ᠪᠣᠷᠣᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠭᠠᠳᠠᠷ ᠪᠣᠷᠣᠭ᠎ᠠ᠂ ᠠᠦᠢᠰᠲ᠋ᠷᠯᠢᠶ᠎ᠠ

ᠪᠣᠷᠣᠭ᠎ᠠ ᠨᠢ ᠬᠤᠷ᠎ᠠ ᠲᠤᠨᠳᠠᠰᠤᠨ ᠤ ᠨᠢᠭᠡ ᠲᠥᠷᠥᠯ ᠪᠥᠭᠡᠳ ᠠᠭᠠᠷ ᠮᠠᠨᠳᠠᠯ ᠳᠠᠬᠢ ᠤᠰᠤᠨ ᠤ ᠠᠭᠤᠷ ᠺᠣᠨᠳᠧᠨᠰᠠᠴᠠᠯᠠᠭᠳᠠᠨ᠂ ᠭᠠᠵᠠᠷ ᠤᠨ ᠭᠠᠳᠠᠷᠭᠤ ᠷᠤ ᠪᠠᠭᠤᠬᠤ ᠦᠵᠡᠭᠳᠡᠯ  ᠶᠤᠮ᠃ ᠪᠣᠷᠣᠭᠠᠨ ᠤ ᠪᠦᠬᠦ ᠳᠤᠰᠤᠯ ᠤᠳ ᠭᠠᠵᠠᠷ ᠤᠨ ᠭᠠᠳᠠᠷᠭᠤ ᠳᠤ ᠬᠦᠷᠡᠳᠡᠭ ᠦᠭᠡᠢ ᠪᠥᠭᠡᠳ ᠵᠠᠷᠢᠮ ᠨᠢ ᠤᠨᠠᠬᠤ ᠶᠠᠪᠤᠴᠠ ᠳᠤ ᠪᠠᠨ ᠠᠭᠤᠷᠰᠢᠨ ᠤᠰᠤᠨ ᠤ ᠠᠭᠤᠷ ᠪᠣᠯᠤᠨ ᠬᠤᠪᠢᠷᠠᠬᠤ ᠪᠠ ᠬᠠᠯᠠᠭᠤᠨ᠂ ᠬᠠᠭᠤᠷᠠᠢ ᠴᠥᠯ ᠳᠦ ᠪᠣᠷᠣᠭᠠᠨ ᠤ ᠪᠦᠬᠦ ᠳᠤᠰᠤᠯ ᠤᠳ ᠭᠠᠵᠠᠷ ᠲᠤ ᠬᠦᠷᠡᠯ ᠭᠦᠢ ᠠᠭᠤᠷᠰᠢᠬᠤ ᠨᠢ ᠴᠤ ᠪᠤᠢ᠃

ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠷᠣᠭ᠎ᠠ
ᠪᠣᠷᠣᠭᠠᠨ ᠤ ᠳᠤᠰᠤᠯ ᠤᠳ᠂ ᠡᠨᠡᠳᠬᠡᠭᠺᠠᠯᠦᠺᠠᠲ᠋ᠠ ᠬᠣᠲᠠ

ᠪᠣᠷᠣᠭᠠᠨ ᠤ ᠵᠢᠵᠢᠭ ᠳᠤᠰᠤᠯ ᠤᠳ ᠨᠢ ᠪᠥᠮᠪᠥᠯᠢᠭ ᠬᠡᠯᠪᠡᠷᠢ ᠲᠡᠢ ᠪᠠᠶᠢᠬᠤ ᠪᠠ ᠳᠤᠰᠤᠯ ᠤᠨ ᠬᠡᠮᠵᠢᠶ᠎ᠡ ᠲᠣᠮᠣᠷᠠᠬᠤ ᠳᠤ ᠤᠭ ᠳᠤᠰᠤᠯ ᠤᠨ (ᠪᠥᠮᠪᠥᠯᠢᠭ ᠦᠨ) ᠳᠣᠭᠣᠳᠤ ᠲᠠᠯ᠎ᠠ ᠨᠢ ᠬᠠᠪᠲᠠᠭᠠᠢ᠂ ᠳᠡᠭᠡᠳᠦ ᠲᠠᠯ᠎ᠠ ᠨᠢ ᠪᠥᠮᠪᠥᠭᠡᠷ ᠬᠡᠯᠪᠡᠷᠢ ᠲᠡᠢ᠂ ᠪᠦᠷ ᠲᠣᠮᠣ ᠬᠡᠮᠵᠢᠶᠡᠨ ᠦ ᠳᠤᠰᠤᠯ ᠤᠳ ᠰᠢᠬᠦᠷ ᠬᠡᠯᠪᠡᠷᠢᠲᠡᠢ ᠪᠣᠯᠤᠨ᠎ᠠ[1]᠃ ᠪᠣᠷᠣᠭᠠᠨ ᠤ ᠳᠤᠰᠤᠯ ᠤᠨ ᠬᠡᠯᠪᠡᠷᠢ ᠶᠢ ᠹᠢᠯᠢᠫᠫ ᠯᠧᠨᠤᠷᠠᠳ 1898 ᠣᠨ ᠳᠤ ᠰᠤᠳᠤᠯᠵᠤ᠂ 2 ᠮᠮ ᠍ ᠡᠴᠡ ᠪᠠᠭ᠎ᠠ ᠬᠡᠮᠵᠢᠶ᠎ᠡ ᠲᠡᠢ ᠳᠤᠰᠤᠯ ᠤᠳ ᠪᠥᠮᠪᠥᠯᠢᠭ᠂ 5 ᠮᠮ ᠳ᠋ᠢᠶᠠᠮᠧᠲ᠋ᠷ ᠣᠷᠴᠢᠮ ᠨᠢ ᠬᠥᠭᠡᠰᠦᠨ ᠪᠣᠣᠪᠣ ᠬᠡᠯᠪᠡᠷᠢ ᠲᠡᠢ᠂ 5 ᠮᠮ ᠍ ᠡᠴᠡ ᠳᠡᠭᠡᠭᠰᠢ ᠬᠡᠮᠵᠢᠶ᠎ᠡ ᠲᠡᠢ ᠨᠢ ᠲᠣᠭᠲᠠᠪᠤᠷᠢ ᠦᠭᠡᠢ ᠪᠣᠯᠳᠠᠭ ᠢ ᠲᠣᠭᠲᠠᠭᠠᠭᠰᠠᠨ ᠪᠠᠶᠢᠨ᠎ᠠ᠃ ᠪᠣᠷᠣᠭᠠᠨ ᠤ ᠳᠤᠰᠤᠯ ᠤᠳ ᠳᠤᠮᠳᠠᠴᠢ ᠪᠠᠷ 1 - 2 ᠮᠢᠯᠯᠢᠮᠧᠲ᠋ᠷ ᠬᠡᠮᠵᠢᠶ᠎ᠡ ᠲᠡᠢ ᠪᠠᠶᠢᠨ᠎ᠠ᠃ ᠳᠡᠯᠡᠬᠡᠢ ᠳᠡᠭᠡᠷ᠎ᠡ ᠬᠠᠮᠤᠭ ᠤᠨ ᠲᠣᠮᠣ ᠪᠣᠷᠣᠭᠠᠨ ᠤ ᠳᠤᠰᠤᠯ 2004 ᠣᠨ ᠳᠤ ᠪᠷᠠᠽᠢᠯ ᠪᠠ ᠮᠠᠷᠱᠠᠯ ᠤᠨ ᠠᠷᠠᠯ ᠳᠡᠭᠡᠷ᠎ᠡ ᠣᠷᠣᠭᠰᠠᠨ ᠪᠣᠷᠣᠭᠠᠨ ᠤ ᠦᠶ᠎ᠡ ᠳᠦ ᠲᠡᠮᠳᠡᠭᠯᠡᠭᠳᠡᠭᠰᠡᠨ ᠪᠠ ᠳᠤᠰᠤᠯ ᠤᠨ ᠬᠡᠮᠵᠢᠶ᠎ᠡ 10 ᠮᠢᠯᠯᠢᠮᠧᠲ᠋ᠷ ᠡᠴᠡ ᠳᠠᠪᠠᠭᠰᠠᠨ ᠪᠠᠶᠢᠨ᠎ᠠ᠃

ᠪᠣᠷᠣᠭᠠᠨ ᠤ ᠳᠤᠰᠤᠯ ᠤᠳ ᠤᠨ ᠤᠨᠠᠬᠤ ᠬᠤᠷᠳᠤ ᠨᠢ ᠳᠤᠰᠤᠯ ᠤᠨ ᠬᠡᠮᠵᠢᠶᠡᠨ ᠡᠴᠡ ᠬᠠᠮᠢᠶᠠᠷᠬᠤ ᠪᠠ ᠳᠠᠯᠠᠢᠨ ᠲᠦᠪᠰᠢᠨ ᠲᠡᠢ ᠲᠡᠩᠴᠡᠭᠦᠦ ᠥᠨᠳᠦᠷᠲᠦ᠂ ᠰᠠᠯᠬᠢᠭᠦᠢ ᠲᠣᠬᠢᠶᠠᠯᠳᠤᠯ ᠳᠤ 0.5 ᠮᠢᠯᠯᠢᠮᠧᠲ᠋ᠷ ᠳ᠋ᠢᠶᠠᠮᠧᠲ᠋ᠷ ᠲᠡᠢ ᠳᠤᠰᠤᠯ 2 ᠮ/ᠰᠧᠺ ᠬᠤᠷᠳᠤ ᠲᠠᠢ ᠪᠠᠷ᠂ ᠬᠠᠷᠢᠨ 5 ᠮᠮ ᠬᠡᠮᠵᠢᠶ᠎ᠡ ᠲᠡᠢ ᠳᠤᠰᠤᠯ 9 ᠮ/ᠰᠧᠺ ᠬᠤᠷᠳᠤ ᠲᠠᠢ ᠪᠠᠷ ᠤᠨᠠᠨ᠎ᠠ[2]

ᠶᠡᠬᠡᠩᠬᠢ ᠲᠣᠬᠢᠶᠠᠯᠳᠤᠯ ᠳᠤ ᠪᠣᠷᠣᠭᠠᠨ ᠤ ᠤᠰᠤᠨ ᠤ pH ᠨᠢ 6 ᠣᠷᠴᠢᠮ ᠪᠠᠶᠢᠨ᠎ᠠ᠃ ᠡᠨᠡ ᠨᠢ ᠠᠭᠠᠷ ᠳᠠᠬᠢ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ pH ᠍ ᠦᠨ ᠬᠡᠮᠵᠢᠶ᠎ᠡ ᠶᠢ ᠪᠠᠭᠤᠷᠠᠭᠤᠯᠤᠨ᠎ᠠ᠃ pH ᠍ ᠦᠨ ᠬᠡᠮᠵᠢᠶ᠎ᠡ 5.6 ᠍ ᠠᠴᠠ ᠪᠠᠭ᠎ᠠ ᠲᠣᠬᠢᠶᠠᠯᠳᠤᠯ ᠳᠤ ᠬᠦᠴᠢᠯᠯᠢᠭ ᠪᠣᠷᠣᠭ᠎ᠠ ᠭᠡᠵᠦ ᠨᠡᠷᠡᠯᠡᠨ᠎ᠡ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. http://www.ems.psu.edu/~fraser/Bad/BadRain.html
  2. http://www.wonderquest.com/falling-raindrops.htm

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠣᠷᠣᠭ᠎ᠠ&oldid=373098》 ᠍  ᠡᠴᠡ ᠠᠪᠤᠭᠰᠠᠨ

ᠪᠢᠴᠢᠭᠡᠰᠦ