ᠪᠣᠷᠲᠠᠯ ᠲᠣᠭᠣᠷᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠣᠷᠲᠠᠯ ᠬᠣᠯᠪᠣᠭᠠᠰᠤ ᠶᠢ ᠳᠠᠷᠤᠵᠤ ᠠᠳᠠᠯᠢ ᠨᠡᠷᠡᠲᠦ ᠵᠦᠢᠯᠡᠰ ᠡᠴᠡ ᠢᠯᠭᠠᠨ ᠲᠠᠨᠢᠭᠠᠷᠠᠢ᠃
ᠰᠢᠨᠵᠢᠶᠠᠩ ᠳᠠᠬᠢ ᠪᠣᠷᠲᠠᠯ ᠲᠣᠭᠣᠷᠢᠭ (ᠰᠢᠷ᠎ᠠ)
ᠨᠤᠲᠤᠭ ᠤᠨ ᠬᠤᠪᠢᠶᠠᠷᠢ (ᠬᠦᠰᠦᠨᠦᠭᠲᠦ ᠶᠢᠨ ᠳ᠋ᠤᠭᠠᠷ ᠢᠶᠠᠷ)
ᠡᠪᠢ ᠨᠠᠭᠤᠷ

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠰᠢᠨᠵᠢᠶᠠᠩ  ᠤᠨ ᠤᠶᠢᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ ᠍ ᠤ ᠬᠠᠷᠢᠶᠠᠨ ᠳᠤ ᠮᠣᠩᠭᠣᠯ ᠦᠨᠳᠦᠰᠦᠲᠡᠨ ᠥᠪᠡᠷᠲᠡᠭᠡᠨ ᠵᠠᠰᠠᠬᠤ ᠪᠣᠷᠲᠠᠯ ᠲᠣᠭᠣᠷᠢᠭ (ᠠᠯᠢ ᠡᠰᠡᠪᠡᠯ ᠪᠣᠷᠲᠠᠯ ᠵᠤᠤ; ᠪᠣᠷᠣᠲᠠᠯ᠎ᠠ ᠵᠧᠦ - ᠪᠣᠷᠣᠲ᠋ᠠᠯ ᠪᠠᠨ ᠵᠪᠦ) ᠭᠡᠬᠦ ᠨᠤᠲᠤᠭ ᠪᠤᠢ᠃ ᠬᠢᠲᠠᠳ ᠢᠶᠠᠷ 博尔塔拉蒙古自治州 bóěrtǎlā měnggǔ zìzhìzhōu (ᠤᠶᠢᠭᠤᠷ ᠢᠶᠠᠷ بۆرتالا موڭغۇل ئاپتونوم ئوبلاستى‎ börtala mongghul aptonom oblasti; ᠣᠷᠣᠰ ᠢᠶᠠᠷ ᠪᠣᠷᠣ-ᠲᠠᠯ-ᠮᠣᠩᠭᠣᠯᠢᠰᠺ ᠦ ᠠᠦ᠋ᠲ᠋ᠣᠨᠣᠮᠨᠢ ᠣᠺᠷᠤᠭ; ᠠᠩᠭᠯᠢ ᠪᠠᠷ Bortala Mongol Autonomous Prefecture) ᠬᠡᠮᠡᠬᠦ ᠪᠦᠲᠦᠨ ᠨᠡᠷ᠎ᠡ ᠶᠢ ᠬᠢᠲᠠᠳ ᠤᠨ ᠮᠣᠩᠭᠣᠯ ᠬᠡᠯᠡᠲᠡᠩ ᠪᠣᠷᠲᠠᠯ ᠤᠨ ᠮᠣᠩᠭᠣᠯ ᠦᠨᠳᠦᠰᠦᠲᠡᠨ ᠦ ᠥᠪᠡᠷᠲᠡᠭᠡᠨ ᠵᠠᠰᠠᠬᠤ ᠵᠤᠤ ᠭᠡᠵᠦ ᠳᠠᠭᠤᠳᠠᠳᠠᠭ᠃ 24,934 ᠺᠦᠸᠠᠳ᠋ ᠺᠢᠯᠣᠮᠧᠲ᠋ᠷ ᠪᠣᠷᠲᠠᠯ ᠨᠤᠲᠤᠭ ᠲᠤ 2007 ᠣᠨ ᠳᠤ ᠬᠢᠲᠠᠳ ᠭᠣᠣᠯᠳᠠᠭᠤ 472,918 ᠬᠦᠮᠦᠨ ᠣᠷᠣᠰᠢᠨ ᠰᠠᠭᠤᠵᠤ ᠪᠠᠶᠢᠯ᠎ᠠ᠃ ᠥᠷᠥᠨ᠎ᠡ ᠵᠠᠬ᠎ᠠ ᠪᠠᠷ ᠢᠶᠠᠨ ᠬᠠᠰᠠᠭ ᠤᠯᠤᠰᠲᠠᠢ 385 ᠺᠢᠯᠣᠮᠧᠲ᠋ᠷ ᠵᠤᠷᠪᠤᠰ ᠢᠶᠠᠷ ᠬᠢᠯᠢᠯᠡᠳᠡᠭ ᠪᠣᠯ ᠪᠤᠰᠤᠳ ᠲᠠᠯ᠎ᠠ ᠪᠠᠷ ᠢᠶᠠᠨ ᠤᠯᠤᠰ ᠤᠨ ᠢᠶᠠᠨ ᠲᠠᠷᠪᠠᠭᠠᠲᠠᠢᠢᠯᠢ ᠬᠣᠶᠠᠷ ᠲᠣᠭᠣᠷᠢᠭ ᠲᠠᠢ ᠬᠠᠶᠠᠭ᠎ᠠ ᠵᠠᠯᠭᠠᠳᠠᠭ᠃ ᠡᠪᠰᠠᠶᠢᠷᠠᠮ ᠭᠡᠬᠦ ᠬᠣᠶᠠᠷ ᠰᠠᠶᠢᠬᠠᠨ ᠨᠠᠭᠤᠷ ᠲᠠᠢ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

# ᠨᠡᠷ᠎ᠡ ᠯᠠᠲ᠋ᠢᠨ ᠬᠢᠲᠠᠳ ᠯᠠᠲ᠋ᠢᠨ ᠤᠶᠢᠭᠤᠷ ᠬᠦᠮᠦᠨ ᠠᠮᠠ (2003)
1 ᠪᠣᠷᠲᠠᠯ ᠬᠣᠲᠠ Bólè Shì Börtala Shehiri 250,000
2 ᠵᠢᠩ ᠰᠢᠶᠠᠨ Jīnghé Xiàn Jing Nahiyisi 130,000
3 ᠷᠠᠰᠢᠶᠠᠨ ᠰᠢᠶᠠᠨ Wēnquán Xiàn Arishang Nahiyisi 70,000

ᠠᠷᠠᠳ ᠲᠦᠮᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

2000 ᠣᠨ ᠤ ᠲᠣᠭᠠᠯᠠᠯᠭ᠎ᠠ ᠪᠠᠷᠬ ᠬᠦᠮᠦᠨ ᠠᠮᠠ ᠶᠢᠨ ᠲᠣᠭ᠎ᠠ
ᠠᠷᠠᠳ ᠲᠦᠮᠡᠨ ᠬᠦᠮᠦᠨ ᠦ ᠲᠣᠭ᠎ᠠ ᠡᠵᠡᠯᠡᠬᠦ ᠬᠤᠪᠢ
ᠬᠢᠲᠠᠳ ᠦᠨᠳᠦᠰᠦᠲᠡᠨ 284,915 67.2%
ᠤᠶᠢᠭᠤᠷ ᠦᠨᠳᠦᠰᠦᠲᠡᠨ 53,145 12.5%
ᠬᠠᠰᠠᠭ ᠦᠨᠳᠦᠰᠦᠲᠡᠨ 38,744 9.1%
ᠮᠣᠩᠭᠣᠯ ᠦᠨᠳᠦᠰᠦᠲᠡᠨ 23,927 5.6%
ᠬᠣᠲᠣᠩ ᠦᠨᠳᠦᠰᠦᠲᠡᠨ 19,053 4.5%
ᠪᠤᠰᠤ ᠠᠷᠠᠳ ᠲᠦᠮᠡᠨ 4,256 1.0%
ᠪᠦᠭᠦᠳᠡ 424,040 100.0%

ᠳᠤᠮᠳᠠᠳᠤ ᠤᠯᠤᠰ ᠲᠤ ᠮᠣᠩᠭᠣᠯ ᠤᠭᠰᠠᠭᠠᠲᠠᠨ ᠢ 蒙古族 ( Ménggǔ zú, ᠬᠢᠲᠠᠳ ᠲᠤ ᠮᠣᠩᠭᠣᠯ ᠢᠶᠠᠷ ᠮᠣᠩᠭᠣᠯ ᠦᠨᠳᠦᠰᠦᠲᠡᠨ) ᠭᠡᠵᠦ ᠪᠦᠷᠢᠳᠬᠡᠳᠡᠭ᠃ ᠲᠡᠶᠢᠮᠦ ᠡᠴᠡ ᠡᠨᠳᠡᠬᠢ ᠶᠢᠨ ᠮᠣᠩᠭᠣᠯᠴᠤᠳ ᠢ ᠨᠤᠲᠤᠭ ᠢᠶᠠᠷ ᠨᠢ ᠪᠣᠷᠲᠠᠯ ᠤᠨ ᠮᠣᠩᠭᠣᠯᠴᠤᠳ ᠭᠡᠵᠦ ᠢᠯᠭᠠᠨ ᠲᠠᠨᠢᠨ᠎ᠠ᠃ ᠤᠭ ᠨᠢ ᠣᠶᠢᠷᠠᠳ ᠭᠣᠣᠯᠳᠠᠭᠤ᠂ ᠲᠡᠷᠡ ᠲᠤᠰᠤᠮ ᠢᠶᠠᠨ 1770 ᠍ ᠊ᠭᠠᠳ ᠣᠨ ᠳᠤ ᠢᠵᠢᠯ ᠮᠥᠷᠡᠨ ᠡᠴᠡ ᠢᠷᠡᠭᠰᠡᠨ ᠲᠣᠷᠭᠤᠳ᠂ ᠴᠥᠭᠡᠨ ᠬᠤᠪᠢ ᠨᠢ 1760 ᠍ ᠊ᠭᠠᠳ ᠣᠨ ᠤ ᠦᠶ᠎ᠡ ᠳᠦ ᠬᠠᠷᠠᠭᠤᠯ ᠤᠨ ᠠᠯᠪᠠᠨ ᠳᠤ ᠢᠷᠡᠭᠰᠡᠨ ᠴᠠᠬᠠᠷ ᠦᠳ ᠤᠨ ᠦᠷ᠎ᠡ ᠬᠣᠶᠢᠴᠢᠰ ᠶᠤᠮᠰᠠᠨᠵᠡᠢ᠃

ᠪᠢᠴᠢᠭᠡᠰᠦ