ᠪᠤᠭᠤᠳᠤ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠤᠭᠤᠳᠤ ᠬᠣᠲᠠ
ᠪᠤᠭᠤᠲᠤᠬᠣᠲᠠ
ᠠᠶᠢᠮᠠᠭ ᠤᠨ ᠡᠩ ᠲᠡᠢ ᠬᠣᠲᠠ
ᠪᠤᠭᠤ ᠶᠢᠨ ᠬᠥᠰᠢᠶ᠎ᠡ
ᠥᠪᠥᠷ ᠮᠣᠩᠭᠣᠯ ᠣᠷᠣᠨ ᠳᠠᠬᠢ ᠪᠤᠭᠤᠳᠤ ᠬᠣᠲᠠ ᠶᠢᠨ ᠨᠤᠲᠤᠭ
ᠤᠯᠤᠰ ᠣᠷᠣᠨ Flag of the People's Republic of China.svg ᠬᠢᠲᠠᠳ
ᠮᠤᠵᠢ᠂ ᠣᠷᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠠᠶᠢᠮᠠᠭ᠂ ᠲᠣᠭᠣᠷᠢᠭ ᠪᠤᠭᠤᠳᠤ ᠬᠣᠲᠠ
ᠬᠣᠰᠢᠭᠤ᠂ ᠰᠢᠶᠠᠨ (10) 7 ᠳᠡᠭᠦᠷᠭᠡ᠂ 1 ᠱᠢᠨᠢ᠂ 2 ᠬᠣᠰᠢᠭᠤ
ᠭᠠᠵᠠᠷ ᠨᠤᠲᠤᠭ 27,768 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 1065 m
ᠬᠦᠮᠦᠨ ᠠᠮᠠ (ᠲᠣᠭᠠᠯᠠᠯ) 2010 ᠣᠨ ᠳᠤ 2,650,364 ᠬᠦᠮᠦᠨ
ᠨᠢᠭᠲᠠᠴᠠ ᠰᠡᠶᠢᠷᠡᠭ 95 ᠬᠦᠮᠦᠨ/km²
ᠠᠷᠠᠳ ᠲᠦᠮᠡᠨ 94.2% - ᠬᠢᠲᠠᠳ᠂ 3.0% - ᠮᠣᠩᠭᠣᠯ
ᠨᠤᠲᠤᠭ ᠤᠨ ᠣᠯᠠᠨ ᠪᠤᠭᠠᠲᠤ ᠶᠢᠨ ᠬᠢᠨ
1809 ᠣᠨ ᠰᠠᠭᠤᠷᠢᠨ ᠡᠭᠦᠰᠦᠭᠰᠡᠨ
ᠴᠠᠭ ᠤᠨ ᠪᠥᠰᠡ ᠴᠤᠨᠴᠢᠩ ᠦᠨ ᠴᠠᠭ (ГЦ+8)
ᠤᠲᠠᠰᠤᠨ ᠳ᠋ᠣᠭᠠᠷ +86 472
ᠰᠢᠤᠳᠠᠨ ᠳᠤᠭᠠᠷ 014000
ᠮᠠᠰᠢᠨ ᠤ ᠳ᠋ᠣᠭᠠᠷ 蒙B
ᠴᠠᠬᠢᠮ ᠭᠠᠵᠠᠷ baotou.gov.cn (ᠬᠢᠲᠠᠳ ᠢᠶᠠᠷ)

ᠪᠤᠭᠤᠳᠤ ᠨᠢ ᠥᠪᠥᠷ ᠮᠣᠩᠭᠣᠯ ᠤᠨ ᠠᠶᠢᠮᠠᠭ ᠤᠨ ᠵᠡᠷᠭᠡᠯᠡᠯᠲᠡᠢ ᠬᠣᠲᠠ ᠪᠥᠭᠡᠳ ᠥᠪᠡᠷᠲᠡᠭᠡᠨ ᠵᠠᠰᠠᠬᠤ ᠣᠷᠣᠨ ᠤ ᠬᠠᠮᠤᠭ ᠤᠨ ᠲᠣᠮᠣ ᠬᠣᠲᠠ ᠪᠣᠯᠤᠨ᠎ᠠ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠭᠤᠳᠤ ᠲᠣᠭᠣᠷᠢᠭ ᠬᠣᠲᠠ ᠨᠢ ᠵᠠᠰᠠᠭ ᠵᠠᠬᠢᠷᠭᠠᠨ ᠤ ᠬᠤᠪᠢ ᠳᠤ ᠬᠣᠰᠢᠭᠤ ᠲᠠᠢ ᠲᠡᠩᠴᠡᠬᠦ ᠲᠦᠪᠰᠢᠨ ᠦ 7 ᠳᠡᠭᠦᠷᠭᠡ᠂ 1 ᠰᠢᠨ᠂ 2 ᠬᠣᠰᠢᠭᠤ᠂ ᠪᠦᠭᠦᠳᠡ 10 ᠨᠢᠭᠡᠴᠡ ᠳᠦ ᠬᠤᠪᠢᠶᠠᠭᠳᠠᠨ᠎ᠠ᠃ ᠪᠠᠶᠠᠨ-ᠣᠪᠣᠭ᠎ᠠ ᠠᠭᠤᠷᠬᠠᠢ ᠶᠢᠨ ᠳᠡᠭᠦᠷᠭᠡ ᠡᠴᠡ ᠪᠤᠰᠤᠳ ᠵᠢᠷᠭᠤᠭᠠᠨ ᠳᠡᠭᠦᠷᠭᠡ ᠬᠣᠲᠠᠵᠢᠭ᠌ᠰᠠᠨ ᠨᠤᠲᠤᠭ ᠪᠥᠭᠡᠳ ᠨᠡᠶᠢᠯᠡᠵᠦ ᠪᠤᠭᠤᠳᠤ ᠬᠣᠲᠠ ᠬᠡᠮᠡᠭᠳᠡᠨ᠎ᠡ᠃ ᠮᠣᠩᠭᠣᠯᠴᠤᠳ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ ᠳᠤ ᠭᠣᠣᠯᠴᠢᠯᠠᠨ ᠰᠠᠭᠤᠷᠢᠰᠢᠳᠠᠭ᠃

ᠨᠡᠷ᠎ᠡ ᠬᠠᠨᠵᠤ ᠬᠦᠮᠦᠨ ᠠᠮᠠ (2004 ᠣᠨ ᠳᠤ) ᠨᠤᠲᠤᠭ ᠳᠡᠪᠢᠰᠬᠡᠷ (km²) ᠨᠢᠭᠲᠠᠷᠠᠯ (ᠬᠦᠮᠦᠨ/km²)
1 ᠬᠥᠨᠳᠡᠯᠡᠨ ᠳᠡᠭᠦᠷᠭᠡ 昆都仑区 440,000 119 ,697
2 ᠳᠣᠩᠬᠡ ᠳᠡᠭᠦᠷᠭᠡ 东河区 380,000 85 4,471
3 ᠴᠢᠩᠰᠠᠨᠢ ᠳᠡᠭᠦᠷᠭᠡ 青山区 310,000 67 4,627
4 ᠰᠢᠭᠤᠸᠠᠢ ᠳᠡᠭᠦᠷᠭᠡ 石拐区 60,000 619 97
5 ᠪᠠᠶᠠᠨ ᠣᠪᠣᠭ᠎ᠠ ᠠᠭᠤᠷᠬᠠᠢ ᠶᠢᠨ ᠳᠡᠭᠦᠷᠭᠡ 白云鄂博矿区 20,000 303 66
6 ᠵᠢᠭᠤᠸᠠᠨ ᠳᠡᠭᠦᠷᠭᠡ 九原区 180,000 1,688 107
7 ᠪᠢᠨᠢᠬᠡ ᠰᠢᠨ᠎ᠡ ᠳᠡᠭᠦᠷᠭᠡ 滨河新区 40,000 88 455
8 ᠭᠦᠢᠩ ᠰᠢᠨ 固阳县 210,000 5,021 42
9 ᠲᠦᠮᠡᠳ ᠪᠠᠷᠠᠭᠤᠨ ᠬᠣᠰᠢᠭᠤ 土默特右旗 350,000 2,368 148
10 ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ 达尔罕茂明安联合旗 110,000 17,410 6

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠭᠤᠳᠤ ᠬᠣᠲᠠ ᠶᠢᠨ ᠪᠠᠶᠢᠭ᠎ᠠ ᠭᠠᠵᠠᠷ ᠲᠤ ᠡᠷᠲᠡᠨ ᠡᠴᠡ ᠨᠠᠰᠢ ᠨᠡᠭᠦᠳᠡᠯᠴᠢᠨ ᠮᠣᠩᠭᠣᠯᠴᠤᠳ ᠰᠠᠭᠤᠷᠢᠰᠢᠭᠰᠠᠭᠠᠷ ᠢᠷᠡᠵᠡᠢ᠃ ᠪᠤᠭᠤᠳᠤ ᠬᠣᠲᠠ ᠮᠠᠨᠵᠤ ᠴᠢᠩ ᠭᠦᠷᠦᠨ ᠦ ᠦᠶ᠎ᠡ ᠳᠦ 1809 ᠣᠨ ᠳᠤ ᠪᠤᠢ ᠪᠣᠯᠤᠭᠰᠠᠨ ᠪᠠᠶᠢᠨ᠎ᠠ᠃ ᠰᠢᠷ᠎ᠠ ᠮᠥᠷᠡᠨ ᠦ ᠬᠥᠨᠳᠡᠢ ᠶᠢᠨ ᠭᠠᠵᠠᠷ ᠲᠠᠷᠢᠶᠠᠯᠠᠩ ᠳᠤ ᠲᠣᠬᠢᠷᠠᠮᠵᠢᠲᠠᠢ ᠲᠤᠰ ᠨᠤᠲᠤᠭ ᠲᠤ ᠡᠶᠢᠨᠬᠦᠦ ᠬᠣᠲᠠ ᠪᠠᠷᠢᠬᠤ ᠪᠠᠷ ᠰᠣᠩᠭᠣᠨ ᠠᠪᠤᠭᠰᠠᠨ ᠠᠵᠢ᠃

ᠪᠡᠭᠡᠵᠢᠩ ᠬᠦᠷᠲᠡᠯ᠎ᠡ ᠲᠡᠮᠦᠷ ᠵᠠᠮ ᠲᠠᠯᠪᠢᠭᠳᠠᠰᠤᠨ ᠠᠴᠠ ᠬᠣᠶᠢᠰᠢ ᠬᠣᠲᠠ ᠶᠢᠨ ᠬᠥᠭᠵᠢᠯ ᠲᠦᠷᠭᠡᠰᠪᠡ᠃ ᠭᠧᠷᠮᠠᠨ-ᠬᠢᠲᠠᠳ ᠤᠨ ᠬᠠᠮᠲᠤᠷᠠᠭᠰᠠᠨ ᠬᠥᠷᠥᠩᠭᠡ ᠣᠷᠣᠭᠤᠯᠤᠯᠲᠠ ᠪᠠᠷ 1934 ᠣᠨ ᠳᠤ ᠪᠤᠭᠠᠲ ᠤᠨ ᠨᠢᠰᠬᠦ ᠣᠩᠭᠣᠴᠠᠨ ᠤ ᠪᠠᠭᠤᠳᠠᠯ ᠠᠰᠢᠭᠯᠠᠯᠲᠠ ᠳᠤ ᠣᠷᠣᠵᠤ᠂ ᠨᠢᠨᠢᠰᠢᠯᠠᠨᠵᠸᠤ ᠮᠤᠵᠢᠭᠤᠳᠠ ᠷᠤ ᠲᠣᠭᠲᠠᠮᠠᠯ ᠨᠢᠰᠦᠯᠭᠡ ᠬᠢᠭᠳᠡᠬᠦ ᠪᠣᠯᠵᠠᠢ᠃

ᠵᠠᠯᠠᠭᠤ ᠣᠦ᠋ᠡᠨ ᠯᠠᠲ᠋ᠠᠲ᠋ᠢᠮᠣᠷ ᠪᠤᠭᠤᠳᠤ ᠬᠣᠳᠠ ᠳᠤ 1925 ᠣᠨ ᠳᠤ ᠣᠴᠢᠵᠤ ᠪᠠᠶᠢᠬᠤ ᠦᠶ᠎ᠡ ᠳᠦ "ᠬᠤᠳᠠᠯᠳᠤᠭᠠᠴᠢᠳ ᠢᠶᠠᠷ ᠳᠦᠭᠦᠷᠦᠭᠰᠡᠨ 2 ᠭᠤᠳᠤᠮᠵᠢ ᠲᠠᠢ᠂ ᠨᠣᠣᠷᠬᠠᠢ ᠫᠧᠩ ᠢᠶᠡᠷ ᠳᠦᠭᠦᠷᠦᠭᠰᠡᠨ ᠬᠣᠲᠠ" ᠪᠠᠶᠢᠭᠰᠠᠨ ᠠᠵᠢ᠃ ᠴᠢᠩᠬᠠᠢᠭᠠᠨᠢᠰᠤ ᠮᠤᠵᠢ ᠨᠤᠭᠤᠳ ᠠᠴᠠ ᠨᠣᠣᠰᠣ ᠠᠴᠢᠭᠰᠠᠨ ᠰᠠᠯ᠂ ᠵᠠᠪᠢᠨ ᠨᠤᠭᠤᠳ ᠰᠢᠷ᠎ᠠ ᠮᠥᠷᠡᠨ ᠢ ᠤᠷᠤᠭᠤᠳᠠᠨ ᠯᠠᠨᠵᠸᠤᠭᠠ ᠠᠴᠠ ᠪᠤᠭᠠᠲᠤ ᠳᠤ ᠢᠷᠡᠵᠦ᠂ ᠡᠨᠳᠡ ᠲᠡᠮᠦᠷ ᠵᠠᠮ ᠳᠤ ᠠᠴᠢᠭᠳᠠᠨ ᠳᠣᠷᠣᠨ᠎ᠠ ᠶᠢ ᠵᠣᠷᠢᠳᠠᠭ ᠪᠠᠶᠢᠪᠠ᠃ ᠬᠠᠷᠢᠨ ᠪᠤᠴᠠᠵᠤ ᠯᠠᠨᠵᠸᠤ ᠣᠷᠣᠬᠤ ᠳᠤ ᠲᠡᠮᠡᠭᠡᠨ ᠵᠢᠩ ᠠᠰᠢᠭᠯᠠᠬᠤ ᠠᠴᠠ ᠥᠭᠡᠷ᠎ᠡ ᠠᠷᠭ᠎ᠠ ᠦᠭᠡᠢ ᠪᠠᠶᠢᠴᠠᠢ᠃ ᠪᠤᠭᠠᠲᠤ ᠠᠴᠠ ᠣᠷᠳᠣᠰᠠᠯᠠᠱᠠ ᠬᠦᠷᠲᠡᠯ᠎ᠡ ᠵᠢᠩ ᠦᠨ ᠵᠠᠮ ᠪᠠᠶᠢᠭᠰᠠᠨ ᠠᠵᠢ᠃[1]

ᠠᠰᠢᠭᠲᠤ ᠮᠠᠯᠲᠠᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠭᠤᠳᠤ ᠬᠣᠲᠠ ᠶᠢᠨ ᠳᠡᠷᠭᠡᠳᠡ 1950 ᠍ ᠳᠦ ᠣᠨ ᠳᠤ ᠵᠥᠪᠯᠡᠯᠲᠦ ᠶᠢᠨ ᠭᠧᠣᠯᠣᠭᠢᠴᠢᠳ ᠠᠰᠤᠷᠤ ᠲᠣᠮᠣ ᠲᠡᠮᠦᠷ ᠦᠨ ᠣᠷᠳᠣ ᠶᠢ ᠢᠯᠡᠷᠡᠭᠦᠯᠦᠨ ᠨᠡᠭᠡᠭᠡᠵᠦ᠂ ᠬᠠᠶᠢᠭᠤᠯ ᠢ ᠨᠢ ᠬᠢᠭᠰᠡᠨ ᠪᠠᠶᠢᠨ᠎ᠠ᠃ ᠲᠡᠷᠡ ᠦᠶᠡᠰ ᠥᠨᠥᠳᠥᠷ ᠢ ᠬᠦᠷᠲᠡᠯ᠎ᠡ ᠪᠠᠣᠲ᠋ᠣᠤ ᠪᠤᠶᠤ ᠪᠠᠶᠠ-ᠣᠪᠣᠭ᠎ᠠ ᠶᠢᠨ ᠲᠡᠮᠦᠷ ᠦᠨ ᠣᠷᠳᠣ ᠶᠢ ᠠᠰᠢᠭᠯᠠᠵᠤ ᠪᠠᠶᠢᠨ᠎ᠠ᠃ ᠪᠠᠶᠠᠨ-ᠣᠪᠣᠭ᠎ᠠ ᠶᠢᠨ ᠲᠡᠮᠦᠷ ᠦᠨ ᠣᠷᠳᠣ ᠶᠢᠨ ᠲᠡᠮᠦᠷ ᠦᠨ ᠬᠦᠳᠡᠷᠲᠦ ᠭᠠᠵᠠᠷ ᠤᠨ ᠬᠣᠪᠣᠷ ᠡᠯᠧᠮᠧᠨᠲ ᠦᠨ ᠪᠤᠶᠤ ᠭᠠᠵᠠᠷ ᠤᠨ ᠬᠣᠪᠣᠷ ᠰᠢᠷᠤᠶᠢᠨ ᠤ ᠡᠯᠧᠮᠧᠨᠲ ᠦᠨ ᠠᠭᠤᠯᠭ᠎ᠠ ᠮᠠᠰᠢ ᠥᠨᠳᠥᠷ ᠪᠠᠶᠢᠳᠠᠭ ᠣᠨᠴᠠᠯᠢᠭ ᠲᠠᠢ᠃ ᠡᠨᠡ ᠡᠭᠦᠳᠡᠨ ᠡᠴᠡ ᠲᠡᠮᠦᠷ ᠦᠨ ᠬᠥᠳᠡᠷ ᠭᠡᠬᠦ ᠡᠴᠡ ᠭᠠᠵᠠᠷ ᠤᠨ ᠬᠣᠪᠣᠷ ᠡᠯᠧᠮᠧᠨᠲ ᠢ ᠨᠢ ᠠᠪᠴᠤ ᠠᠰᠢᠭᠯᠠᠳᠠᠭ᠃ ᠬᠢᠲᠠᠳ ᠨᠢ ᠳᠡᠯᠡᠬᠡᠢ ᠶᠢᠨ ᠭᠠᠵᠠᠷ ᠤᠨ ᠬᠣᠪᠣᠷ ᠡᠯᠧᠮᠧᠨᠲ ᠦᠨ ᠪᠠᠷᠤᠭ 90 ᠬᠤᠪᠢ ᠶᠢ ᠬᠠᠩᠭᠠᠳᠠᠭ ᠪᠥᠭᠡᠳ ᠲᠡᠭᠦᠨ ᠡᠴᠡ ᠪᠡᠨ 90 ᠭᠠᠷᠤᠢ ᠬᠤᠪᠢ ᠶᠢ ᠨᠢ ᠵᠥᠪᠬᠡᠨ ᠪᠠᠶᠠᠨ-ᠣᠪᠣᠭ᠎ᠠ ᠶᠢᠨ ᠣᠷᠳᠣ ᠠᠴᠠ ᠣᠯᠪᠤᠷᠢᠯᠠᠳᠠᠭ ᠪᠠᠶᠢᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2000 ᠣᠨ ᠤ ᠲᠣᠭᠠᠯᠠᠯᠭ᠎ᠠ ᠪᠠᠷ:

ᠤᠭᠰᠠᠭᠠᠲᠠᠨ ᠤ ᠨᠡᠷ᠎ᠡ ᠬᠦᠮᠦᠨ ᠠᠮᠠ ᠡᠵᠡᠯᠡᠬᠦ ᠬᠤᠪᠢ
ᠬᠢᠲᠠᠳ 2,122,737 94.16%
ᠮᠣᠩᠭᠣᠯ 67,209 2.98%
ᠬᠤᠡᠢ 36,234 1.61%
ᠮᠠᠨᠵᠤ 22,826 1.01%
ᠰᠣᠯᠣᠩᠭᠣᠰ 848 0.04%

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠪᠤᠭᠤᠳᠤ ᠬᠣᠲᠠ»

ᠪᠢᠴᠢᠭᠡᠰᠦ