ᠪᠤᠤᠴᠢᠬᠠᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠤᠤᠴᠢᠬᠠᠨ ᠰᠤᠮᠤ
ᠪᠣᠴᠠᠭᠠᠨ ᠰᠤᠮᠤ
ᠰᠤᠮᠤ
ᠡᠵᠡᠨ ᠤᠯᠤᠰ ᠮᠣᠩᠭᠣᠯ ᠮᠣᠩᠭᠣᠯ (ᠮᠣᠩᠭᠣᠯ ᠤᠯᠤᠰ)
ᠡᠵᠡᠨ ᠠᠶᠢᠮᠠᠭ ᠪᠠᠶᠠᠨᠬᠣᠩᠭᠣᠷ
ᠳᠣᠲᠣᠭᠠᠳᠤ ᠪᠠᠭ (‌6) 1. ᠲᠡᠮᠡᠭᠡ ᠳᠦ
2. ᠪᠠᠶᠠᠨ
3. ᠥᠯᠵᠡᠶᠢᠲᠦ
4. ᠪᠠᠶᠠᠨᠪᠦᠷ ᠲᠦ
5. ᠨᠠᠷᠠᠨ
6. ᠪᠤᠶᠠᠨᠲᠤ
ᠭᠠᠵᠠᠷ ᠨᠤᠲᠤᠭ 583977 ᠺᠦᠸᠠᠳ᠋ ᠺᠢᠯᠣᠮᠧᠲ᠋ᠷ
ᠬᠦᠮᠦᠨ ᠠᠮᠠ (2014) 3565 ᠬᠦᠮᠦᠨ
ᠰᠢᠤᠳᠠᠨ ᠳᠤᠭᠠᠷ 64220
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠬᠦᠷ ᠡᠮᠠᠷᠠᠯ᠂ ↑ ᠵᠠᠭ᠂ ↗ ᠪᠥᠮᠪᠥᠭᠡᠷ
ᠳᠡᠯᠭᠡᠷ᠂ ↘ ᠪᠠᠭᠠᠴᠠᠭᠠᠨ
ᠴᠢᠨᠳᠠᠮᠠᠨᠢ᠂ ↓ ᠪᠠᠶᠠᠨᠴᠠᠭᠠᠨ

ᠪᠤᠤᠴᠢᠬᠠᠨ (ᠪᠣᠴᠠᠭᠠᠨ) ᠨᠢ ᠪᠠᠶᠠᠨᠬᠣᠩᠭᠣᠷ ᠠᠶᠢᠮᠠᠭ ᠤᠨ ᠪᠠᠷᠠᠭᠤᠨ ᠵᠠᠬ᠎ᠠ ᠶᠢᠨ ᠰᠤᠮᠤ ᠶᠤᠮ᠃ ᠰᠤᠮᠤ ᠶᠢᠨ ᠲᠥᠪ ᠪᠤᠶᠠᠨ ᠳᠤ ᠨᠢ ᠤᠯᠠᠭᠠᠨᠪᠠᠭᠠᠲᠤᠷ ᠬᠣᠲᠠ ᠠᠴᠠ 810 ᠺᠢᠯᠣᠮᠧᠲ᠋ᠷ᠂ ᠠᠶᠢᠮᠠᠭ ᠤᠨ ᠲᠥᠪ ᠡᠴᠡ 180 ᠺᠢᠯᠣᠮᠧᠲ᠋ᠷ ᠦᠨ ᠵᠠᠶᠢᠲᠠᠢ ᠣᠷᠣᠰᠢᠳᠠᠭ᠃ ᠪᠠᠷᠠᠭᠤᠨ ᠴᠢᠭᠯᠡᠯ ᠦᠨ ᠪᠠᠶᠠᠨ-ᠥᠯᠥᠭᠡᠢᠬᠣᠪᠳᠣᠭᠣᠪᠢ-ᠠᠯᠲᠠᠢ ᠤᠷᠤᠬᠤ ᠠᠦ᠋ᠲ᠋ᠣᠵᠠᠮ ᠰᠤᠮᠤ ᠶᠢᠨ ᠲᠥᠪ ᠢᠶᠡᠷ ᠳᠠᠭᠠᠷᠢᠨ ᠥᠩᠭᠡᠷᠡᠳᠡᠭ᠃ ᠵᠠᠰᠠᠭ ᠵᠠᠬᠢᠷᠭᠠᠨ ᠤ 6 ᠪᠠᠭ᠂ 1010 ᠡᠷᠦᠬᠡ᠂ 3565 ᠬᠦᠮᠦᠨ ᠠᠮᠠ ᠲᠠᠢ᠃2013 ᠣᠨ ᠳᠤ ᠲᠡᠮᠡᠭᠡ-1630, ᠠᠳᠤᠭᠤ-7182, ᠦᠬᠡᠷ-3818, ᠬᠣᠨᠢ-47248, ᠢᠮᠠᠭ᠎ᠠ-148237 ᠨᠡᠶᠢᠲᠡ ᠳᠦ ᠪᠡᠨ 208115 ᠲᠣᠯᠣᠭᠠᠢ ᠮᠠᠯ ᠲᠣᠭᠠᠯᠠᠭᠤᠯᠤᠭᠰᠠᠨ ᠪᠠᠶᠢᠨ᠎ᠠ᠃ 2008 ᠣᠨ ᠳᠤ ᠲᠥᠪ ᠦᠨ ᠡᠷᠴᠢᠮ ᠬᠦᠴᠦᠩᠳᠡ ᠬᠣᠯᠪᠣᠭᠳᠠᠵᠠᠢ᠃ ᠲᠤᠰ ᠰᠤᠮᠤ ᠶᠢᠨ ᠬᠠᠮᠤᠭ ᠤᠨ ᠥᠨᠳᠥᠷ ᠴᠡᠭ ᠪᠣᠭᠳᠠ ᠬᠠᠶᠢᠷᠬᠠᠨ ᠠᠭᠤᠯᠠ ᠳᠠᠯᠠᠢ ᠶᠢᠨ ᠲᠦᠪᠰᠢᠨ ᠡᠴᠡ ᠳᠡᠭᠡᠭᠰᠢ 3012 ᠮ ᠡᠷᠭᠦᠭᠳᠡᠭᠰᠡᠨ᠃ ᠪᠣᠭᠳᠠ ᠬᠠᠶᠢᠷᠬᠠᠨ ᠨᠢ ᠬᠠᠭᠤᠴᠢᠨ ᠬᠣᠰᠢᠭᠤᠨ ᠤ ᠲᠠᠬᠢᠯᠭ᠎ᠠ ᠲᠠᠢ ᠠᠭᠤᠯᠠ ᠪᠠᠶᠢᠭᠰᠠᠨ ᠢ 2006 ᠣᠨ ᠳᠤ ᠶᠡᠬᠡ ᠮᠣᠩᠭᠣᠯ ᠤᠯᠤᠰ ᠪᠠᠶᠢᠭᠤᠯᠤᠭᠳᠠᠰᠤᠨ ᠤ 800 ᠵᠢᠯ ᠦᠨ ᠣᠢ ᠪᠠᠷ ᠲᠠᠬᠢᠯᠭ᠎ᠠ ᠶᠢ ᠨᠢ ᠰᠡᠷᠭᠦᠭᠡᠨ ᠲᠠᠬᠢᠭᠰᠠᠨ ᠲᠡᠦᠬᠡ ᠲᠡᠢ᠃

ᠲᠤᠰ ᠰᠤᠮᠤ ᠠᠴᠠ 3 ᠬᠥᠳᠡᠯᠮᠦᠷᠢ ᠶᠢᠨ ᠪᠠᠭᠠᠲᠤᠷ᠂ 10 ᠭᠠᠪᠢᠶ᠎ᠠ ᠳᠤ᠂ 2 ᠤᠯᠤᠰ ᠤᠨ ᠨᠠᠴᠢᠨ᠂ 1 ᠤᠯᠤᠰ ᠤᠨ ᠠᠯᠳᠠᠷᠲᠤ ᠤᠶᠠᠭᠠᠴᠢ ᠲᠥᠷᠥᠨ ᠭᠠᠷᠤᠭᠰᠠᠨ ᠪᠥᠭᠡᠳ ᠰᠤᠮᠤ ᠥᠪᠡᠷ ᠢᠶᠡᠨ ᠠᠯᠲᠠᠨ ᠭᠠᠳᠠᠰᠤ ᠣᠳᠣᠨ ᠢᠶᠠᠷ ᠱᠠᠩᠨᠠᠭᠳᠠᠵᠤ ᠪᠠᠶᠢᠪᠠ᠃

ᠪᠢᠴᠢᠭᠡᠰᠦ