ᠪᠤᠯᠠᠭᠠᠨ ᠰᠤᠮᠤ (ᠪᠠᠶᠠᠨ-ᠥᠯᠥᠭᠡᠢ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠤᠯᠠᠭᠠᠨ ᠰᠤᠮᠤ
ᠪᠤᠯᠠᠭᠠᠨ ᠰᠤᠮᠤ
ᠰᠤᠮᠤ
ᠰᠤᠮᠤ ᠶᠢᠨ ᠲᠥᠪ ᠳ᠋ᠡᠬᠢ ᠰᠦᠮ᠎ᠡ 2008 ᠣᠨ ᠳᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠪᠠᠶᠠᠨ-ᠥᠯᠥᠭᠡᠢ ᠠᠶᠢᠮᠠᠭ
ᠨᠤᠲᠤᠭ ᠤᠨ ᠬᠤᠪᠢᠶᠠᠷᠢ
(7 ᠪᠠᠭ ᠲᠠᠢ)
1. ᠤᠯᠠᠭᠴᠢᠨ
2. ᠰᠠᠶᠢᠬᠠᠨ
3. ᠪᠤᠯᠠᠭᠠᠨ
4. ᠵᠢᠷᠭᠠᠯᠠᠩᠲᠤ
5. ᠬᠤᠵᠢᠷᠲᠤ
6. ᠰᠦᠩᠬᠡᠯ
7. ᠤᠯᠠᠭᠠᠨᠬᠤᠰ
ᠭᠠᠵᠠᠷ ᠨᠤᠲᠤᠭ 4977.33 ᠺᠦᠸᠠᠳ᠋ ᠺᠢᠯᠣᠮᠧᠲ᠋ᠷ ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠬᠦᠮᠦᠨ ᠠᠮᠠ (2012) 5,020 ᠬᠦᠮᠦᠨ ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠰᠢᠤᠳᠠᠨ ᠳᠤᠭᠠᠷ 83010
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠳᠡᠯᠢᠭᠦᠨ
ᠳᠠᠭᠤᠲᠤ
ᠴᠢᠩᠭᠢᠯ
ᠮᠥᠩᠬᠡᠢᠬᠠᠶᠢᠷᠬᠠᠨ
ᠪᠤᠯᠠᠭᠠᠨ
ᠦᠶᠡᠩᠴᠢ
ᠵᠠᠮ ᠤᠨ ᠤᠷᠲᠤ ᠥᠯᠥᠭᠡᠢ (294 ᠺᠢᠯᠣᠮᠧᠲ᠋ᠷ) [1]
ᠪᠤᠯᠠᠭᠠᠨ ᠰᠤᠮᠤ ᠬᠣᠯᠪᠣᠭᠠᠰᠤ ᠶᠢ ᠳᠠᠷᠤᠵᠤ ᠠᠳᠠᠯᠢ ᠨᠡᠷᠡᠲᠦ ᠵᠦᠢᠯᠡᠰ ᠡᠴᠡ ᠢᠯᠭᠠᠨ ᠲᠠᠨᠢᠭᠠᠷᠠᠢ᠃

ᠪᠤᠯᠠᠭᠠᠨ ᠰᠤᠮᠤ ᠨᠢ ᠪᠠᠶᠠᠨ-ᠥᠯᠥᠭᠡᠢ ᠠᠶᠢᠮᠠᠭ ᠤᠨ ᠰᠤᠮᠤ ᠶᠤᠮ᠃ ᠰᠤᠮᠤ ᠶᠢᠨ ᠲᠥᠪ ᠵᠢᠷᠭᠠᠯᠠᠩᠲᠤ ᠨᠢ ᠠᠶᠢᠮᠠᠭ ᠤᠨ ᠲᠥᠪ ᠡᠴᠡ 300 ᠺᠢᠯᠣᠮᠧᠲ᠋ᠷ᠂ ᠤᠯᠠᠭᠠᠨᠪᠠᠭᠠᠲᠤᠷ ᠬᠣᠲᠠ ᠠᠴᠠ 2000 ᠺᠢᠯᠣᠮᠧᠲ᠋ᠷ ᠦᠨ ᠵᠠᠢ ᠳᠤ᠂ ᠳᠠᠯᠠᠢ ᠶᠢᠨ ᠲᠦᠪᠰᠢᠨ ᠡᠴᠡ ᠳᠡᠭᠡᠭᠰᠢ 1935 ᠮᠧᠲ᠋ᠷ ᠦᠨ ᠥᠨᠳᠥᠷ ᠲᠦ ᠣᠷᠣᠰᠢᠨ᠎ᠠ᠃ ᠪᠤᠯᠠᠭᠠᠨ ᠰᠤᠮᠤ ᠶᠢᠨ ᠢᠷᠭᠡᠳ ᠦᠨ 80% ᠨᠢ ᠬᠠᠰᠠᠺ᠂ ᠦᠯᠡᠳᠡᠭᠰᠡᠨ ᠨᠢ ᠪᠤᠰᠤᠳ ᠶᠠᠰᠤᠲᠠᠨ ᠨᠤᠭᠤᠳ᠃ ᠲᠤᠰ ᠰᠤᠮᠤ ᠨᠢ 7 ᠪᠠᠭ (ᠤᠯᠠᠭᠴᠢᠨ᠂ ᠰᠠᠶᠢᠬᠠᠨ᠂ ᠪᠤᠯᠠᠭᠠᠨ᠂ ᠵᠢᠷᠭᠠᠯᠠᠩᠲᠤ᠂ ᠬᠤᠵᠢᠷᠲᠤ᠂ ᠰᠡᠬᠦᠯ᠂ ᠤᠯᠠᠭᠠᠨᠬᠤᠰ), 1100 ᠡᠷᠦᠬᠡ᠂ 5900 ᠬᠦᠮᠦᠨ᠂ 100000 ᠲᠣᠯᠣᠭᠠᠢ ᠮᠠᠯ ᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1930 ᠍ ᠊ᠭᠠᠳ ᠣᠨ ᠤ ᠰᠡᠭᠦᠯᠴᠢ ᠪᠡᠷ ᠪᠤᠯᠠᠭᠠᠨ ᠰᠤᠮᠤ ᠶᠢ ᠪᠠᠶᠢᠭᠤᠯᠬᠤ ᠠᠵᠢᠯ ᠶᠠᠪᠤᠭᠳᠠᠬᠤ ᠠᠴᠠ ᠡᠮᠦᠨ᠎ᠡ ᠪᠠᠽᠠᠷᠬᠤᠯ᠂ ᠲᠠᠶᠢᠯᠬᠤ ᠰᠤᠮᠤ ᠭᠡᠳᠡᠭ ᠣᠲᠣᠭ ᠣᠮᠤᠭ ᠤᠨ ᠨᠡᠷ᠎ᠡ ᠪᠡᠷ ᠨᠡᠷᠡᠯᠡᠭᠳᠡᠭᠰᠡᠨ ᠬᠣᠶᠠᠷ ᠰᠤᠮᠤ ᠪᠠᠶᠢᠪᠠ᠃ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠪᠠ ᠰᠠᠶᠢᠳ ᠨᠠᠷ ᠤᠨ ᠵᠥᠪᠯᠡᠯ ᠦᠨ ᠭᠡᠰᠢᠭᠦᠳ ᠦᠨ ᠬᠠᠪᠰᠤᠷᠤᠭᠰᠠᠨ 50 ᠍ ᠳᠦᠭᠡᠷ ᠬᠤᠷᠠᠯ ᠠᠴᠠ ᠬᠣᠪᠳᠣ ᠠᠶᠢᠮᠠᠭ ᠤᠨ ᠬᠠᠰᠠᠭ᠂ ᠤᠷᠢᠶᠠᠩᠬᠠᠢ ᠵᠡᠷᠭᠡ ᠪᠠᠭ᠎ᠠ ᠶᠠᠰᠤᠲᠠᠨ ᠳᠤ ᠭᠠᠵᠠᠷ ᠨᠤᠲᠤᠭ ᠬᠤᠪᠢᠶᠠᠨ ᠣᠯᠭᠤᠵᠤ᠂ ᠦᠨᠳᠦᠰᠦᠨ ᠰᠤᠮᠤᠳ ᠢ ᠪᠠᠶᠢᠭᠤᠯᠬᠤ ᠲᠠᠯ᠎ᠠ ᠪᠠᠷ ᠲᠣᠮᠢᠯᠠᠭᠰᠠᠨ ᠤᠯᠤᠰ ᠤᠨ ᠺᠣᠮᠢᠰ ᠤᠨ ᠰᠢᠢᠳᠪᠦᠷᠢ ᠪᠡᠷ 1938 ᠣᠨ ᠤ 8 ᠍ ᠳᠦᠭᠡᠷ ᠰᠠᠷ᠎ᠠ ᠶᠢᠨ 8 ᠍ ᠤ ᠡᠳᠦᠷ ᠬᠣᠪᠳᠣ ᠠᠶᠢᠮᠠᠭ ᠤᠨ ᠬᠠᠷᠢᠶᠠᠨ ᠳᠤ ᠣᠳᠣ ᠶᠢᠨ ᠪᠤᠯᠤᠨ ᠰᠤᠮᠤ ᠨᠢ ᠰᠠᠶᠢᠬᠠᠨ ᠭᠡᠳᠡᠭ ᠭᠠᠵᠠᠷ ᠲᠤ ᠬᠤᠵᠢᠷᠲᠤ ᠨᠡᠷ᠎ᠡ ᠲᠡᠢ ᠪᠡᠷ 6 ᠪᠠᠭ᠎ᠠ ᠪᠠᠷ ᠵᠣᠬᠢᠶᠠᠨ ᠪᠠᠶᠢᠭᠤᠯᠤᠭᠳᠠᠭᠰᠠᠨ᠃ ᠡᠶᠢᠨᠬᠦᠦ ᠰᠤᠮᠤ ᠶᠢᠨ ᠨᠠᠮ᠂ ᠵᠠᠬᠢᠷᠭᠠᠨ ᠤ ᠤᠳᠤᠷᠢᠳᠬᠤ ᠬᠦᠮᠦᠰ ᠢ ᠰᠣᠩᠭᠣᠵᠤ᠂ ᠨᠠᠮ ᠵᠠᠬᠢᠷᠭ᠎ᠠ ᠵᠠᠯᠠᠭᠤᠴᠤᠳ ᠤᠨ ᠪᠠᠶᠢᠭᠤᠯᠤᠯᠭ᠎ᠠ ᠶᠢ ᠪᠠᠭᠲᠠᠭᠠᠭᠰᠠᠨ ᠢᠰᠡᠭᠡᠢ ᠭᠡᠷ ᠲᠦ ᠠᠯᠪᠠᠨ ᠠᠵᠢᠯ ᠢᠶᠠᠨ ᠶᠠᠪᠤᠭᠤᠯᠵᠤ ᠡᠬᠢᠯᠡᠭᠰᠡᠨ ᠪᠠᠶᠢᠨ᠎ᠠ᠃ ᠮᠥᠨ ᠣᠨ ᠤ ᠰᠡᠭᠦᠯᠴᠢ ᠪᠡᠷ ᠰᠤᠮᠤ ᠶᠢᠨ ᠬᠦᠮᠦᠨ᠂ ᠮᠠᠯ ᠡᠮᠨᠡᠯᠭᠡ ᠶᠢᠨ ᠰᠠᠯᠪᠤᠷᠢ᠂ 1939 ᠣᠨ ᠳᠤ ᠪᠠᠭ᠎ᠠ ᠰᠤᠷᠭᠠᠭᠤᠯᠢ᠂ 1941 ᠣᠨ ᠳᠤ ᠠᠷᠲ᠋ᠧᠯᠢ ᠪᠠᠶᠢᠭᠤᠯᠤᠭᠳᠠᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠯᠠᠭᠠᠨ ᠰᠤᠮᠤ ᠨᠢ ᠮᠣᠩᠭᠣᠯ ᠤᠯᠤᠰ ᠤᠨ ᠪᠠᠷᠠᠭᠤᠨ ᠬᠣᠶᠢᠳᠤ ᠬᠢᠵᠠᠭᠠᠷ ᠮᠣᠩᠭᠣᠯ ᠠᠯᠲᠠᠢ ᠶᠢᠨ ᠨᠢᠷᠤᠭᠤᠨ ᠤ ᠥᠪᠥᠷ ᠬᠠᠵᠠᠭᠤ ᠠᠴᠠ ᠡᠬᠢ ᠲᠡᠢ ᠪᠤᠯᠠᠭᠠᠨ ᠭᠣᠣᠯ ᠍ ᠤᠨ ᠰᠠᠪᠠ ᠪᠠᠷ ᠣᠷᠣᠰᠢᠳᠠᠭ᠃ ᠰᠤᠮᠤ ᠶᠢᠨ ᠨᠡᠶᠢᠲᠡ ᠨᠤᠲᠤᠭ ᠤᠨ ᠬᠡᠮᠵᠢᠶ᠎ᠡ ᠨᠢ 497.8 ᠮᠢᠩᠭᠠᠨ ᠾᠧᠺᠲ᠋ᠠᠷ ᠪᠥᠭᠡᠳ ᠬᠠᠮᠤᠭ ᠤᠨ ᠨᠠᠮ ᠭᠠᠵᠠᠷ ᠪᠣᠯᠬᠤ ᠶᠡᠬᠡ ᠨᠠᠷᠢᠨ ᠳᠠᠯᠠᠢ ᠶᠢᠨ ᠲᠦᠪᠰᠢᠨ ᠡᠴᠡ ᠳᠡᠭᠡᠭᠰᠢ 1517 ᠮᠧᠲ᠋ᠷ ᠲᠦ ᠪᠠᠶᠢᠳᠠᠭ᠃ ᠬᠠᠮᠤᠭ ᠤᠨ ᠥᠨᠳᠥᠷ ᠴᠡᠭ ᠪᠣᠯᠬᠤ ᠮᠥᠩᠬᠡᠢᠬᠠᠶᠢᠷᠬᠠᠨ ᠤᠤᠯ ᠨᠢ 4362 ᠮ ᠥᠨᠳᠥᠷ ᠶᠤᠮ᠃ ᠪᠤᠯᠠᠭᠠᠨ ᠰᠤᠮᠤ ᠬᠣᠶᠢᠳᠤ ᠬᠡᠰᠡᠭ ᠢᠶᠡᠷ ᠳᠡᠯᠢᠭᠦᠨ ᠰᠤᠮᠤᠲᠠᠢ ᠤᠯᠠᠭᠴᠢᠨ ᠤ ᠳᠠᠪᠠᠭ᠎ᠠ ᠪᠠᠷ 48 ᠺᠢᠯᠣᠮᠧᠲ᠋ᠷ᠂ ᠪᠠᠷᠠᠭᠤᠨ ᠡᠮᠦᠨᠡᠲᠦ ᠬᠡᠰᠡᠭ ᠢᠶᠡᠷ ᠬᠣᠪᠳᠣ ᠠᠶᠢᠮᠠᠭ ᠤᠨ ᠳᠠᠭᠤᠲᠤᠮᠥᠩᠬᠡᠢᠬᠠᠶᠢᠷᠬᠠᠨᠪᠤᠯᠠᠭᠠᠨ ᠵᠡᠷᠭᠡ ᠰᠤᠮᠤᠳ ᠲᠠᠢ 85 ᠺᠢᠯᠣᠮᠧᠲ᠋ᠷ ᠦᠷᠭᠦᠯᠵᠢᠯᠡᠬᠦ ᠰᠠᠶᠢᠬᠠᠨ᠂ ᠬᠥᠬᠡᠭᠣᠯ᠂ ᠰᠡᠷᠢᠭᠦᠨ᠂ ᠰᠦᠩᠬᠡᠯ᠂ ᠲᠦᠷᠭᠡᠨ ᠦ ᠨᠢᠷᠤᠭᠤᠳ ᠢᠶᠠᠷ ᠬᠢᠯᠢ ᠵᠠᠯᠭᠠᠳᠠᠭ᠃ ᠮᠥᠨ ᠪᠠᠷᠠᠭᠤᠨ ᠬᠣᠶᠢᠳᠤ ᠬᠡᠰᠡᠭ ᠢᠶᠡᠷ 120 ᠺᠢᠯᠣᠮᠧᠲ᠋ᠷ ᠦᠷᠭᠦᠯᠵᠢᠯᠡᠬᠦ ᠪᠤᠯᠠᠭᠠᠨ ᠤ ᠲᠦᠷᠭᠡᠨ᠂ ᠭᠤᠷᠪᠠᠨ ᠵᠢᠷᠭᠠᠯᠠᠩᠲᠤ᠂ ᠲᠠᠤᠯᠠᠢ ᠳᠤ᠂ ᠬᠣᠶᠠᠷ ᠲᠡᠮᠦᠷ ᠲᠦ᠂ ᠡᠨᠳᠡᠷᠲᠦ ᠶᠢᠨ ᠵᠡᠷᠭᠡ ᠨᠢᠷᠤᠭᠤᠨ ᠨᠤᠭᠤᠳ ᠢᠶᠠᠷ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠲᠠᠢ ᠬᠢᠯᠢᠯᠡᠳᠡᠭ᠃

ᠰᠤᠮᠤ ᠶᠢᠨ ᠨᠡᠶᠢᠲᠡ ᠨᠤᠲᠤᠭ ᠤᠨ 462.5 ᠮᠢᠩᠭᠠᠨ ᠭᠠ ᠨᠢ ᠬᠥᠳᠡᠭᠡ ᠠᠵᠤ ᠠᠬᠤᠢ ᠡᠷᠬᠢᠯᠡᠬᠦ ᠳᠦ ᠲᠣᠬᠢᠷᠠᠮᠵᠢᠲᠠᠢ ᠪᠥᠭᠡᠳ ᠡᠭᠦᠨ ᠦ 71.1 ᠮᠢᠩᠭᠠᠨ ᠭᠠ ᠨᠢ ᠲᠠᠷᠢᠶᠠᠯᠠᠩ ᠤᠨ ᠭᠠᠵᠠᠷ᠂ 356.1 ᠮᠢᠩᠭᠠᠨ ᠭᠠ ᠨᠢ ᠪᠡᠯᠴᠢᠭᠡᠷ᠂ ᠬᠠᠳᠤᠯᠠᠩ ᠤᠨ ᠭᠠᠵᠠᠷ᠂ 27.4 ᠮᠢᠩᠭᠠᠨ ᠭᠠ ᠨᠢ ᠬᠢᠯᠢ ᠶᠢᠨ ᠱᠤᠭᠤᠮ᠂ 4.2 ᠮᠢᠩᠭᠠᠨ ᠭᠠ ᠨᠢ ᠣᠢ ᠮᠣᠳᠣ᠂ 2.7 ᠮᠢᠩᠭᠠᠨ ᠭᠠ ᠨᠢ ᠭᠣᠣᠯ᠂ ᠨᠠᠭᠤᠷ᠂ 0.7 ᠮᠢᠩᠭᠠᠨ ᠭᠠ ᠨᠢ ᠵᠠᠮ᠂ ᠦᠯᠡᠳᠡᠭᠰᠡᠨ 0.29 ᠮᠢᠩᠭᠠᠨ ᠭᠠ ᠨᠢ ᠰᠤᠮᠤ ᠶᠢᠨ ᠲᠥᠪ᠂ ᠠᠶᠢᠯ ᠡᠷᠦᠬᠡ᠂ ᠬᠠᠰᠢᠶ᠎ᠠ᠂ ᠪᠠᠶᠢᠰᠢᠩ ᠪᠠᠷᠢᠯᠭ᠎ᠠ᠂ ᠬᠣᠯᠪᠣᠭᠠᠨ ᠤ ᠱᠤᠭᠤᠮ ᠲᠤᠰ ᠲᠤᠰ ᠡᠵᠡᠯᠡᠳᠡᠭ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

  1. ᠪᠠᠶᠠᠨ-ᠥᠯᠥᠭᠡᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ «ᠪᠠᠶᠠᠨ-ᠥᠯᠥᠭᠡᠢ ᠠᠶᠢᠮᠠᠭ ᠤᠨ ᠰᠲ᠋ᠠᠲ᠋ᠢᠰᠲ᠋ᠢᠭ ᠤᠨ ᠡᠮᠬᠢᠳᠬᠡᠯ-2012 ᠣᠨ».

ᠪᠢᠴᠢᠭᠡᠰᠦ