠷ /1981 ᠣᠨ ᠤ III ᠰᠠᠷ᠎ᠠ ᠶᠢᠨ 13/
 • ᠰᠦᠬᠡᠪᠠᠭᠠᠲᠤᠷ ᠤᠨ ᠣᠳᠣᠨ 5 ᠤᠳᠠᠭ᠎ᠠ
 • ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ 2 ᠤᠳᠠᠭ᠎ᠠ
 • ᠴᠡᠷᠢᠭ ᠦᠨ ᠭᠠᠪᠢᠶᠠᠨ ᠤ ᠣᠳᠣᠨ
 • 《ᠠᠯᠲᠠᠨ ᠭᠠᠳᠠᠰᠤ》 ᠣᠳᠣᠨ 4 ᠤᠳᠠᠭ᠎ᠠ ᠪᠣᠯᠤᠨ ᠪᠤᠰᠤᠳ ᠮᠧᠳᠠᠯ ᠤᠳ ᠢᠶᠠᠷ

ᠭᠠᠳᠠᠨ᠎ᠠ ᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠵᠥᠪᠯᠡᠯᠲᠦ ᠬᠣᠯᠪᠣᠭᠠᠲᠤ ᠤᠯᠤᠰ ᠤᠨ ᠯᠧᠨᠢᠨ ᠦ ᠣᠳᠤᠨ
 • ᠵᠥᠪᠯᠡᠯᠲᠦ ᠬᠣᠯᠪᠣᠭᠠᠲᠤ ᠤᠯᠤᠰ ᠶᠢᠨ ᠡᠬᠡ ᠣᠷᠣᠨ ᠤ ᠳᠠᠶᠢᠨ ᠤ I ᠵᠡᠷᠭᠡ ᠶᠢᠨ ᠣᠳᠤᠨ ᠪᠣᠯᠤᠨ ᠪᠤᠰᠤᠳ ᠮᠧᠳᠠᠯ ᠤᠳ ᠢᠶᠠᠷ
 • ᠰᠣᠴᠢᠶᠠᠯᠢᠰᠲᠤ ᠵᠠᠷᠢᠮ ᠤᠯᠤᠰ ᠤᠨ ᠣᠳᠤᠨ᠂ ᠪᠤᠰᠤᠳ ᠮᠧᠳᠠᠯ ᠤᠳ ᠢᠶᠠᠷ ᠱᠠᠩᠨᠠᠭᠳᠠᠵᠠᠢ᠃


ᠪᠢᠴᠢᠭᠡᠰᠦ