ᠪᠣᠯᠪᠠᠰᠤᠷᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠳᠠᠮᠠᠯ
ᠮᠣᠩᠭᠣᠯ ᠦᠰᠦᠭ ᠢᠶᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠤᠷᠢᠶᠠᠳ ᠺᠢᠷᠢᠯ ᠢᠶᠡᠷ ᠪᠣᠯᠪᠤᠰᠤᠷᠠᠯ
ᠮᠣᠩᠭᠣᠯ ᠺᠢᠷᠢᠯ ᠢᠶᠡᠷ ᠪᠣᠯᠪᠠᠰᠤᠷᠠᠯ

ᠪᠣᠯᠪᠠᠰᠤᠷᠠᠯ - ᠡᠷᠳᠡᠮ᠂ ᠤᠷ᠎ᠠ ᠴᠢᠳᠠᠪᠤᠷᠢ ᠡᠵᠡᠮᠰᠢᠭᠰᠡᠨ ᠪᠠᠶᠢᠬᠤ ᠤᠳᠬ᠎ᠠ᠃

ᠪᠣᠯᠪᠠᠰᠤᠷᠠᠯ ᠢ ᠴᠤᠬᠤᠮ ᠶᠠᠮᠠᠷ ᠲᠦᠪᠰᠢᠨ ᠳᠦ ᠠᠰᠠᠭᠤᠳᠠᠯ ᠢ ᠠᠪᠴᠤ ᠦᠵᠡᠵᠦ ᠪᠠᠶᠢᠭ᠎ᠠ ᠠᠴᠠ ᠬᠠᠮᠢᠶᠠᠷᠴᠢ ᠥᠭᠡᠷ᠎ᠡ ᠥᠭᠡᠷ᠎ᠡ ᠪᠡᠷ ᠲᠣᠳᠣᠷᠬᠠᠶᠢᠯᠠᠬᠤ ᠪᠣᠯᠤᠮᠵᠢ ᠲᠠᠢ᠃ ᠬᠡᠷᠪᠡ ᠬᠤᠪᠢ ᠬᠦᠮᠦᠨ ᠦ ᠲᠦᠪᠰᠢᠨ ᠳᠦ ᠪᠤᠶᠤ ᠢᠪᠴᠤᠤ ᠤᠳᠬ᠎ᠠ ᠪᠠᠷ ᠠᠪᠴᠤ ᠦᠵᠡᠪᠡᠯ ᠪᠣᠯᠪᠠᠰᠤᠷᠠᠯ ᠨᠢ 《ᠬᠦᠮᠦᠨ ᠦ ᠥᠪᠡᠷ ᠢ ᠪᠡᠨ ᠪᠣᠯᠪᠠᠰᠤᠷᠠᠭᠤᠯᠵᠤ ᠬᠥᠭᠵᠢᠭᠦᠯᠬᠦ ᠶᠢᠨ ᠲᠤᠯᠠᠳᠠ ᠤᠬᠠᠮᠰᠠᠷ ᠲᠠᠢ ᠪᠠᠷ ᠬᠢᠵᠦ ᠪᠠᠶᠢᠭ᠎ᠠ ᠲᠠᠨᠢᠨ ᠮᠡᠳᠡᠬᠦ ᠦᠢᠯᠡ ᠠᠵᠢᠯᠯᠠᠭ᠎ᠠ᠂ ᠲᠡᠭᠦᠨ ᠦ ᠦᠷ᠎ᠡ ᠳ᠋ᠦᠩ》 ᠭᠡᠵᠦ ᠲᠣᠳᠣᠷᠬᠠᠶᠢᠯᠠᠵᠤ ᠪᠣᠯᠤᠨ᠎ᠠ᠃ ᠬᠠᠷᠢᠨ ᠨᠡᠶᠢᠭᠡᠮ ᠤᠨ ᠲᠦᠪᠰᠢᠨ ᠳᠦ ᠪᠤᠶᠤ ᠥᠷᠭᠡᠨ ᠤᠳᠬ᠎ᠠ ᠪᠠᠷ ᠨᠢ ᠠᠪᠴᠤ ᠦᠵᠡᠵᠦ ᠪᠠᠶᠢᠭ᠎ᠠ ᠲᠣᠬᠢᠶᠠᠯᠳᠤᠯ ᠳᠤ ᠪᠣᠯᠪᠠᠰᠤᠷᠠᠯ ᠢ 《ᠢᠷᠭᠡᠳ ᠦᠨ ᠰᠤᠷᠴᠤ ᠪᠣᠯᠪᠠᠰᠤᠷᠠᠬᠤ᠂ ᠬᠥᠭᠵᠢᠬᠦ ᠡᠷᠬᠡ ᠪᠡᠨ ᠡᠳ᠋ᠯᠡᠬᠦ ᠳᠦ ᠨᠢ ᠲᠥᠷᠥ᠂ ᠨᠡᠶᠢᠭᠡᠮ ᠤᠨ ᠵᠦᠭ ᠡᠴᠡ ᠳᠡᠮᠵᠢᠯᠭᠡ ᠦᠵᠡᠭᠦᠯᠵᠦ ᠪᠠᠶᠢᠭ᠎ᠠ ᠦᠢᠯᠡᠴᠢᠯᠡᠭᠡ᠂ ᠲᠡᠭᠦᠨ ᠦ ᠦᠷ᠎ᠡ ᠳ᠋ᠦᠩ》 ᠭᠡᠵᠦ ᠲᠣᠳᠣᠷᠬᠠᠶᠢᠯᠠᠵᠤ ᠪᠣᠯᠤᠨ᠎ᠠ᠃

ᠪᠣᠯᠪᠠᠰᠤᠷᠠᠯ ᠣᠯᠭᠣᠬᠤ ᠣᠷᠴᠢᠨ ᠪᠦᠷᠢᠳᠦᠭᠦᠯᠬᠦ ᠨᠢ ᠰᠤᠷᠭᠠᠨ ᠬᠦᠮᠦᠵᠢᠭᠦᠯᠦᠭᠴᠢ ᠶᠢᠨ ᠭᠣᠣᠯ ᠠᠵᠢᠯ ᠶᠤᠮ᠃ ᠣᠯᠠᠨ ᠲᠥᠷᠥᠯ ᠦᠨ ᠪᠣᠯᠪᠠᠰᠤᠷᠠᠯ ᠪᠠᠶᠢᠳᠠᠭ:

ᠪᠣᠯᠪᠠᠰᠤᠷᠠᠯ ᠤᠨ ᠲᠣᠳᠣᠷᠬᠠᠶᠢᠯᠠᠯᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠨᠡᠶᠢᠭᠡᠮ ᠤᠨ ᠭᠡᠰᠢᠭᠦᠨ ᠦ ᠬᠤᠪᠢ ᠳᠤ ᠬᠦᠮᠦᠨ ᠦ ᠡᠵᠡᠮᠰᠢᠭᠰᠡᠨ ᠮᠡᠳᠡᠯᠭᠡ᠂ ᠰᠢᠲᠦᠯᠭᠡ᠂ ᠤᠷᠠᠯᠢᠭ᠂ ᠶᠣᠰᠣ ᠰᠤᠷᠲᠠᠬᠤᠨ᠂ ᠳᠠᠳᠤᠯ ᠵᠤᠷᠰᠢᠯ ᠤᠨ ᠨᠢᠭᠡᠳᠦᠯ ᠢ ᠰᠤᠶᠤᠯ ᠭᠡᠬᠦ ᠪᠥᠭᠡᠳ ᠲᠡᠭᠦᠨ ᠢ ᠨᠡᠶᠢᠭᠡᠮ ᠤᠨ ᠱᠠᠭᠠᠷᠳᠠᠯᠭ᠎ᠠ ᠳᠤ ᠨᠡᠶᠢᠴᠡᠭᠦᠯᠦᠨ ᠨᠢᠭᠡ ᠦᠶᠡᠰ ᠨᠥᠭᠥᠭᠡ ᠦᠶ᠎ᠡ ᠳᠦ ᠳᠠᠮᠵᠢᠭᠤᠯᠬᠤ ᠬᠡᠷᠡᠭᠰᠡᠯ ᠢ ᠪᠣᠯᠪᠠᠰᠤᠷᠠᠯ ᠭᠡᠵᠦ ᠣᠶᠢᠯᠠᠭᠠᠨ᠎ᠠ᠃
  • ᠪᠣᠯᠪᠠᠰᠤᠷᠠᠯ ᠭᠡᠳᠡᠭ ᠦᠨ ᠳᠣᠣᠷ᠎ᠠ ᠲᠡᠦᠬᠡ ᠪᠡᠷ ᠪᠤᠢ ᠪᠣᠯᠤᠭᠰᠠᠨ᠂ ᠨᠡᠶᠢᠭᠡᠮ ᠤᠨ ᠤᠬᠠᠮᠰᠠᠷ ᠲᠤ ᠵᠣᠬᠢᠬᠤ ᠬᠡᠮᠵᠢᠶ᠎ᠡ ᠪᠡᠷ ᠰᠠᠭᠤᠭᠰᠠᠨ᠂ ᠶᠠᠮᠠᠷ ᠨᠢᠭᠡᠨ ᠲᠡᠭᠦᠰ ᠳᠦᠷᠢ ᠳᠦ ᠵᠣᠷᠢᠭᠤᠳᠠ ᠴᠢᠭᠯᠡᠭᠦᠯᠦᠨ ᠪᠡᠶ᠎ᠡ ᠬᠦᠮᠦᠨ ᠦ ᠣᠶᠤᠨ ᠰᠠᠨᠠᠭ᠎ᠠ᠂ ᠪᠡᠶ᠎ᠡ ᠪᠢᠯᠳᠠᠷ᠂ ᠨᠡᠶᠢᠭᠡᠮ ᠤᠨ ᠰᠢᠨᠵᠢ ᠶᠢ ᠲᠥᠯᠦᠪᠰᠢᠭᠦᠯᠬᠦ ᠪᠦᠬᠦ ᠯᠠ ᠦᠢᠯᠡ ᠶᠠᠪᠤᠴᠠ ᠶᠢ ᠣᠶᠢᠯᠠᠭᠠᠨ᠎ᠠ᠃
  • ᠠᠭᠤᠯᠭ᠎ᠠ ᠨᠢ ᠡᠴᠦᠰ ᠦᠨ ᠡᠴᠦᠰ ᠲᠦ ᠲᠤᠬᠠᠢ ᠶᠢᠨ ᠨᠡᠶᠢᠭᠡᠮ ᠤᠨ ᠨᠡᠶᠢᠭᠡᠮ ᠡᠳ᠋ ᠍ ᠦᠨ ᠵᠠᠰᠠᠭ᠂ ᠤᠯᠤᠰ ᠲᠥᠷᠥ ᠶᠢᠨ ᠪᠠᠶᠢᠭᠤᠯᠤᠮᠵᠢ᠂ ᠲᠡᠭᠦᠨ ᠦ ᠮᠠᠲ᠋ᠧᠷᠢᠶᠠᠯ ᠲᠧᠭᠨᠢᠭ ᠦᠨ ᠲᠦᠪᠰᠢᠨ ᠢᠶᠡᠷ ᠲᠣᠳᠣᠷᠬᠠᠶᠢᠯᠠᠭᠳᠠᠬᠤ ᠰᠢᠨᠵᠢᠯᠡᠬᠦ ᠤᠬᠠᠭᠠᠨ ᠤ ᠮᠡᠳᠡᠯᠭᠡ ᠴᠢᠳᠠᠪᠤᠷᠢ᠂ ᠳᠠᠳᠤᠯ᠂ ᠵᠠᠩ ᠰᠤᠷᠲᠠᠬᠤᠨ ᠤ ᠦᠨᠡᠲᠦ ᠵᠦᠢᠯ᠂ ᠪᠡᠶ᠎ᠡ ᠪᠡᠨ ᠠᠪᠴᠤ ᠶᠠᠪᠤᠬᠤ ᠬᠡᠮ ᠬᠡᠮᠵᠢᠶ᠎ᠡ ᠶᠢ ᠨᠡᠶᠢᠭᠡᠮ ᠤᠨ ᠭᠡᠰᠢᠭᠦᠳ ᠲᠦ ᠡᠵᠡᠮᠰᠢᠭᠦᠯᠬᠦ ᠡᠭᠦᠷᠭᠡ ᠪᠦᠬᠦᠢ ᠰᠤᠷᠭᠠᠯᠲᠠ᠂ ᠬᠦᠮᠦᠵᠢᠯ ᠦᠨ ᠪᠡᠶ᠎ᠡ ᠳᠠᠭᠠᠭᠰᠠᠨ ᠲᠣᠭᠲᠠᠯᠴᠠᠭ᠎ᠠ ᠶᠢ ᠪᠣᠯᠪᠠᠰᠤᠷᠠᠯ ᠭᠡᠵᠦ ᠣᠶᠢᠯᠠᠭᠠᠨ᠎ᠠ᠃

ᠪᠣᠯᠪᠠᠰᠤᠷᠠᠯ ᠢ ᠬᠦᠨᠳᠦ 《ᠣᠯᠭᠤᠵᠤ》, 《ᠡᠵᠡᠮᠰᠢᠭᠦᠯᠵᠦ》 ᠪᠣᠯᠳᠠᠭ ᠡᠳ᠋ ᠵᠦᠢᠯ ᠮᠡᠲᠦ ᠣᠶᠢᠯᠠᠭᠠᠵᠤ ᠶᠠᠷᠢᠬᠤ ᠨᠢ ᠲᠤᠩ ᠭᠡᠨᠡᠨ ᠵᠦᠢᠯ᠃ ᠪᠣᠯᠪᠠᠰᠤᠷᠠᠬᠤ᠂ ᠰᠤᠷᠬᠤ ᠨᠢ ᠦᠨᠡᠨ ᠳᠦ ᠪᠡᠨ ᠬᠤᠪᠢ ᠬᠦᠮᠦᠨ ᠥᠪᠡᠷ ᠢᠶᠡᠨ ᠥᠪᠡᠷ ᠢ ᠪᠡᠨ ᠪᠣᠯᠪᠠᠰᠤᠷᠠᠭᠤᠯᠵᠤ ᠬᠥᠭᠵᠢᠭᠦᠯᠬᠦ ᠶᠢᠨ ᠲᠤᠯᠠᠳᠠ ᠬᠢᠴᠢᠶᠡᠵᠦ᠂ ᠣᠶᠤᠨ ᠰᠢᠯᠭᠠᠵᠤ ᠤᠬᠠᠭᠠᠨ ᠢᠶᠠᠨ ᠳᠠᠶᠢᠴᠢᠯᠠᠵᠤ ᠠᠵᠢᠯᠯᠠᠭᠰᠠᠨ ᠤ ᠦᠷ᠎ᠡ ᠳ᠋ᠦᠩ ᠪᠣᠯᠬᠤ ᠠᠴᠠ ᠢᠳᠡᠪᠬᠢ ᠦᠭᠡᠢ ᠰᠣᠨᠣᠰᠴᠤ᠂ ᠬᠠᠷᠠᠭᠰᠠᠨ ᠢᠶᠠᠷ ᠪᠦᠲᠦᠳᠡᠭ ᠦᠢᠯᠡ ᠪᠢᠰᠢ᠃ ᠬᠡᠳᠦᠢ ᠪᠡᠷ ᠬᠡᠨ ᠨᠢᠭᠡᠨ ᠳᠦ 《ᠪᠣᠯᠪᠠᠰᠤᠷᠠᠯ ᠣᠯᠭᠤᠯ᠎ᠠ》 ᠭᠡᠳ ᠭᠡᠷᠡᠴᠢᠯᠡᠭᠡ᠂ ᠳ᠋ᠢᠫᠯᠣᠮ ᠣᠯᠭᠤᠭᠰᠠᠨ ᠴᠤ ᠲᠡᠷᠡ ᠬᠦᠮᠦᠨ ᠥᠪᠡᠷ ᠢᠶᠡᠨ ᠯᠠ ᠬᠢᠴᠢᠶᠡᠵᠦ ᠰᠤᠷᠤᠯᠴᠠᠭ᠎ᠠ ᠦᠭᠡᠢ ᠪᠣᠯ ᠪᠣᠯᠪᠠᠰᠤᠷᠠᠭ᠎ᠠ ᠦᠭᠡᠢ ᠬᠡᠪ ᠢᠶᠡᠷ ᠢᠶᠡᠨ ᠦᠯᠡᠳᠡᠨ᠎ᠡ᠃ ᠡᠶᠢᠮᠦ ᠡᠴᠡ ᠢᠩᠭᠢᠵᠦ ᠬᠡᠯᠡᠵᠦ᠂ ᠶᠠᠷᠢᠵᠤ᠂ ᠣᠶᠢᠯᠠᠭᠠᠯᠴᠠᠬᠤ ᠨᠢ ᠪᠣᠯᠪᠠᠰᠤᠷᠠᠬᠤ ᠦᠢᠯᠡ ᠶᠢᠨ ᠡᠵᠡᠨ ᠦ ᠡᠭᠦᠷᠭᠡ ᠶᠢ ᠦᠭᠡᠶᠢᠰᠬᠡᠵᠦ ᠪᠣᠯᠪᠠᠰᠤᠷᠠᠯ ᠡᠵᠡᠮᠰᠢᠬᠦ ᠳᠦ ᠨᠢ ᠲᠤᠰᠠᠯᠠᠵᠤ᠂ ᠳᠡᠮᠵᠢᠬᠦ ᠬᠦᠮᠦᠨ ᠦ ᠬᠢ ᠨᠢ ᠬᠠᠨᠳᠤᠯᠭ᠎ᠠ ᠶᠢ ᠪᠤᠷᠤᠭᠤ ᠲᠡᠰᠢ ᠨᠢ ᠡᠷᠭᠢᠭᠦᠯᠵᠦ᠂ ᠱᠠᠪᠢᠳᠠᠭ᠎ᠠ ᠥᠪᠡᠷ ᠦᠨ ᠬᠦᠰᠡᠭᠰᠡᠨ ᠢᠶᠡᠷ ᠬᠠᠨᠳᠤᠵᠤ ᠠᠵᠢᠯᠯᠠᠵᠤ ᠪᠣᠯᠬᠤ ᠮᠡᠲᠦ ᠣᠶᠢᠯᠠᠭᠠᠯᠲᠠ᠂ ᠢᠲᠡᠭᠡᠯ ᠲᠥᠷᠦᠭᠦᠯᠳᠡᠭ ᠪᠣᠯᠬᠤ ᠨᠢ ᠥᠨᠥᠳᠥᠷ ᠦᠨ ᠪᠠᠭᠰᠢ᠂ ᠰᠤᠷᠭᠠᠨ ᠬᠦᠮᠦᠵᠢᠭᠦᠯᠦᠭᠴᠢᠳ᠂ ᠪᠣᠯᠪᠠᠰᠤᠷᠠᠯ ᠤᠨ ᠤᠳᠤᠷᠢᠳᠬᠤ ᠠᠵᠢᠯᠲᠠᠨ ᠨᠤᠭᠤᠳ ᠪᠣᠯᠤᠨ ᠲᠥᠷᠥ ᠶᠢᠨ ᠤᠳᠤᠷᠢᠳᠤᠯᠭ᠎ᠠ ᠨᠤᠭᠤᠳ ᠤᠨ ᠶᠠᠷᠢᠶᠠᠨ ᠠᠴᠠ ᠬᠠᠷᠠᠭᠳᠠᠵᠤ ᠪᠠᠶᠢᠳᠠᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ