ᠪᠣᠭᠳᠠ ᠰᠤᠮᠤ (ᠥᠪᠦᠷᠬᠠᠩᠭᠠᠢ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa uvurkhangay aymag.png ᠥᠪᠦᠷᠬᠠᠩᠭᠠᠢ ᠠᠶᠢᠮᠠᠭ ᠤᠨ
ᠪᠣᠭᠳᠠ ᠰᠤᠮᠤ
ᠤᠯᠠᠪᠢᠷ ᠰᠢᠷ᠎ᠠ ᠨᠢ ᠠᠷᠪᠠᠶᠢᠬᠦ ᠪᠡᠷ᠂ ᠶᠠᠭᠠᠨ ᠨᠢ ᠪᠣᠭᠳᠠ
10,155 ᠺᠦᠸᠠᠳ᠋ ᠺᠢᠯᠣᠮᠧᠲ᠋ᠷ (1/19) ᠭᠠᠵᠠᠷ ᠨᠤᠲᠤᠭ ᠲᠤ
2011 ᠣᠨ ᠳᠤ 1,407 ᠡᠷᠦᠬᠡ ᠶᠢᠨ (6/19)
5,346 ᠬᠦᠮᠦᠨ (6/19) ᠣᠷᠣᠰᠢᠨ ᠰᠠᠭᠤᠵᠤ ᠪᠠᠶᠢᠪᠠ᠃[1]
ᠳᠣᠲᠣᠷ᠎ᠠ ᠪᠠᠨ ᠥᠯᠵᠡᠶᠢᠲᠦ ᠬᠣᠰᠢᠭᠤ᠂ ᠬᠥᠪᠦᠷᠡ᠂ ᠪᠠᠶᠠᠨ ᠲᠥᠬᠥᠮ᠂ ᠭᠦᠨ-ᠤᠰᠤ᠂ ᠳᠠᠯᠠᠨ᠂ ᠢᠯᠠᠭ᠎ᠠ ᠲᠠᠢ᠂ ᠬᠣᠪᠳᠣ ᠭᠡᠬᠦ ᠳᠣᠯᠣᠭᠠᠨ ᠪᠠᠭ ᠲᠠᠢ.
2011 ᠣᠨ ᠤ ᠲᠥᠰᠥᠪ ᠲᠦ 80.4 ᠰᠠᠶ᠎ᠠ ₮ (7/19) ᠣᠷᠣᠭᠤᠯᠵᠤ᠂
ᠮᠥᠨ ᠣᠨᠳᠣᠣ 1,319 ᠰᠠᠶ᠋ᠢ ₮ (6/19) ᠵᠠᠷᠤᠵᠠᠢ᠃[1]
2011 ᠣᠨ ᠤ 218,475 ᠲᠣᠯᠣᠭᠠᠢ ᠮᠠᠯ (1/19) ᠨᠢ
ᠨᠢᠭᠡ ᠬᠦᠨᠳᠦ ᠨᠣᠭᠳᠠᠪᠠᠯ 40.9 (_/19) ᠪᠣᠯᠤᠨ᠎ᠠ᠃[1]
1924 ᠣᠨ ᠳᠤ ᠡᠭᠦᠰᠦᠨ ᠪᠠᠶᠢᠭᠤᠯᠤᠭᠳᠠᠭᠰᠠᠨ
ᠡᠷᠭᠢᠨ ᠲᠣᠭᠣᠷᠢᠨ ᠳᠤ ᠪᠠᠨ ᠥᠪᠦᠷᠬᠠᠩᠭᠠᠢ ᠶᠢᠨ ᠪᠠᠷᠠᠭᠤᠨᠪᠠᠶᠠᠨ-ᠤᠯᠠᠭᠠᠨᠭᠤᠴᠢᠨ-ᠤᠰᠤᠲᠥᠭᠥᠷᠢᠭ᠂ ᠡᠮᠦᠨᠡᠭᠣᠪᠢ ᠶᠢᠨ ᠪᠤᠯᠠᠭᠠᠨᠰᠡᠪᠡᠷᠡᠢ᠂ ᠪᠠᠶᠠᠨᠬᠣᠩᠭᠣᠷ ᠤᠨ ᠪᠠᠶᠠᠨᠯᠢᠭᠪᠣᠭᠳᠠ ᠭᠡᠰᠡᠨ ᠳᠣᠯᠣᠭᠠᠨ ᠰᠤᠮᠤ ᠲᠠᠢ ᠬᠠᠶᠠᠭ᠎ᠠ ᠵᠠᠯᠭᠠᠳᠠᠭ᠃
ᠪᠣᠭᠳᠠ ᠰᠤᠮᠤ ᠬᠣᠯᠪᠣᠭᠠᠰᠤ ᠶᠢ ᠳᠠᠷᠤᠵᠤ ᠠᠳᠠᠯᠢ ᠨᠡᠷᠡᠲᠦ ᠵᠦᠢᠯᠡᠰ ᠡᠴᠡ ᠢᠯᠭᠠᠨ ᠲᠠᠨᠢᠭᠠᠷᠠᠢ᠃

ᠮᠣᠩᠭᠣᠯ ᠤᠯᠤᠰ ᠍ ᠤᠨ ᠥᠪᠦᠷᠬᠠᠩᠭᠠᠢ ᠠᠶᠢᠮᠠᠭ ᠤᠨ ᠬᠠᠷᠢᠶᠠᠨ ᠤ ᠠᠷᠪᠠᠨ ᠶᠢᠰᠦᠨ ᠰᠤᠮᠤ ᠍ ᠤᠨ ᠨᠢᠭᠡ ᠶᠢ ᠪᠣᠭᠳᠠ ᠰᠤᠮᠤ ᠭᠡᠨ᠎ᠡ᠃ ᠥᠪᠦᠷᠬᠠᠩᠭᠠᠢ ᠠᠶᠢᠮᠠᠭ ᠤᠨ ᠪᠣᠭᠳᠠ ᠰᠤᠮᠤ ᠨᠢ 1924 ᠣᠨ ᠳᠤ ᠪᠠᠶᠢᠭᠤᠯᠤᠭᠳᠠᠭᠰᠠᠨ᠃ ᠬᠠᠭᠤᠴᠢᠨ ᠢᠶᠠᠷ ᠰᠠᠶᠢᠨᠨᠣᠶᠠᠨ ᠬᠠᠨ ᠠᠶᠢᠮᠠᠭ ᠤᠨ ᠬᠠᠨᠬᠥᠭᠰᠢᠨ ᠬᠣᠰᠢᠭᠤ᠂ ᠥᠯᠵᠡᠶᠢᠲᠦ ᠬᠣᠰᠢᠭᠤ᠂ ᠬᠥᠪᠦᠷᠡ᠂ ᠪᠠᠶᠠᠨᠳᠥᠬᠥᠮ᠂ ᠭᠦᠨ ᠤᠰᠤ᠂ ᠳᠠᠯᠠᠨ᠂ ᠢᠯᠠᠭ᠎ᠠ ᠲᠠᠢ᠂ ᠬᠣᠪᠳᠣ ᠭᠡᠰᠡᠨ 7 ᠪᠠᠭ ᠤᠨ ᠨᠡᠶᠢᠲᠡ 1385 ᠡᠷᠦᠬᠡ ᠶᠢᠨ 5266 ᠬᠦᠮᠦᠨ ᠠᠮᠢᠳᠤᠷᠠᠳᠠᠭ᠃

ᠬᠦᠮᠦᠨ ᠠᠮᠠ ᠶᠢᠨ ᠲᠣᠭ᠎ᠠ ᠪᠠᠷ ᠠᠶᠢᠮᠠᠭ ᠤᠨ ᠬᠡᠮᠵᠢᠶᠡᠨ ᠳᠦ 3 ᠳ᠋ᠤᠭᠠᠷ ᠲᠤ᠂ ᠭᠠᠵᠠᠷ ᠨᠤᠲᠤᠭ ᠤᠨ ᠬᠡᠮᠵᠢᠶ᠎ᠡ ᠪᠡᠷ ᠢᠶᠡᠨ 1 ᠍ ᠳᠦ ᠣᠷᠣᠳᠠᠭ /ᠠᠶᠢᠮᠠᠭ ᠤᠨ ᠲᠥᠪ ᠢ ᠣᠷᠤᠯᠴᠠᠭᠤᠯᠬᠤ ᠦᠭᠡᠢ ᠪᠡᠷ ᠬᠠᠮᠤᠭ ᠤᠨ ᠠᠯᠤᠰᠯᠠᠭᠳᠠᠭᠰᠠᠨ ᠰᠤᠮᠤ ᠶᠤᠮ᠃

ᠭᠠᠵᠠᠷ ᠵᠦᠢ ᠶᠢᠨ ᠪᠠᠶᠢᠷᠢᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠤᠨ ᠨᠡᠶᠢᠰᠯᠡᠯ ᠡᠴᠡ ᠪᠠᠷᠠᠭᠤᠨ ᠤᠷᠤᠭᠰᠢ 646 ᠺᠢᠯᠣᠮᠧᠲ᠋ᠷ᠂ ᠠᠶᠢᠮᠠᠭ ᠤᠨ ᠲᠥᠪ ᠠᠷᠪᠠᠶᠢᠬᠦ ᠪᠡᠷ ᠬᠣᠲᠠ ᠠᠴᠠ ᠤᠷᠤᠭᠰᠢ 197 ᠺᠢᠯᠣᠮᠧᠲ᠋ᠷ (ᠬᠠᠮᠤᠭ ᠤᠨ ᠠᠯᠤᠰ ᠰᠤᠮᠤ ᠨᠢ) ᠵᠠᠢ ᠳᠤ ᠣᠷᠣᠰᠢᠳᠠᠭ᠃[1]

ᠲᠤᠰ ᠰᠤᠮᠤ ᠨᠢ ᠡᠮᠦᠨᠡᠭᠣᠪᠢ ᠠᠶᠢᠮᠠᠭ ᠤᠨ ᠪᠤᠯᠠᠭᠠᠨ ᠰᠤᠮᠤ (ᠡᠮᠦᠨᠡᠭᠣᠪᠢ), ᠮᠠᠨᠳᠤᠯ ᠣᠪᠣᠭ᠎ᠠ᠂ ᠰᠡᠪᠡᠷᠡᠢ᠂ ᠪᠠᠶᠠᠨᠬᠣᠩᠭᠣᠷ ᠠᠶᠢᠮᠠᠭ ᠤᠨ ᠪᠠᠶᠠᠨᠯᠢᠭ᠂ ᠪᠣᠭᠳᠠ᠂ ᠥᠪᠡᠷ ᠦᠨ ᠠᠶᠢᠮᠠᠭ ᠤᠨ ᠪᠠᠷᠠᠭᠤᠨᠪᠠᠶᠠᠨ-ᠤᠯᠠᠭᠠᠨᠲᠥᠭᠥᠷᠢᠭᠭᠤᠴᠢᠨ-ᠤᠰᠤ ᠰᠤᠮᠤᠳ ᠲᠠᠢ ᠬᠢᠯᠢᠯᠡᠳᠡᠭ᠃

ᠰᠤᠮᠤ ᠶᠢᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠨᠢ ᠭᠣᠪᠢ ᠬᠡᠭᠡᠷ᠎ᠡ ᠶᠢᠨ ᠪᠥᠰᠡ ᠳᠦ ᠬᠠᠮᠤᠷᠤᠭᠳᠠᠳᠠᠭ᠃ ᠬᠠᠮᠤᠭ ᠤᠨ ᠠᠯᠤᠰᠯᠠᠭᠳᠠᠭᠰᠠᠨ᠂ ᠬᠦᠮᠦᠨ ᠠᠮᠠ ᠣᠯᠠᠨ ᠲᠠᠢ᠂ ᠳᠡᠳ᠋ ᠪᠦᠲᠦᠴᠡ ᠮᠠᠭᠤ ᠬᠥᠭᠵᠢᠭᠰᠡᠨ ᠲᠣᠮᠣᠬᠠᠨ ᠦᠢᠯᠡᠳᠪᠦᠷᠢ ᠦᠢᠯᠡᠴᠢᠯᠡᠭᠡᠨ ᠦ ᠭᠠᠵᠠᠷ ᠪᠠᠶᠢᠬᠤ ᠦᠭᠡᠢ ᠣᠷᠣᠨ ᠨᠤᠲᠤᠭ ᠠᠴᠠ ᠤᠷᠤᠬᠤ ᠣᠷᠣᠯᠭ᠎ᠠ ᠶᠢᠨ ᠡᠬᠢ ᠡᠭᠦᠰᠪᠦᠷᠢ ᠪᠠᠶᠢᠬᠤ ᠦᠭᠡᠢ ᠵᠡᠷᠭᠡ ᠰᠢᠯᠲᠠᠭᠠᠨ ᠤ ᠤᠯᠠᠮ ᠠᠴᠠ ᠬᠣᠶᠢᠰᠢᠳᠠ ᠪᠣᠳᠣᠯᠭ᠎ᠠ ᠪᠠᠷ ᠬᠥᠭᠵᠢᠭᠦᠯᠬᠦ ᠵᠠᠶᠢᠯᠠᠰᠢ ᠦᠭᠡᠢ ᠱᠠᠭᠠᠷᠳᠠᠯᠭ᠎ᠠ ᠲᠠᠢ᠃ ᠳᠠᠪᠠᠭᠤ ᠲᠠᠯ᠎ᠠ ᠨᠢ ᠢᠷᠭᠡᠳ ᠦᠨ ᠠᠮᠢᠵᠢᠷᠭᠠᠨ ᠤ ᠡᠬᠢ ᠡᠭᠦᠰᠪᠦᠷᠢ ᠪᠣᠯᠤᠭᠰᠠᠨ ᠮᠠᠯ ᠰᠦᠷᠦᠭ ᠦᠨ ᠲᠣᠭ᠎ᠠ ᠲᠣᠯᠣᠭᠠᠢ ᠵᠢᠯ ᠲᠤᠲᠤᠮ ᠥᠰᠴᠢ᠂ ᠲᠡᠭᠦᠨ ᠦ ᠳᠣᠲᠣᠷ᠎ᠠ ᠲᠡᠮᠡᠭᠡ ᠪᠣᠯᠤᠨ ᠢᠮᠠᠭᠠᠨ ᠰᠦᠷᠦᠭ ᠦᠨ ᠨᠡᠶᠢᠲᠡ ᠮᠠᠯᠦᠲ᠋ᠠ ᠡᠵᠡᠯᠡᠬᠦ ᠬᠤᠪᠢ ᠤᠨ ᠵᠢᠩ ᠨᠡᠮᠡᠭᠳᠡᠵᠦ ᠲᠡᠭᠦᠨ ᠡᠴᠡ ᠠᠰᠢᠭᠯᠠᠬᠤ ᠠᠰᠢᠭ ᠰᠢᠮ᠎ᠡ ᠦᠷ᠎ᠡ ᠥᠭᠭᠦᠭᠡᠴᠢ ᠶᠢ ᠮᠠᠯᠴᠢᠳ ᠪᠣᠳᠠᠲᠠᠢ ᠪᠠᠷ ᠬᠦᠷᠲᠡᠭᠰᠡᠨ ᠢᠶᠡᠷ ᠰᠡᠭᠦᠯ ᠦᠨ ᠵᠢᠯ ᠤᠨᠳ ᠲᠤ ᠢᠷᠭᠡᠳ ᠦᠨ ᠠᠮᠢᠵᠢᠷᠭᠠᠨ ᠤ ᠲᠦᠪᠰᠢᠨ ᠬᠠᠷᠢᠴᠠᠩᠭᠤᠢ ᠳᠡᠭᠡᠭᠰᠢᠯᠡᠵᠦ ᠪᠠᠶᠢᠭ᠎ᠠ ᠠᠴᠠ ᠭᠠᠳᠠᠨ᠎ᠠ ᠮᠠᠯᠴᠢᠳ ᠢᠷᠭᠡᠳ ᠦᠨ ᠬᠤᠳᠠᠯᠳᠤᠨ ᠠᠪᠬᠤ ᠴᠢᠳᠠᠪᠤᠷᠢ ᠰᠠᠶᠢᠵᠢᠷᠠᠵᠤ ᠪᠠᠶᠢᠭ᠎ᠠ ᠰᠠᠶᠢᠨ ᠲᠠᠯ᠎ᠠ ᠪᠠᠶᠢᠨ᠎ᠠ᠃ ᠰᠤᠮᠤ ᠶᠢᠨ ᠨᠤᠲᠤᠭ ᠳᠡᠪᠢᠰᠬᠡᠷ ᠲᠦ ᠪᠤᠢ ᠪᠠᠶᠢᠭᠠᠯᠢ ᠶᠢᠨ ᠦᠵᠡᠰᠬᠦᠯᠡᠩᠲᠦ ᠭᠠᠵᠠᠷ᠂ ᠮᠣᠩᠭᠣᠯ ᠠᠬᠤᠢ᠂ ᠤᠯᠠᠮᠵᠢᠯᠠᠯ ᠢ ᠰᠤᠷᠲᠠᠯᠴᠢᠯᠠᠬᠤ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ ᠣᠷᠣᠨ ᠨᠤᠲᠤᠭ ᠤᠨ ᠠᠶᠠᠯᠠᠯ ᠵᠢᠭᠤᠯᠴᠢᠯᠠᠯ ᠢ ᠬᠥᠭᠵᠢᠭᠦᠯᠬᠦ ᠪᠣᠳᠣᠯᠭ᠎ᠠ ᠪᠠᠷᠢᠨ ᠠᠵᠢᠯᠯᠠᠵᠤ ᠰᠡᠭᠦᠯ ᠦᠨ ᠵᠢᠯ ᠤᠨᠳ ᠲᠤ ᠦᠷ᠎ᠡ ᠳ᠋ᠦᠩ ᠪᠡᠨ ᠥᠭᠴᠦ ᠪᠠᠶᠢᠨ᠎ᠠ᠃

ᠪᠠᠶᠢᠭᠠᠯᠢ᠂ ᠭᠠᠵᠠᠷ ᠵᠦᠢ ᠶᠢᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ ᠶᠢᠨ ᠣᠨᠴᠠᠯᠢᠭ᠃

ᠳᠠᠯᠠᠢ ᠶᠢᠨ ᠲᠦᠪᠰᠢᠨ ᠡᠴᠡ ᠳᠡᠭᠡᠭᠰᠢ 2376-3025 ᠮ ᠡᠷᠭᠦᠭᠳᠡᠭᠰᠡᠨ ᠮᠣᠩᠭᠣᠯ ᠠᠯᠲᠠᠢ ᠶᠢᠨ ᠨᠢᠷᠤᠭᠤᠨ ᠤ ᠦᠷᠭᠦᠯᠵᠢᠯᠡᠯ ᠳᠦ ᠪᠠᠭᠲᠠᠳᠠᠭ᠃

ᠭᠠᠵᠠᠷ ᠬᠥᠳᠡᠯᠦᠯ ᠦᠨ ᠡᠷᠴᠢᠮ 6-8 ᠪᠠᠯᠯ᠃

ᠰᠤᠮᠤ ᠶᠢᠨ ᠨᠤᠲᠤᠭ ᠳᠡᠪᠢᠰᠬᠡᠷ ᠨᠢ ᠠᠷᠴᠠ᠂ ᠪᠣᠭᠳᠠ ᠶᠢᠨ ᠠᠭᠤᠯᠠᠷᠬᠠᠭ ᠨᠢᠷᠤᠭᠤᠳ᠂ ᠭᠦᠪᠡᠭᠡ ᠲᠣᠯᠣᠭᠠᠳ᠂ ᠬᠡᠭᠡᠷ᠎ᠡ ᠲᠠᠯ᠎ᠠ᠂ ᠡᠯᠡᠰᠦᠨ ᠮᠠᠩᠬᠠᠨ ᠬᠣᠣᠰᠯᠠᠭᠰᠠᠨ ᠮᠠᠯ ᠠᠵᠤ ᠠᠬᠤᠢ ᠪᠣᠯᠤᠨ ᠭᠠᠵᠠᠷ ᠲᠠᠷᠢᠶᠠᠯᠠᠩ ᠡᠷᠬᠢᠯᠡᠬᠦ ᠳᠦ ᠲᠣᠬᠢᠷᠠᠮᠵᠢᠲᠠᠢ᠃

ᠰᠠᠶ᠋ᠢᠬᠠᠨ ᠤ ᠲᠠᠪᠤᠨ ᠵᠢᠯ ᠦᠨ ᠵᠠᠷᠢᠮ ᠲᠣᠭᠠᠨ ᠦᠵᠡᠭᠦᠯᠦᠯᠲᠡ[2]
ᠦᠵᠡᠭᠦᠯᠦᠯᠲᠡ 2007 2008 2009 2010 2011
ᠪᠠᠶᠢᠩᠭᠤ ᠶᠢᠨ ᠬᠦᠮᠦᠨ ᠠᠮᠠ ᠶᠢᠨ ᠲᠣᠭ᠎ᠠ 5,193 5,342 5,413 5,363 5,346
ᠡᠷᠦᠬᠡ ᠶᠢᠨ ᠲᠣᠭ᠎ᠠ 1,327 1,355 1,407 1,407 1,407
ᠮᠠᠯᠴᠢᠨ ᠡᠷᠦᠬᠡ ᠶᠢᠨ ᠲᠣᠭ᠎ᠠ 1,119 1,058 1,088 1,047 1,031
- ᠴᠠᠬᠢᠯᠭᠠᠨ ᠲᠠᠢ 766 934 943 824 835
ᠮᠠᠯ ᠤᠨ ᠲᠣᠭ᠎ᠠ 218,072 245,319 281,995 178,658 218,475
- ᠲᠡᠮᠡᠭᠡ 3,804 4,080 4,618 5,070 5,473
- ᠠᠳᠤᠭᠤ 6,286 7,083 7,881 6,234 7,197
- ᠦᠬᠡᠷ 1,720 1,883 2,155 1,785 1,986
- ᠬᠣᠨᠢ 49,669 53,672 61,921 40,521 47,002
- ᠢᠮᠠᠭ᠎ᠠ 156,593 178,601 205,420 125,048 156,817

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 1.3 ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠡᠮᠬᠢᠳᠬᠡᠯ - 2011. ᠠᠷᠪᠠᠶᠢᠬᠦ ᠪᠡᠷ ᠬᠣᠲᠠ 2012-01-12.
  2. ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠰᠤᠮᠤᠳ ᠤᠨ ᠡᠳ᠋ ᠍ ᠦᠨ ᠵᠠᠰᠠᠭ᠂ ᠨᠡᠶᠢᠭᠡᠮ ᠤᠨ ᠦᠵᠡᠭᠦᠯᠦᠯᠲᠡ ᠨᠦᠭᠦᠳ /ᠰᠡᠭᠦᠯ ᠦᠨ 5 ᠵᠢᠯ ᠳᠤ/. ᠠᠷᠪᠠᠶᠢᠬᠦ ᠪᠡᠷ 2012 ᠣᠨ


ᠪᠢᠴᠢᠭᠡᠰᠦ