ᠪᠤᠯᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠪᠤᠯᠠᠭᠠᠨ ᠠᠶᠢᠮᠠᠭ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
«ᠪᠤᠯᠠᠭᠠᠨ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠪᠤᠯᠠᠭᠠᠨ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠪᠤᠯᠠᠭᠠᠨ ᠠᠶᠢᠮᠠᠭ
Булган аймаг
ᠠᠶᠢᠮᠠᠭ

ᠰᠦᠯᠳᠡ ᠲᠤᠭ

ᠰᠦᠯᠳᠡ ᠲᠡᠮᠳᠡᠭ
ᠬᠣᠴᠢ: "ᠠᠩᠬᠠᠳᠠᠭᠴᠢᠳ ᠤᠨ ᠨᠤᠲᠤᠭ"
ᠮᠣᠩᠭᠣᠯ ᠣᠷᠣᠨ ᠳᠠᠬᠢ ᠪᠤᠯᠠᠭᠠᠨ ᠠᠶᠢᠮᠠᠭ
ᠤᠯᠤᠰ ᠣᠷᠣᠨ Flag of Mongolia.svg ᠮᠣᠩᠭᠣᠯ
ᠠᠶᠢᠮᠠᠭ ᠪᠤᠯᠠᠭᠠᠨ
ᠰᠤᠮᠤ (16) ᠨᠡᠷ᠎ᠡ ᠪᠦᠬᠦᠢ 16 ᠰᠤᠮᠤ
ᠭᠠᠵᠠᠷ ᠨᠤᠲᠤᠭ 48,733.00 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 53,653 ᠬᠦᠮᠦᠨ [1]
- ᠮᠣᠩᠭᠣᠯ ᠤᠯᠤᠰ ᠶᠢᠨ ᠢᠷᠭᠡᠨ 53,611 ᠬᠦᠮᠦᠨ (99.9%) [2]
ᠬᠦᠮᠦᠨ ᠠᠮᠠ (ᠲᠣᠭᠠᠴᠠ᠃) 2011 ᠤᠨ ᠳᠤ 58,483 ᠬᠦᠮᠦᠨ
ᠨᠢᠭᠲᠠᠴᠠ ᠰᠡᠶᠢᠷᠡᠭ 2011 ᠤᠨ ᠳᠤ 1.20 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠮᠣᠩᠭᠣᠯ
ᠨᠤᠲᠤᠭ ᠤᠨ ᠣᠯᠠᠨ ᠪᠤᠯᠠᠭᠠᠨ ᠤ ᠬᠢᠨ
ᠤᠷᠢᠳᠤ ᠴᠠᠭ ᠲᠤ  ᠶᠡᠬᠡᠩᠬᠢ ᠨᠢ ᠲᠦᠰᠢᠶᠡᠲᠦ ᠬᠠᠨ ᠠᠶᠢᠮᠠᠭ ᠲᠤ
1923-1931 ᠤᠨ  ᠶᠡᠬᠡᠩᠬᠢ ᠨᠢ ᠪᠣᠭᠳᠠᠬᠠᠨ ᠤᠤᠯ ᠤᠨ ᠠᠶᠢᠮᠠᠭ ᠲᠤ
1931-1938 ᠤᠨ  ᠶᠡᠬᠡᠩᠬᠢ ᠲᠠᠷᠢᠶᠠᠯᠠᠩ᠂ ᠰᠡᠯᠡᠩᠭᠡ ᠠᠢ ᠳᠦ
1938 ᠤᠨ ᠪᠤᠯᠠᠭᠠᠨ ᠠᠶᠢᠮᠠᠭ ᠡᠭᠦᠰᠦᠭᠰᠡᠨ
ᠵᠠᠰᠠᠭ ᠳᠠᠷᠤᠭ᠎ᠠ ᠳᠠᠸᠠᠵᠠᠪ ᠤᠨ ᠡᠷᠳᠡᠨᠢᠪᠠᠲᠤ (ᠠᠷᠠᠳᠴᠢᠯᠠᠭᠰᠠᠨ ᠨᠠᠮ)
ᠴᠠᠭ ᠤᠨ ᠪᠥᠰᠡ ᠤᠯᠠᠭᠠᠨᠪᠠᠭᠠᠲᠤᠷ ᠤᠨ ᠴᠠᠭ (ГЦ+8)
ᠤᠲᠠᠰᠤᠨ ᠳ᠋ᠣᠭᠠᠷ +976 134
ᠰᠢᠤᠳᠠᠨ ᠳᠤᠭᠠᠷ 63000
ᠮᠠᠰᠢᠨ ᠤ ᠳ᠋ᠣᠭᠠᠷ БУА БУЛ
ᠴᠠᠬᠢᠮ ᠭᠠᠵᠠᠷ bulgan.gov.mn (ᠮᠣᠩᠭᠣᠯ ᠢᠶᠠᠷ)

ᠪᠤᠯᠠᠭᠠᠨᠪᠤᠯ ᠮᠣᠩᠭᠣᠯ ᠤᠯᠤᠰ ᠍ ᠤᠨ ᠨᠢᠭᠡᠨ ᠠᠶᠢᠮᠠᠭ ᠶᠤᠮ᠃1938 ᠡᠤᠨ ᠳᠤ ᠪᠠᠶᠢᠭᠤᠯᠤᠭᠳᠠᠭᠰᠠᠨ᠂ 48700 ᠺᠦᠸᠠᠳ᠋ ᠺᠢᠯᠣᠮᠧᠲ᠋ᠷ ᠨᠤᠲᠤᠭ ᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠯᠠᠭᠠᠨ ᠠᠶᠢᠮᠠᠭ ᠤᠨ ᠨᠤᠲᠤᠭ ᠳᠡᠪᠢᠰᠬᠡᠷ ᠪᠣᠯ ᠨᠡᠩ ᠡᠷᠲᠡᠨ ᠡᠴᠡ ᠮᠣᠩᠭᠣᠯ ᠲᠤᠭᠤᠷᠭᠠᠲᠠᠨ ᠤ ᠥᠯᠥᠭᠡᠢ ᠨᠤᠲᠤᠭ ᠪᠠᠶᠢᠭᠰᠠᠨ ᠨᠢ ᠠᠷᠬᠧᠣᠯᠣᠭᠢ ᠶᠢᠨ ᠣᠯᠳᠠᠪᠤᠷᠢ᠂ ᠪᠠᠷᠢᠮᠲᠠ ᠪᠠᠷ ᠪᠠᠲᠤᠯᠠᠭᠳᠠᠳᠠᠭ᠃ ᠲᠤᠬᠠᠶᠢᠯᠠᠪᠠᠯ ᠮᠣᠩᠭᠣᠯ ᠤᠨ ᠠᠩᠬᠠᠨ ᠤ ᠲᠥᠷᠥ ᠳᠦ ᠤᠯᠤᠰ ᠪᠣᠯᠬᠤ ᠾᠦᠩᠨᠦ᠂ ᠪᠣᠯᠤᠨ ᠨᠢᠷᠤᠨᠰᠢᠶᠠᠨᠪᠢᠲᠦᠷᠦᠭᠤᠶᠢᠭᠤᠷ ᠍ ᠤᠨ ᠬᠠᠭᠠᠨᠲᠤ ᠤᠯᠤᠰ᠂ ᠬᠢᠳᠠᠨᠺᠢᠷᠭᠢᠽ ᠵᠡᠷᠭᠡ ᠤᠯᠤᠰ ᠤᠳ ᠣᠷᠣᠰᠢᠨ ᠲᠣᠭᠲᠠᠨᠢᠵᠤ ᠪᠠᠶᠢᠭᠰᠠᠨ ᠤ ᠤᠯᠠ ᠮᠥᠷ ᠬᠥᠰᠢᠶ᠎ᠡ ᠳᠤᠷᠠᠰᠬᠠᠯ ᠣᠯᠠᠨ ᠪᠠᠶᠢᠳᠠᠭ᠃ 12-13 ᠍ ᠳᠦᠭᠡᠷ ᠵᠠᠭᠤᠨᠢ ᠦᠶ᠎ᠡ ᠶᠢᠨ ᠮᠡᠷᠬᠢᠳᠬᠡᠷᠡᠶᠢᠳ ᠵᠡᠷᠭᠡ ᠣᠪᠤᠭ ᠠᠶᠢᠮᠠᠭ᠂ ᠴᠢᠩᠭᠢᠰᠡᠶᠢᠨ ᠨᠡᠷ᠎ᠡ ᠬᠠᠶ᠋ᠢᠭ ᠲᠠᠢ ᠭᠠᠵᠠᠷ ᠨᠤᠲᠤᠭ᠂ ᠠᠭᠤᠯᠠ ᠤᠰᠤ ᠴᠥᠭᠡᠨ ᠦᠭᠡᠢ ᠪᠤᠢ᠃

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠨᠤᠲᠤᠭ ᠳᠡᠪᠢᠰᠬᠡᠷ ᠨᠢ ᠮᠠᠨᠵᠤ ᠶᠢᠨ ᠨᠣᠶᠠᠷᠬᠠᠯ ᠤᠨ ᠦᠶ᠎ᠡ ᠪᠣᠯᠤᠨ ᠪᠣᠭᠳᠠ ᠬᠠᠭᠠᠨ ᠲᠤ ᠮᠣᠩᠭᠣᠯ ᠤᠯᠤᠰ ᠤᠨ ᠦᠶ᠎ᠡ ᠳᠦ ᠲᠦᠰᠢᠶᠡᠲᠦ ᠬᠠᠨ ᠠᠶᠢᠮᠠᠭ ᠲᠤ᠂ ᠠᠷᠠᠳ ᠤᠨ ᠵᠠᠰᠠᠭ ᠤᠨ ᠡᠬᠢᠨ ᠦ ᠵᠢᠯ ᠤᠨᠳ ᠲᠤ ᠪᠣᠭᠳᠠ ᠬᠠᠨ ᠠᠭᠤᠯᠠ ᠶᠢᠨ ᠠᠶᠢᠮᠠᠭ ᠲᠤ ᠬᠠᠷᠢᠶᠠᠯᠠᠭᠳᠠᠵᠤ ᠪᠠᠶᠢᠯ᠎ᠠ᠃

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠷᠠᠳ ᠤᠨ ᠰᠠᠶᠢᠳ ᠨᠠᠷ ᠤᠨ ᠵᠥᠪᠯᠡᠯ ᠦᠨ 1937 ᠤᠨ ᠤ 12 ᠳ᠋ᠤᠭᠠᠷ ᠰᠠᠷ᠎ᠠ ᠶᠢᠨ 23 ᠍ ᠤ ᠡᠳᠦᠷ ᠦᠨ 33 ᠳ᠋ᠤᠭᠠᠷ ᠲᠣᠭᠲᠠᠭᠠᠯ ᠢᠶᠠᠷ ᠪᠤᠯᠠᠭᠠᠨ ᠠᠶᠢᠮᠠᠭ ᠪᠠᠶᠢᠭᠤᠯᠬᠤ ᠲᠤᠬᠠᠢ ᠰᠢᠢᠳᠪᠦᠷᠢ ᠭᠠᠷᠴᠤ ᠡᠨᠡ ᠳᠠᠭᠠᠤ 1938 ᠤᠨ ᠤ 1 ᠰᠠᠷ᠎ᠠ ᠶᠢᠨ 15 ᠍ ᠤ ᠡᠳᠦᠷ ᠠᠶᠢᠮᠠᠭ ᠤᠨ ᠶᠠᠮᠤᠨ ᠤ ᠬᠤᠷᠠᠯ ᠬᠤᠷᠠᠯᠳᠤᠵᠤ ᠪᠤᠯᠠᠭᠠᠨ ᠠᠶᠢᠮᠠᠭ ᠢ 15 ᠰᠤᠮᠤ᠂ 128 ᠪᠠᠭ᠂ 10360 ᠡᠷᠦᠬᠡ᠂ 43500 ᠬᠦᠮᠦᠨ ᠠᠮᠠ᠂ 1.1 ᠰᠠᠶ᠎ᠠ ᠮᠠᠯ᠂ 42.2 ᠮᠢᠩᠭᠠᠨ ᠠᠮᠠ ᠳᠥᠷᠪᠡᠯᠵᠢᠨ ᠺᠢᠯᠣᠮᠧᠲ᠋ᠷ ᠨᠤᠲᠤᠭ ᠲᠠᠢ ᠪᠠᠷ ᠪᠠᠶᠢᠭᠤᠯᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠯᠠᠭᠠᠨ ᠠᠶᠢᠮᠠᠭ ᠨᠢ ᠮᠠᠨ ᠤ ᠣᠷᠣᠨ ᠤ ᠲᠥᠪ ᠬᠡᠰᠡᠭ ᠲᠦ ᠣᠷᠬᠣᠨ ᠰᠡᠯᠡᠩᠭᠡ ᠶᠢᠨ ᠰᠠᠪᠠ ᠭᠠᠵᠠᠷ ᠲᠤ ᠤᠷᠤᠰᠢᠬᠤ ᠪᠥᠭᠡᠳ ᠨᠤᠲᠤᠭ ᠲᠤ ᠨᠢ ᠪᠤᠯᠭᠤᠩᠬᠠᠨᠪᠥᠷᠥᠭᠬᠠᠩᠭᠠᠢᠳᠤᠯᠠᠭᠠᠨᠬᠠᠨᠪᠦᠲᠦᠭᠡᠯᠬᠠᠨ ᠲᠠᠢ ᠳᠠᠷᠬᠠᠨ ᠬᠠᠭᠠᠨ ᠵᠡᠷᠭᠡ ᠣᠢ ᠬᠥᠪᠴᠢᠲᠤ ᠠᠭᠤᠯᠠ ᠨᠢᠷᠤᠭᠤᠳ ᠪᠤᠢ᠃  ᠨᠤᠲᠤᠭ ᠤᠨ ᠬᠣᠶᠢᠳᠤ ᠵᠠᠬ᠎ᠠ ᠪᠠᠷ ᠡᠷᠲᠡᠨ ᠦ ᠲᠥᠷᠥᠮᠡᠯ ᠦᠨ ᠡᠷᠡᠨ ᠦ ᠪᠣᠷᠵᠢᠨ ᠴᠢᠯᠠᠭᠤ᠂ ᠡᠮᠦᠨ᠎ᠡ ᠬᠡᠰᠡᠭ ᠦᠨ ᠦᠯᠡᠮᠵᠢ ᠲᠠᠯᠠᠪᠠᠢ ᠳᠤ ᠳᠤᠮᠳᠠ ᠪᠠ ᠡᠷᠲᠡᠨ ᠦ ᠲᠥᠷᠥᠮᠡᠯ ᠦᠨ ᠡᠷᠡᠨ ᠦ ᠬᠤᠷᠠᠳᠠᠰᠤ᠂ ᠳᠤᠮᠳᠠ ᠬᠡᠰᠡᠭ ᠢᠶᠡᠷ ᠨᠢ ᠳᠡᠭᠡᠳᠦ ᠫᠧᠷᠮᠢ ᠶᠢᠨ ᠪᠠ ᠭᠤᠷᠪᠠᠳᠠᠭᠴᠢ᠂ ᠶᠦᠷ ᠦᠨ ᠭᠠᠯᠪᠠ ᠶᠢᠨ ᠪᠢᠯᠬᠠᠮᠠᠯ ᠴᠢᠯᠠᠭᠤᠯᠢᠭ᠂ ᠮᠥᠨ ᠳᠥᠷᠪᠡᠳᠡᠭᠴᠢ ᠡᠷᠡᠨ ᠦ ᠬᠦᠷᠮᠡᠨ ᠴᠢᠯᠠᠭᠤ ᠶᠡᠬᠡ ᠲᠠᠷᠬᠠᠵᠠᠢ᠂ ᠳᠥᠷᠪᠡᠳᠡᠭᠴᠢ ᠭᠠᠯᠪᠠ ᠶᠢᠨ ᠦᠶ᠎ᠡ ᠳᠤ ᠣᠷᠭᠢᠯᠠᠵᠤ ᠪᠠᠶᠢᠭᠰᠠᠨ ᠤᠷᠠᠨ ᠲᠣᠭᠣᠭ᠎ᠠᠲᠤᠯᠭ᠎ᠠᠪᠦᠷᠬᠦᠭᠡᠷᠵᠢᠯᠠᠪᠴᠢ ᠵᠡᠷᠭᠡ ᠤᠨᠲᠠᠷᠠᠭᠰᠠᠨ ᠭᠠᠯᠲᠤ ᠠᠭᠤᠯᠠ ᠶᠢ ᠨᠢ ᠳᠠᠷᠬᠠᠯᠠᠨ ᠬᠠᠮᠠᠭᠠᠯᠠᠵᠤ ᠪᠠᠶᠢᠨ᠎ᠠ᠃ 1967 ᠤᠨ ᠳᠤ ᠮᠣᠭᠠᠳ ᠰᠤᠮᠤ ᠍ ᠤᠨ ᠨᠤᠲᠤᠭ ᠲᠤ ᠭᠠᠵᠠᠷ ᠬᠥᠳᠡᠯᠵᠦ᠂ ᠭᠠᠵᠠᠷ ᠬᠠᠭᠠᠷᠠᠵᠤ ᠢᠵᠠᠷᠠᠭᠰᠠᠨ ᠨᠢ ᠡᠨᠡ ᠬᠠᠪ ᠤᠨ ᠨᠤᠲᠤᠭ ᠤᠨ ᠭᠠᠳᠠᠷᠭᠤ ᠶᠢᠨ ᠬᠡᠯᠪᠡᠷᠢ ᠪᠦᠷᠢᠨ ᠲᠣᠭᠲᠠᠭ᠎ᠠ ᠦᠭᠡᠢ ᠪᠠᠶᠢᠭ᠎ᠠ ᠶᠢᠨ ᠭᠡᠷᠡᠴᠢ ᠶᠤᠮ᠃ ᠪᠤᠯᠠᠭᠠᠨ ᠠᠶᠢᠮᠠᠭ ᠤᠨ ᠨᠤᠲᠤᠭ ᠲᠤ ᠴᠢᠯᠠᠭᠤᠨ ᠨᠡᠭᠦᠷᠡᠰᠦ᠂ ᠪᠠᠷᠢᠯᠭ᠎ᠠ ᠶᠢᠨ ᠮᠠᠲ᠋ᠧᠷᠢᠶᠠᠯ ᠤᠨ ᠪᠠᠶᠠᠯᠢᠭ ᠪᠤᠢ᠃

ᠪᠤᠯᠠᠭᠠᠨ ᠠᠶᠢᠮᠠᠭ ᠤᠨ ᠨᠤᠲᠤᠭ ᠲᠤ ᠰᠡᠯᠡᠩᠭᠡᠣᠷᠬᠣᠨᠬᠠᠨᠤᠢ ᠵᠡᠷᠭᠡ ᠲᠣᠮᠣ ᠭᠣᠣᠯ ᠤᠳ ᠤᠷᠤᠰᠬᠤ ᠪᠥᠭᠡᠳ ᠬᠠᠷᠭᠠᠯᠬᠤᠨᠲᠤᠠᠶᠢᠷᠬᠠᠨ ᠵᠡᠷᠭᠡ ᠨᠠᠭᠤᠷ ᠤᠳ ᠪᠤᠢ᠃ ᠬᠤᠯᠢᠵᠤᠬᠤᠨᠲᠤᠬᠠᠨᠤᠢ ᠶᠢᠨᠠᠰᠬᠠᠲᠤ ᠶᠢᠨ ᠵᠡᠷᠭᠡ ᠷᠠᠰᠢᠶᠠᠨ ᠪᠤᠢ᠂ ᠡᠭ ᠦᠨ ᠭᠣᠣᠯ ᠳᠡᠭᠡᠷ᠎ᠡ УЦС ᠪᠠᠷᠢᠬᠤ ᠠᠵᠢ᠃ ᠠᠶᠢᠮᠠᠭ ᠤᠨ ᠨᠤᠲᠤᠭ ᠤᠨ ᠤᠷᠳᠤ ᠬᠡᠰᠡᠭ ᠢᠶᠡᠷ ᠬᠡᠭᠡᠷ᠎ᠡ ᠶᠢᠨ ᠬᠦᠷᠢᠨ ᠬᠥᠷᠥᠰᠥ᠂ ᠬᠣᠶᠢᠳᠤ ᠬᠡᠰᠡᠭ ᠢᠶᠡᠷ ᠣᠢ ᠶᠢᠨ ᠬᠠᠷ᠎ᠠ ᠰᠢᠷᠤᠶᠢᠨ ᠪᠠ ᠤᠤᠯ ᠤᠨ᠂ ᠲᠠᠶᠢᠭ᠎ᠠ ᠶᠢᠨ ᠬᠥᠷᠥᠰᠥ ᠲᠠᠷᠬᠠᠵᠠᠢ᠃ ᠠᠶᠢᠮᠠᠭ ᠤᠨ ᠨᠤᠲᠤᠭ ᠤᠨ ᠡᠮᠦᠨᠡᠲᠦ ᠬᠡᠰᠡᠭ ᠢᠶᠡᠷ ᠬᠡᠭᠡᠷ᠎ᠡ ᠶᠢᠨ ᠤᠷᠭᠤᠮᠠᠯ᠂ ᠬᠣᠶᠢᠳᠤ ᠬᠡᠰᠡᠭ ᠢᠶᠡᠷ ᠣᠢ ᠬᠥᠪᠴᠢ ᠲᠠᠷᠬᠠᠵᠠᠢ᠃ ᠠᠨ ᠠᠮᠢᠲᠠᠨ ᠡᠯᠪᠡᠭᠭᠡᠢ᠃

ᠰᠤᠮᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤᠳ ᠤᠨ ᠭᠠᠵᠠᠷ ᠤᠨ ᠵᠢᠷᠤᠭ
ᠪᠤᠯᠠᠭᠠᠨ ᠠᠶᠢᠮᠠᠭ ᠤᠨ ᠰᠤᠮᠤᠳ ᠤᠨ ᠬᠦᠮᠦᠨ ᠠᠮᠠ
ᠰᠤᠮᠤ ᠶᠢᠨ ᠨᠡᠷ᠎ᠡ ᠬᠦᠮᠦᠨ ᠠᠮᠠ
(2005)[3]
ᠬᠦᠮᠦᠨ ᠠᠮᠠ
(2009)[3]
ᠬᠦᠮᠦᠨ ᠠᠮᠠ
(2010)[4]
ᠪᠠᠶᠠᠨ-ᠠᠭᠲᠠ 2,823 3,048 2,879
ᠪᠠᠶᠠᠨᠨᠠᠭᠤᠷ 1,303 1,526 1,523
ᠪᠤᠭᠤᠳᠤ 1,623 1,800 1,874
ᠪᠤᠯᠠᠭᠠᠨ* 11,984 12,396 11,320
ᠪᠥᠷᠥᠭᠬᠠᠩᠭᠠᠢ 2,123 2,406 2,491
ᠭᠤᠷᠪᠠᠨᠪᠤᠯᠠᠭ 3,221 3,119 2,754
ᠳᠠᠰᠢᠨᠴᠢᠯᠡᠨ 2,422 2,574 2,341
ᠮᠣᠭᠠᠳ 2,609 2,738 2,467
ᠣᠷᠬᠣᠨ 2,941 3,012 2,599
ᠷᠠᠰᠢᠶᠠᠨ ᠳᠤ 3,206 3,131 2,828
ᠰᠠᠶᠢᠬᠠᠨ** 3,685 3,747 3,246
ᠰᠡᠯᠡᠩᠭᠡ 3,057 3,271 2,831
ᠲᠡᠰᠢᠭ 3,520 3,514 3,179
ᠬᠠᠩᠭᠠᠯ*** 4,442 4,700 4,041
ᠬᠡᠰᠢᠭ-ᠥᠨᠳᠥᠷ 3,057 3,171 2,576
ᠬᠤᠲᠤᠭ-ᠥᠨᠳᠥᠷ 4,236 4,591 4,226
ᠠᠶᠢᠮᠠᠭ ᠤᠨ ᠳᠦᠩ 56,428 58,834 53,023

* - ᠠᠶᠢᠮᠠᠭ ᠤᠨ ᠲᠥᠪ ᠪᠤᠯᠠᠭᠠᠨ ᠬᠣᠲᠠ ᠲᠠᠢ ᠳᠠᠪᠬᠤᠴᠠᠨ ᠪᠠᠭᠲᠠᠭᠠᠳᠠᠭ᠃

** - ᠰᠤᠮᠤ ᠶᠢᠨ ᠲᠥᠪ ᠡᠴᠡ ᠪᠠᠷᠠᠭᠤᠨ ᠬᠣᠶᠢᠳᠤ ᠵᠦᠭ ᠲᠤ 25 ᠺᠢᠯᠣᠮᠧᠲ᠋ᠷ ᠵᠠᠢ ᠲᠠᠢ ᠪᠠᠶᠢᠬᠤ ᠰᠠᠶᠢᠬᠠᠨ-ᠣᠪᠣᠭ᠎ᠠ ᠰᠠᠭᠤᠷᠢᠨ ᠢ (500 ᠬᠦᠮᠦᠨ ᠲᠡᠢ) ᠪᠠᠭᠲᠠᠭᠠᠳᠠᠭ᠃

*** - ᠰᠤᠮᠤ ᠶᠢᠨ ᠲᠥᠪ ᠡᠴᠡ ᠬᠣᠶᠢᠳᠤ ᠵᠦᠭ ᠲᠤ 25 ᠺᠢᠯᠣᠮᠧᠲ᠋ᠷ ᠵᠠᠢ ᠲᠠᠢ ᠪᠠᠶᠢᠬᠤ ᠬᠢᠯᠭᠠᠨ᠎ᠠ ᠳᠤ ᠲᠣᠰᠬᠣᠨ ᠢ (3,300 ᠬᠦᠮᠦᠨ ᠲᠡᠢ) ᠪᠠᠭᠲᠠᠭᠠᠳᠠᠭ᠃

ᠦᠢᠯᠡᠳᠪᠦᠷᠢ ᠠᠭᠤᠷᠬᠠᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠪᠰᠤᠷᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠯᠠᠬᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠪᠤᠯᠠᠭᠠᠨ ᠠᠶᠢᠮᠠᠭ ᠤᠨ ᠵᠢᠷᠤᠭ»

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠤᠯᠠᠭᠠᠨ&oldid=482765》 ᠍  ᠡᠴᠡ ᠠᠪᠤᠭᠰᠠᠨ

ᠪᠢᠴᠢᠭᠡᠰᠦ