ᠪᠤᠯᠧ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠤᠯᠧ (ᠠᠩᠭᠯᠢ ᠬᠡᠯᠡ:boule) ᠡᠷᠲᠡᠨ ᠦ ᠭᠷᠧᠺᠡᠶᠢᠨ ᠬᠣᠲᠠ ᠤᠯᠤᠰ ᠦᠳ ᠲᠤ ᠪᠠᠶᠢᠭᠰᠠᠨ ᠵᠥᠪᠯᠡᠯ᠃ ᠡᠨᠡ ᠨᠢ ᠮᠠᠨ ᠤ ᠡᠷᠡᠨ ᠦ ᠡᠮᠦᠨ᠎ᠡ ᠵᠢᠷᠭᠤᠳᠤᠭᠠᠷ ᠵᠠᠭᠤᠨ ᠤ ᠲᠡᠭᠦᠰᠬᠡᠯ ᠭᠡᠬᠦ ᠳᠦ ᠬᠣᠲᠠ ᠤᠯᠤᠰ ᠤᠳ ᠤᠨ ᠪᠠᠷᠤᠭ ᠪᠦᠬᠦ ᠪᠦᠲᠦᠴᠡ ᠳᠦ ᠪᠤᠢ ᠪᠣᠯᠤᠭᠰᠠᠨ ᠪᠠᠶᠢᠪᠠ᠃ ᠮᠠᠨ ᠤ ᠡᠷᠡᠨ ᠦ ᠡᠮᠦᠨ᠎ᠡ 594 ᠣᠨ ᠳᠤ ᠰᠣᠯᠣᠨ ᠠᠹᠢᠨ ᠳᠤ ᠢᠵᠠᠭᠤᠷᠲᠠᠨ ᠨᠤᠭᠤᠳ ᠢᠶᠠᠷ ᠪᠦᠷᠢᠳᠦᠭᠦᠯᠦᠭᠰᠡᠨ ᠪᠤᠯᠧᠭ ᠪᠤᠢ ᠪᠣᠯᠭᠠᠵᠠᠢ᠃ ᠬᠣᠵᠢᠮ ᠨᠢ ᠺᠯᠧᠢᠰᠹᠧᠨᠢ ᠤᠳᠤᠷᠢᠳᠤᠯᠭ᠎ᠠ ᠳᠣᠣᠷ᠎ᠠ ᠪᠤᠯᠧᠭ 500 ᠭᠡᠰᠢᠭᠦᠳ ᠲᠡᠢ ᠪᠡᠷ ᠪᠠᠶᠢᠭᠤᠯᠬᠤ ᠳᠤ ᠢᠵᠠᠭᠤᠷᠲᠠᠨ ᠨᠤᠭᠤᠳ ᠠᠴᠠ 10 ᠲᠥᠯᠥᠭᠡᠯᠡᠯ (50 ᠭᠡᠰᠢᠭᠦᠨ ᠪᠦᠷᠢ ᠶᠢᠨ ᠨᠢᠭᠡ ᠨᠢ) ᠤᠷᠤᠬᠤ ᠪᠣᠯᠵᠠᠢ᠃ ᠬᠡᠮᠵᠢᠶᠡᠨ ᠡᠴᠡ ᠬᠠᠮᠢᠶᠠᠷᠤᠭᠤᠯᠤᠨ ᠬᠤᠪᠢ ᠲᠡᠩᠴᠡᠭᠦᠯᠦᠭᠰᠡᠨ ᠲᠣᠳᠣᠷᠬᠠᠢ ᠲᠣᠭᠠᠨ ᠤ ᠭᠡᠰᠢᠭᠦᠳ ᠢ ᠳᠧᠮᠧ ᠪᠦᠷᠢ ᠳᠦ ᠬᠤᠪᠢᠶᠠᠳᠠᠭ ᠪᠠᠶᠢᠪᠠ᠃ ᠡᠺᠺᠯᠧᠰᠢ ᠪᠠ ᠠᠷᠧᠣᠫᠠᠭᠤᠰ ᠍ ᠢ ᠪᠦᠷᠢᠳᠦᠭᠦᠯᠳᠡᠭ ᠪᠠᠶᠢᠭᠰᠠᠨ ᠪᠤᠯᠧ ᠨᠢ ᠰᠠᠩ ᠬᠥᠮᠥᠷᠭᠡ ᠶᠢ ᠬᠢᠨᠠᠵᠤ᠂ ᠹᠯᠣᠲ ᠪᠣᠯᠤᠨ ᠮᠣᠷᠢᠨ ᠴᠡᠷᠢᠭ ᠢ ᠰᠢᠭᠤᠳ ᠤᠳᠤᠷᠢᠳᠥᠵᠤ᠂ ᠠᠯᠪᠠᠨ ᠬᠠᠭᠠᠭᠴᠢᠳ ᠢ ᠳ᠋ᠦᠩᠨᠡᠨ᠂ ᠭᠠᠳᠠᠭᠠᠳᠤ ᠶᠢᠨ ᠡᠯᠴᠢᠨ ᠰᠠᠶᠢᠳ ᠤᠳ ᠢ ᠬᠦᠯᠢᠶᠡᠨ ᠠᠪᠴᠤ᠂ ᠰᠲᠷᠠᠲ᠋ᠧᠭᠤᠰᠲᠠᠢ ᠵᠥᠪᠯᠡᠯᠳᠦᠳᠡᠭ ᠪᠠᠶᠢᠪᠠ᠃ ᠡᠯᠯᠢᠨ ᠦ ᠦᠶ᠎ᠡ ᠳᠦ ᠪᠤᠯ ᠤᠨ ᠵᠠᠭᠪᠤᠷ ᠨᠢ ᠪᠤᠰᠤᠳ ᠬᠣᠲᠠ ᠨᠤᠭᠤᠳ ᠤᠨ ᠵᠥᠪᠯᠡᠯ ᠦᠨ ᠪᠦᠲᠦᠴᠡ᠂ ᠵᠣᠬᠢᠶᠠᠨ ᠪᠠᠶᠢᠭᠤᠯᠤᠯᠲᠠ ᠲᠣᠮᠣᠬᠠᠨ ᠨᠥᠯᠥᠭᠡ ᠦᠵᠡᠭᠦᠯᠵᠡᠢ᠃

ᠯᠠᠪᠠᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • Aristotle. Constitution of Athens 4.3, 46.1, 62.3
  • Hignett, Charles. A History of the Athenian Constitution. Oxford: Clarendon Press, 1958.
  • Jones, A.H.M. Athenian Democracy. Oxford: Basil Blackwell, 1957.
  • Rhodes, P.J. The Athenian Boule. Oxford: The Clarendon Press, 1972.
  • Struble, Robert, Jr. Treatise on Twelve Lights, Chapter Six, 《Ancient Greece》.
http://wiki.uhaan.com/index.php?title=ᠪᠤᠯᠧ&oldid=329716》 ᠍  ᠡᠴᠡ ᠠᠪᠤᠭᠰᠠᠨ

ᠪᠢᠴᠢᠭᠡᠰᠦ