ᠪᠤᠭᠤᠳᠤ ᠰᠤᠮᠤ (ᠭᠣᠪᠢ-ᠠᠯᠲᠠᠢ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠤᠭᠤᠳᠤ (ᠪᠤᠭᠤᠲᠤ) ᠨᠢ ᠭᠣᠪᠢ-ᠠᠯᠲᠠᠢ ᠠᠶᠢᠮᠠᠭ ᠤᠨ ᠰᠤᠮᠤ ᠶᠤᠮ᠃ ᠰᠤᠮᠤ ᠶᠢᠨ ᠲᠥᠪ ᠨᠢ ᠠᠶᠢᠮᠠᠭ ᠤᠨ ᠲᠥᠪ ᠡᠴᠡ ᠪᠠᠷᠠᠭᠤᠨ ᠵᠦᠭ ᠲᠤ 140 ᠺᠢᠯᠣᠮᠧᠲ᠋ᠷ ᠦᠨ ᠵᠠᠢ ᠳᠤ ᠤᠷᠤᠰᠢᠬᠤ ᠪᠥᠭᠡᠳ ᠪᠠᠷᠠᠭᠤᠨ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ᠂ ᠬᠣᠶᠢᠳᠤ ᠲᠠᠯ᠎ᠠ ᠪᠠᠷ ᠢᠶᠠᠨ ᠲᠣᠩᠬᠢᠯ᠂ ᠵᠡᠭᠦᠨ ᠲᠠᠯ᠎ᠠ ᠪᠠᠷ ᠢᠶᠠᠨ ᠲᠥᠭᠥᠷᠢᠭ᠂ ᠤᠷᠢᠳᠤ ᠲᠠᠯ᠎ᠠ ᠪᠠᠷ ᠢᠶᠠᠨ ᠠᠯᠲᠠᠢ ᠰᠤᠮᠤ ᠲᠠᠢ ᠬᠢᠯᠢᠯᠡᠳᠡᠭ᠃ ᠵᠠᠰᠠᠭ ᠵᠠᠬᠢᠷᠭᠠᠨ ᠤ ᠨᠢᠭᠡᠴᠡ ᠶᠢᠨ ᠬᠤᠪᠢ ᠳᠤ 4 ᠪᠠᠭ ᠲᠤ ᠬᠤᠪᠢᠶᠠᠭᠳᠠᠳᠠᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠨᠤᠲᠤᠭ ᠠᠯᠲᠠᠢ ᠶᠢᠨ ᠠᠭᠤᠯᠠ ᠳᠤ ᠥᠨᠳᠥᠷᠯᠢᠭ ᠦᠨ ᠮᠤᠵᠢ ᠳᠤ ᠪᠠᠭᠲᠠᠳᠠᠭ᠃ ᠪᠤᠭᠤᠳᠤ ᠰᠤᠮᠤ ᠶᠢᠨ ᠨᠤᠲᠤᠭ ᠲᠤ ᠤᠷᠤᠰᠢᠬᠤ ᠠᠯᠠᠭ ᠬᠠᠶᠢᠷᠬᠠᠨ ᠠᠭᠤᠯᠠ ᠨᠢ ᠮᠣᠩᠭᠣᠯ ᠠᠯᠲᠠᠢ ᠶᠢᠨ ᠨᠢᠷᠤᠭᠤᠨ ᠤ ᠳᠤᠮᠳᠠ ᠬᠡᠰᠡᠭ ᠦᠨ ᠥᠨᠳᠥᠷ ᠠᠤᠯᠠᠯᠠᠰ ᠤᠨ ᠨᠢᠭᠡ ᠪᠥᠭᠡᠳ ᠬᠣᠪᠣᠷ᠂ ᠨᠡᠩ ᠬᠣᠪᠣᠷ ᠤᠷᠭᠤᠮᠠᠯ ᠸᠠᠩᠰᠡᠮᠪᠡᠷᠦᠶᠦᠮᠳᠡᠦᠵᠢᠨᠰᠡᠷᠵᠢᠮᠢᠳᠣᠭ᠂ ᠪᠠᠮᠪᠠᠢ ᠵᠡᠷᠭᠡ ᠤᠷᠭᠤᠮᠠᠯ᠂ ᠠᠷᠭᠠᠯᠢᠶᠠᠩᠭᠢᠷᠢᠷᠪᠢᠰᠬᠣᠶᠢᠯᠣᠭ ᠭᠡᠬᠦ ᠮᠡᠲᠦ ᠳᠠᠷᠬᠠᠨ ᠴᠠᠭᠠᠵᠠᠲᠤ ᠠᠮᠢᠲᠠᠨ ᠰᠢᠪᠠᠭᠤᠳ ᠤᠨ ᠪᠠᠶᠢᠷᠢᠰᠢᠯ ᠨᠤᠲᠤᠭ ᠶᠤᠮ᠃ ᠠᠯᠠᠭ ᠬᠠᠶᠢᠷᠬᠠᠨ ᠠᠭᠤᠯᠠ ᠳᠠᠯᠠᠢ ᠶᠢᠨ ᠲᠦᠪᠰᠢᠨ ᠡᠴᠡ ᠳᠡᠭᠡᠭᠰᠢ 3738 ᠮ ᠥᠨᠳᠥᠷ᠃ ᠡᠨᠡ ᠠᠭᠤᠯᠠ ᠶᠢ 1996 ᠣᠨ ᠳᠤ ᠤᠯᠤᠰ ᠤᠨ ᠲᠤᠰᠬᠠᠢ ᠬᠠᠮᠠᠭᠠᠯᠠᠯᠲᠠ ᠳᠤ ᠠᠪᠤᠭᠰᠠᠨ ᠪᠠᠶᠢᠨ᠎ᠠ᠃ ᠮᠥᠨ ᠪᠦᠰ ᠬᠠᠶᠢᠷᠬᠠᠨ᠂ ᠡᠵᠢ ᠶᠢᠨ ᠭᠣᠣᠯ᠂ ᠬᠣᠨᠢᠨ ᠤᠰᠤᠨ ᠤ ᠭᠣᠪᠢ᠂ ᠪᠤᠭᠤ ᠶᠢᠨ ᠳᠠᠪᠠᠭ᠎ᠠ᠂ ᠠᠯᠠᠭ ᠨᠠᠭᠤᠷ ᠭᠡᠬᠦ ᠮᠡᠲᠦ ᠣᠯᠠᠨ ᠰᠠᠶᠢᠬᠠᠨ ᠭᠠᠵᠠᠷ ᠪᠤᠢ᠃ ᠲᠤᠰ ᠰᠤᠮᠤ ᠶᠢᠨ ᠨᠤᠲᠤᠭ ᠲᠤ ᠲᠠᠮᠴᠢ ᠶᠢᠨ ᠪᠡᠯᠴᠢᠷ ᠦᠨ ᠬᠦᠮᠦᠨ ᠴᠢᠯᠠᠭᠤ᠂ ᠳᠤᠮᠳᠠ ᠨᠠᠭᠤᠷ ᠤᠨ ᠪᠤᠭᠤᠨ ᠬᠥᠰᠢᠶ᠎ᠡ ᠵᠡᠷᠭᠡ ᠲᠡᠦᠬᠡ ᠰᠤᠶᠤᠯ ᠤᠨ ᠳᠤᠷᠠᠰᠬᠠᠯᠲᠤ ᠭᠠᠵᠠᠷ ᠤᠳ ᠪᠠᠶᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠭᠤᠳᠤ ᠰᠤᠮᠤ ᠨᠢ 1946 ᠣᠨ ᠳᠤ ᠪᠠᠶᠢᠭᠤᠯᠤᠭᠳᠠᠭᠰᠠᠨ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠶᠤᠯ ᠤᠨ ᠲᠥᠪ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠶᠢᠨ ᠰᠤᠶᠤᠯ ᠤᠨ ᠲᠥᠪ ᠠᠩᠬ᠎ᠠ 1946 ᠣᠨ ᠳᠤ ᠵᠣᠷᠣᠩ ᠤᠨ ᠵᠤᠨᠳᠤᠢ ᠡᠷᠬᠢᠯᠡᠭᠴᠢ ᠲᠡᠢ᠂ ᠰᠢᠷ᠎ᠠ ᠬᠠᠳᠠ ᠬᠡᠮᠡᠬᠦ ᠭᠠᠵᠠᠷ ᠲᠤ ᠤᠯᠠᠭᠠᠨ ᠭᠡᠷ ᠨᠡᠷᠡᠲᠡᠢ ᠪᠡᠷ ᠪᠠᠶᠢᠭᠤᠯᠤᠭᠳᠠᠵᠠᠢ᠃

ᠪᠢᠴᠢᠭᠡᠰᠦ