ᠪᠣᠭᠳᠠ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠣᠭᠳᠠ ᠬᠠᠭᠠᠨ

1911 ᠣᠨ ᠤ 12 ᠰᠠᠷ᠎ᠠ ᠶᠢᠨ 29 ᠮᠣᠩᠭᠣᠯ ᠮᠠᠨᠵᠤ ᠭᠦᠷᠦᠨ ᠡᠴᠡ ᠰᠠᠯᠵᠤ ᠲᠤᠰᠠᠭᠠᠷ ᠲᠣᠭᠲᠠᠨᠢᠯ ᠢᠶᠠᠨ ᠵᠠᠷᠯᠠᠭᠰᠠᠨ ᠤ ᠳᠠᠷᠠᠭ᠎ᠠ ᠪᠣᠭᠳᠠ ᠵᠢᠪᠽᠤᠨᠳᠠᠮᠪᠠ ᠠᠭᠸᠠᠩᠯᠤᠪᠰᠠᠩᠴᠣᠶᠢᠵᠣᠨᠢᠮᠳᠠᠨᠽᠠᠩᠸᠠᠩᠴᠦᠭ (1869–1924) ᠍ ᠢ ᠮᠣᠩᠭᠣᠯ ᠤᠨ ᠡᠵᠡᠨ ᠬᠠᠭᠠᠨ ᠢᠶᠠᠷ ᠡᠷᠭᠦᠮᠵᠢᠯᠡᠵᠡᠢ᠃ 8 ᠍ ᠳᠦᠭᠡᠷ ᠵᠢᠪᠽᠤᠨᠳᠠᠮᠪᠠ ᠬᠤᠲᠤᠭᠲᠤ ᠨᠢ ᠲᠥᠪᠡᠳ ᠦᠨ ᠪᠤᠳ᠋ᠳ᠋ᠾᠠᠶᠢᠰᠮ ᠳᠤ 3 ᠍ ᠳᠦᠭᠡᠷ ᠴᠢᠬᠤᠯᠠ ᠬᠦᠮᠦᠨ ᠦ ᠲᠣᠭᠠᠨ ᠳᠤ ᠣᠷᠣᠳᠠᠭ ᠪᠠᠶᠢᠴᠠᠢ᠃ ᠳᠡᠭᠡᠷ᠎ᠡ ᠨᠢ ᠵᠥᠪᠬᠡᠨ ᠳᠠᠯᠠᠢ ᠯᠠᠮᠠ ᠪᠣᠯᠤᠨ ᠪᠣᠳᠢᠰᠠᠳᠸ᠎ᠠ ᠣᠷᠣᠰᠢᠨ᠎ᠠ᠃ ᠲᠡᠷᠡ ᠪᠡᠷ ᠮᠣᠩᠭᠣᠯ ᠤᠨ ᠪᠤᠳ᠋ᠳ᠋ᠾᠠ ᠶᠢᠨ ᠱᠠᠰᠢᠨ ᠤ ᠲᠡᠷᠢᠭᠦᠨ ᠪᠠᠶᠢᠴᠠᠢ᠃ ᠲᠡᠭᠦᠨ ᠦ ᠡᠬᠡᠨᠡᠷ ᠰᠢᠷᠠᠪ ᠤᠨ ᠳᠣᠩᠳᠣᠭᠣᠳᠤᠯᠮ᠎ᠠ ᠨᠢ ᠡᠬᠡ ᠳᠠᠭᠢᠨ ᠤ ᠬᠣᠶᠢᠳᠤ ᠳᠦᠷᠦ ᠭᠡᠵᠦ ᠦᠵᠡᠭᠳᠡᠳᠡᠭ ᠪᠠᠶᠢᠴᠠᠢ᠃

ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠯᠠᠭᠤ ᠪᠣᠭᠳᠠ ᠬᠠᠭᠠᠨ

1919 ᠣᠨ ᠳᠤ ᠬᠢᠲᠠᠳ ᠤᠨ ᠴᠡᠷᠢᠭ ᠮᠣᠩᠭᠣᠯ ᠳᠤ ᠣᠷᠣᠵᠤ ᠢᠷᠡᠭᠰᠡᠨ ᠦ ᠳᠠᠷᠠᠭ᠎ᠠ ᠪᠣᠭᠳᠠ ᠬᠠᠭᠠᠨ ᠨᠢ ᠭᠡᠷ ᠦᠨ ᠬᠣᠷᠢᠭᠠᠨ ᠳᠤ ᠣᠷᠣᠭᠰᠠᠨ ᠪᠣᠯᠪᠠᠴᠤ ᠤᠳᠠᠯ ᠦᠭᠡᠢ 1921 ᠪᠠᠷᠠᠨ ᠤᠩᠭᠧᠷᠨ ᠹᠣᠨ ᠱᠲ᠋ᠧᠷᠨᠪᠧᠺᠭᠡᠶᠢᠨ ᠬᠦᠴᠦᠨ ᠦ ᠠᠴᠢ ᠪᠠᠷ ᠰᠤᠯᠠᠯᠠᠭᠳᠠᠨ᠂ ᠡᠮᠦᠨᠡᠬᠢ ᠪᠠᠶᠢᠷᠢ ᠰᠠᠭᠤᠷᠢᠨ ᠳᠤ ᠪᠠᠨ ᠵᠠᠯᠠᠷᠠᠵᠠᠢ᠃ ᠬᠤᠪᠢᠰᠬᠠᠯ ᠤᠨ ᠳᠠᠷᠠᠭ᠎ᠠ ᠲᠡᠷᠡ ᠪᠡᠷ ᠬᠠᠭᠠᠨ ᠰᠢᠷᠡᠭᠡᠨ ᠳᠦ ᠪᠡᠨ ᠦᠯᠡᠳᠡᠭᠰᠡᠨ ᠬᠡᠳᠦᠢ ᠴᠤ 1924 ᠣᠨ ᠳᠤ ᠲᠠᠭᠠᠯᠠᠯ ᠲᠡᠭᠦᠰᠴᠡᠢ᠃ ᠲᠡᠭᠦᠨ ᠦ ᠦᠬᠦᠯ ᠦᠨ ᠳᠠᠷᠠᠭ᠎ᠠ ᠡᠪ ᠬᠠᠮᠳᠣ ᠵᠠᠰᠠᠭ ᠨᠢ ᠪᠣᠭᠳᠠ ᠬᠠᠭᠠᠨ ᠤ ᠬᠣᠶᠢᠳᠤ ᠳᠦᠷᠦ ᠠᠬᠢᠵᠤ ᠣᠯᠳᠠᠭ᠎ᠠ ᠦᠭᠡᠢ ᠭᠡᠵᠦ ᠵᠠᠷᠯᠠᠭᠰᠠᠨ (ᠪᠦᠭᠦᠳᠡ ᠨᠠᠶᠢᠷᠠᠮᠳᠠᠬᠤ ᠵᠠᠰᠠᠭ). ᠭᠡᠪᠡᠴᠦ ᠲᠡᠳᠦ ᠤᠳᠠᠯ ᠦᠭᠡᠢ ᠵᠢᠪᠽᠤᠨᠳᠠᠮᠪᠠ ᠬᠤᠲᠤᠭᠲᠤ ᠶᠢᠨ ᠬᠣᠶᠢᠳᠤ ᠳᠦᠷᠢ ᠨᠢ ᠮᠣᠩᠭᠣᠯ ᠤᠨ ᠬᠣᠶᠢᠳᠤ ᠬᠡᠰᠡᠭ ᠲᠦ ᠣᠯᠳᠠᠭᠰᠠᠨ ᠪᠣᠯᠪᠠᠴᠤ ᠴᠢᠨᠠᠭᠰᠢ ᠮᠡᠳᠡᠭᠡ ᠰᠣᠨᠣᠰᠤᠭᠳᠠᠭ᠎ᠠ ᠦᠭᠡᠢ᠃ ᠡᠨᠡ ᠨᠢ ᠳᠠᠯᠠᠢ ᠯᠠᠮᠠ ᠵᠠᠯᠪᠠᠷᠢᠯ ᠤᠨ ᠢᠶᠠᠨ ᠶᠠᠪᠤᠴᠠ ᠳᠤ ᠵᠢᠪᠽᠤᠨᠳᠠᠮᠪᠠ ᠬᠤᠲᠤᠭᠲᠤ ᠶᠢᠨ 9 ᠳ᠋ᠡᠬᠢ ᠲᠥᠷᠥᠯ ᠨᠢ ᡀᠠᠰᠠ ᠳᠤ ᠲᠦᠷᠦᠭᠰᠡᠨ ᠭᠡᠵᠦ ᠦᠵᠡᠭᠰᠡᠨ ᠲᠡᠢ ᠬᠣᠯᠪᠣᠭ᠎ᠠ ᠲᠠᠢ᠃ 13 ᠍ ᠳᠦᠭᠡᠷ ᠳᠠᠯᠠᠢ ᠯᠠᠮ᠎ᠠ ᠨᠢ 1933 ᠣᠨ ᠳᠤ ᠲᠠᠭᠠᠯᠠᠯ ᠲᠡᠭᠦᠰᠴᠡᠢ᠃ 14 ᠍ ᠳᠦᠭᠡᠷ ᠳᠠᠯᠠᠢ ᠯᠠᠮ᠎ᠠ ᠨᠢ 9 ᠳ᠋ᠡᠬᠢ ᠵᠢᠪᠽᠤᠨᠳᠠᠮᠪᠠ ᠬᠤᠲᠤᠭᠲᠤ ᠶᠢ ᠤᠯᠠᠭᠠᠨᠪᠠᠭᠠᠲᠤᠷ ᠲᠤ ᠵᠠᠯᠠᠵᠤ᠂ ᠰᠢᠷᠡᠭᠡᠨ ᠳᠦ ᠨᠢ ᠰᠠᠭᠤᠯᠭᠠᠵᠠᠢ᠃ ᠪᠣᠭᠳᠠ ᠬᠠᠭᠠᠨᠲᠠᠨ ᠤ ᠵᠠᠷᠯᠢᠭ ᠵᠢᠭᠠᠪᠤᠷᠢ ᠪᠠᠷ ᠣᠯᠠᠨ ᠶᠠᠩᠵᠤ ᠶᠢᠨ ᠨᠣᠮ ᠭᠦᠷᠢᠮ ᠤᠩᠰᠢᠵᠤ᠂ ᠰᠣᠷ ᠵᠠᠯᠠᠵᠤ ᠪᠠᠶᠢᠭᠰᠠᠨ ᠤ ᠳᠣᠲᠣᠷ᠎ᠠ 1920 ᠣᠨ ᠤ 9 ᠰᠠᠷ᠎ᠠ ᠶᠢᠨ 3 ᠍ ᠨ ᠠᠴᠠ ᠡᠬᠢᠯᠡᠨ ᠱᠠᠰᠢᠨ ᠲᠥᠷᠥ ᠶᠢᠨ ᠲᠤᠬᠠᠢ ᠡᠷᠳᠡᠮ ᠢᠲᠡᠭᠡᠮᠵᠢᠲᠦ ᠰᠦᠮ᠎ᠡ ᠶᠢᠨ ᠭᠠᠵᠠᠷ 《ᠵᠢᠳᠬ᠎ᠠ ᠪᠥᠨᠳᠦᠭᠡ》 ᠬᠡᠮᠡᠬᠦ ᠣᠯᠠᠨ ᠰᠣᠷ ᠵᠠᠯᠠᠬᠤ ᠶᠡᠬᠡ ᠭᠦᠷᠢᠮ ᠢ ᠣᠯᠠᠨ ᠯᠠᠮᠠ ᠨᠠᠷ ᠢᠶᠠᠷ 7 ᠬᠣᠨᠣᠭ ᠪᠦᠲᠦᠭᠡᠨ ᠤᠩᠰᠢᠭᠤᠯᠵᠤ᠂ ᠰᠣᠷ ᠤᠳ ᠢ ᠵᠠᠯᠠᠵᠤ᠂ ᠬᠠᠭᠤᠴᠢᠨ ᠦᠬᠡᠷ ᠪᠤᠤ ᠶᠢ ᠴᠠᠭᠠᠰᠤᠨ ᠰᠤᠮᠤ ᠪᠠᠷ ᠴᠡᠨᠡᠭᠯᠡᠨ ᠫᠤᠤᠳᠠᠵᠤ᠂ ᠭᠠᠯ ᠤᠨ ᠨᠠᠭᠠᠳᠤᠮ ᠭᠠᠷᠭᠠᠨ ᠫᠤᠤᠵᠢᠩ ᠤᠳ ᠢ ᠬᠠᠷᠪᠤᠭᠰᠠᠨ ᠨᠢ ᠶᠡᠬᠡᠬᠡᠨ ᠳᠠᠭᠤᠤ ᠴᠢᠮᠡᠭᠡ ᠭᠠᠷᠭᠠᠵᠤ ᠬᠦᠷᠢᠶᠡᠨ ᠦ ᠬᠢᠲᠠᠳ ᠴᠡᠷᠢᠭ ᠦᠳ ᠮᠣᠩᠭᠣᠯ ᠤᠨ ᠬᠤᠪᠢᠰᠬᠠᠯ ᠳᠡᠭᠳᠡᠵᠦ᠂ ᠴᠡᠷᠢᠭ ᠬᠥᠳᠡᠯᠪᠡ ᠦᠦ ᠬᠡᠮᠡᠨ ᠠᠶᠤᠨ ᠰᠠᠨᠳᠤᠷᠴᠢ᠂ ᠰᠥᠨᠢ ᠶᠢᠨ ᠴᠠᠭ ᠲᠤ ᠵᠦᠭ ᠵᠦᠭ ᠶᠠᠪᠠᠭᠠᠨ᠂ ᠮᠣᠷᠢ ᠲᠠᠢ ᠰᠠᠷᠨᠢᠨ ᠦᠢᠮᠡᠯᠳᠦᠬᠦ ᠳᠦ ᠬᠦᠷᠭᠡᠵᠦ ᠪᠠᠶᠢᠭᠰᠠᠨ ᠨᠢ ᠲᠡᠮᠳᠡᠭᠯᠡᠭᠳᠡᠨ ᠦᠯᠡᠳᠡᠵᠡᠢ᠃ ᠡᠶᠢᠨᠬᠦᠦ ᠮᠣᠩᠭᠣᠯ ᠤᠨ ᠨᠣᠶᠠᠳ᠂ ᠯᠠᠮᠠ ᠨᠠᠷ ᠤᠨ ᠬᠠᠮᠲᠤ ᠮᠣᠩᠭᠣᠯ ᠤᠨ ᠠᠦ᠋ᠲ᠋ᠣᠨᠣᠮᠢᠲᠤ ᠡᠷᠬᠡ ᠶᠢ ᠬᠠᠳᠠᠭᠠᠯᠠᠨ ᠬᠠᠮᠠᠭᠠᠯᠠᠬᠤ᠂ ᠰᠡᠷᠭᠦᠭᠡᠬᠦ ᠳᠦ ᠴᠢᠭᠯᠡᠭᠳᠡᠭᠰᠡᠨ ᠥᠷᠭᠡᠨ ᠴᠠᠷ᠎ᠠ ᠬᠦᠷᠢᠶ᠎ᠡ ᠲᠡᠢ ᠲᠡᠮᠡᠴᠡᠯ ᠢ ᠶᠠᠪᠤᠭᠤᠯᠵᠤ᠂ ᠲᠡᠭᠦᠨ ᠳᠦ ᠪᠣᠭᠳᠠ ᠬᠠᠭᠠᠨ ᠤᠳᠤᠷᠢᠳᠤᠨ ᠴᠢᠭᠯᠡᠭᠦᠯᠵᠦ᠂ ᠵᠣᠬᠢᠶᠠᠨ ᠪᠠᠶᠢᠭᠤᠯᠬᠤ ᠡᠭᠦᠷᠭᠡ ᠲᠡᠢ ᠣᠷᠣᠯᠴᠠᠵᠤ ᠪᠠᠶᠢᠴᠠᠢ᠃ 1919, 1920 ᠣᠨ ᠤ ᠦᠶ᠎ᠡ ᠶᠢᠨ ᠮᠣᠩᠭᠣᠯ ᠤᠨ ᠤᠯᠤᠰ ᠲᠥᠷᠥ ᠶᠢᠨ ᠬᠣᠶᠠᠷ ᠳ᠋ᠡᠬᠢ ᠪᠦᠯᠦᠭᠯᠡᠯ ᠪᠣᠯᠬᠤ ᠠᠷᠠᠳ ᠤᠨ ᠨᠠᠮ ᠪᠤᠶᠤ ᠺᠣᠨᠰᠤᠶᠢᠯ ᠤᠨ ᠪᠦᠯᠦᠭ ᠦᠨ ᠬᠢᠨ ᠪᠣᠭᠳᠠ ᠬᠠᠭᠠᠨ ᠲᠠᠢ ᠰᠢᠭᠤᠳ ᠬᠠᠷᠢᠯᠴᠠᠵᠤ ᠪᠠᠶᠢᠭᠰᠠᠨ ᠦᠭᠡᠢ᠂ ᠭᠠᠭᠴᠠᠬᠦ ᠲᠦᠰᠢᠮᠡᠳ ᠦᠨ ᠨᠠᠮ ᠲᠠᠢ ᠨᠢᠭᠡᠳᠦᠭᠰᠡᠨ ᠡᠴᠡ ᠬᠣᠶᠢᠰᠢ ᠬᠠᠮᠲᠤ ᠶᠢᠨ ᠦᠢᠯᠡ ᠠᠵᠢᠯᠯᠠᠭᠠᠨ ᠤ ᠬᠦᠷᠢᠶᠡᠨ ᠳᠦ ᠪᠣᠭᠳᠠ ᠬᠠᠭᠠᠨ ᠲᠠᠢ ᠬᠠᠷᠢᠯᠴᠠᠵᠤ ᠪᠠᠶᠢᠴᠠᠢ᠃ ᠲᠦᠰᠢᠮᠡᠳ ᠦᠨ ᠨᠠᠮ ᠪᠤᠶᠤ ᠬᠦᠷᠢᠶᠡᠨ ᠦ ᠪᠦᠯᠦᠭ ᠦᠨ ᠬᠢᠨ ᠤᠭ ᠪᠦᠯᠬᠦᠮ ᠡᠭᠦᠰᠦᠨ ᠲᠡᠷᠯᠡᠵᠦ ᠡᠬᠢᠯᠡᠬᠦ ᠦᠶᠡᠰ ᠢᠶᠡᠨ ᠪᠣᠭᠳᠠ ᠬᠠᠭᠠᠨ ᠲᠠᠢ ᠬᠠᠷᠢᠯᠴᠠᠵᠤ᠂ ᠦᠢᠯᠡ ᠠᠵᠢᠯᠯᠠᠭ᠎ᠠ ᠶᠢ ᠪᠠᠨ ᠵᠣᠬᠢᠴᠠᠭᠤᠯᠵᠤ ᠪᠠᠶᠢᠴᠠᠢ᠃ ᠲᠤᠰ ᠪᠦᠯᠬᠦᠮ ᠪᠣᠯᠤᠨ МАН ᠍ ᠠᠴᠠ ᠪᠣᠭᠳᠠ ᠬᠠᠭᠠᠨ ᠲᠠᠢ ᠬᠠᠷᠢᠯᠴᠠᠬᠤ ᠬᠠᠷᠢᠯᠴᠠᠭ᠎ᠠ ᠨᠢ ᠬᠠᠭᠠᠨᠲᠤ ᠣᠷᠣᠰ ᠤᠯᠤᠰ ᠤᠨ ᠺᠣᠨᠰᠤᠶᠢᠯ ᠤᠷᠤᠯᠠᠪᠠ᠂ ᠵᠥᠪᠯᠡᠯᠲᠦ ᠣᠷᠣᠰ ᠤᠯᠤᠰ ᠲᠠᠢ ᠬᠠᠷᠢᠯᠴᠠᠬᠤ ᠳᠤ ᠲᠤᠰᠠᠯᠠᠮᠵᠢ ᠶᠢᠨ ᠪᠢᠴᠢᠭ ᠲᠦ ᠪᠣᠭᠳᠠ ᠬᠠᠭᠠᠨᠲᠠᠨ ᠤ ᠰᠣᠶᠣᠷᠬᠠᠯ ᠢ ᠣᠯᠵᠤ᠂ ᠲᠠᠮᠠᠭ᠎ᠠ ᠳᠠᠷᠤᠭᠤᠯᠤᠨ ᠪᠠᠲᠤᠯᠠᠭᠠᠵᠢᠭᠤᠯᠬᠤ ᠬᠦᠷᠢᠶᠡᠨ ᠳᠦ ᠶᠡᠬᠡᠪᠴᠢᠯᠡᠨ ᠶᠠᠪᠤᠭᠳᠠᠵᠤ ᠪᠠᠶᠢᠪᠠ᠃

ᠪᠣᠭᠳᠠ ᠬᠠᠭᠠᠨ ᠤ ᠡᠬᠡᠨᠡᠷ ᠰᠢᠷᠠᠪ ᠤᠨ ᠳᠣᠩᠳᠣᠭᠣᠳᠤᠯᠮ᠎ᠠ

ᠪᠣᠭᠳᠠ ᠬᠡᠮᠡᠬᠦ ᠨᠡᠷ᠎ᠡ ᠶᠢᠨ ᠤᠴᠢᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠭᠳᠠ ᠭᠡᠳᠡᠭ ᠦᠭᠡ ᠪᠣᠯ ᠪᠤᠳ᠋ᠳ᠋ᠾᠠ ᠭᠡᠰᠡᠨ ᠤᠳᠬ᠎ᠠ ᠪᠦᠬᠦᠢ ᠮᠣᠩᠭᠣᠯᠴᠤᠳ ᠤᠨ ᠳᠤᠮᠳᠠ ᠠᠷᠢᠭᠤᠨ ᠳᠡᠭᠡᠳᠦ ᠰᠢᠲᠦᠭᠡᠨ ᠪᠣᠯᠤᠭᠰᠠᠨ ᠬᠦᠮᠦᠨ᠂ ᠡᠰᠡᠪᠡᠯ ᠥᠨᠳᠥᠷ ᠳᠡᠭᠡᠳᠦ ᠰᠢᠲᠦᠯᠭᠡ ᠳᠦ ᠠᠭᠤᠯᠠ ᠬᠠᠶᠢᠷᠬᠠᠨ ᠢ ᠨᠡᠷᠡᠯᠡᠬᠦ ᠳᠦ ᠬᠡᠷᠡᠭᠯᠡᠳᠡᠭ ᠦᠭᠡ᠃ ᠤᠭ ᠦᠭᠡ ᠶᠢ ᠭᠠᠷᠪᠠᠯ ᠢ ᠡᠷᠳᠡᠮᠲᠡᠳ ᠮᠣᠩᠭᠣᠯ ᠬᠡᠯᠡᠨ ᠳᠦ ᠤᠶᠢᠭᠤᠷ ᠬᠡᠯᠡ ᠪᠡᠷ ᠳᠠᠮᠵᠢᠨ ᠣᠷᠣᠭᠰᠠᠨ ᠦᠭᠡ ᠭᠡᠵᠦ ᠦᠵᠡᠳᠡᠭ ᠪᠥᠭᠡᠳ ᠤᠭ ᠨᠢ ᠰᠠᠨᠰᠺᠷᠢᠳ᠋ ᠬᠡᠯᠡᠨ ᠦ ᠪᠤᠷᠬᠠᠨ ᠭᠡᠰᠡᠨ ᠤᠳᠬ᠎ᠠ ᠲᠠᠢ ᠪᠤᠳ᠋ᠳ᠋ᠾᠬᠠ ᠭᠡᠳᠡᠭ ᠦᠭᠡ ᠤᠶᠢᠭᠤᠷ ᠬᠡᠯᠡᠨ ᠢᠶᠡᠨ ᠣᠷᠣᠬᠤ ᠳᠤ ᠪᠠᠨ ᠲᠤᠬᠠᠢ ᠶᠢᠨ ᠬᠡᠯᠡᠨ ᠦ ᠣᠨᠴᠠᠯᠢᠭ ᠪᠠᠶᠢᠳᠠᠯ ᠠᠴᠠ ᠪᠣᠯᠵᠤ ᠪᠤᠭᠳᠬᠠ ᠪᠣᠯᠤᠨ ᠬᠤᠪᠢᠷᠠᠭᠰᠠᠨ ᠭᠡᠵᠦ ᠦᠵᠡᠳᠡᠭ ᠪᠠᠶᠢᠨ᠎ᠠ᠃ ᠤᠶᠢᠭᠤᠷ ᠬᠡᠯᠡᠨ ᠳᠦ ᠪᠤᠳ᠋ᠳ᠋ᠾᠬᠠ ᠬᠡᠮᠡᠬᠦ ᠶᠢ ᠡᠬᠢᠨ ᠦ <ᠳᠠ> ᠭᠡᠶᠢᠭᠦᠯᠦᠭᠴᠢ <ᠭᠠ> ᠪᠣᠯᠵᠤ᠂ ᠬᠡᠯᠡᠨ ᠦ ᠤᠭ ᠤᠨ ᠰᠤᠯᠠ ᠳᠠᠭᠤᠳᠠᠯᠭ᠎ᠠ ᠲᠠᠢ <ᠳᠬᠠ> ᠭᠡᠶᠢᠭᠦᠯᠦᠭᠴᠢ ᠤᠶᠢᠭᠤᠷ ᠬᠡᠳᠦᠨ ᠦ ᠰᠢᠳᠦᠨ ᠦ <ᠳᠠ> ᠭᠡᠶᠢᠭᠦᠯᠦᠭᠴᠢ ᠪᠣᠯᠤᠨ ᠳᠠᠭᠤᠳᠠᠭᠳᠠᠭᠰᠠᠨ ᠠᠴᠠ ᠪᠤᠭᠳᠠ ᠪᠣᠯᠤᠨ ᠬᠤᠪᠢᠷᠠᠭᠰᠠᠨ ᠨᠢ ᠮᠣᠩᠭᠣᠯ ᠬᠡᠯᠡᠨ ᠳᠦ ᠣᠷᠣᠬᠤ ᠳᠤ ᠪᠠᠨ ᠪᠤᠭᠳᠠ/ᠪᠣᠭᠳᠠ ᠭᠡᠰᠡᠨ ᠦᠭᠡ ᠪᠣᠯᠵᠤ ᠬᠤᠪᠢᠷᠠᠭᠰᠠᠨ ᠭᠡᠵᠦ ᠦᠵᠡᠳᠡᠭ ᠪᠠᠶᠢᠨ᠎ᠠ᠃ ᠲᠡᠶᠢᠮᠦ ᠡᠴᠡ ᠪᠣᠭᠳᠠ ᠭᠡᠳᠡᠭ ᠦᠭᠡ ᠶᠢ ᠪᠤᠷᠬᠠᠨ ᠭᠡᠵᠦ ᠤᠬᠠᠨ ᠤᠶᠢᠯᠠᠭᠠᠬᠤ ᠪᠣᠯᠵᠤ᠂ ᠤᠯᠠᠮ ᠢᠶᠠᠷ ᠪᠣᠭᠳᠠ ᠬᠦᠮᠦᠨ᠂ ᠪᠣᠭᠳᠠ ᠰᠤᠷᠭᠠᠯ᠂ ᠪᠣᠭᠳᠠ ᠯᠠᠮ᠎ᠠ᠂ ᠪᠣᠭᠳᠠ ᠠᠭᠤᠯᠠ ᠭᠡᠰᠡᠨ ᠨᠡᠷᠡᠰ ᠡᠭᠦᠰᠦᠨ ᠪᠤᠢ ᠪᠣᠯᠵᠠᠢ᠃

ᠪᠣᠭᠳᠠ ᠭᠡᠳᠡᠭ ᠨᠢ ᠪᠤᠷᠬᠠᠨ ᠮᠡᠲᠦ ᠣᠨᠴᠠᠭᠠᠢ ᠲᠣᠳᠣᠷᠠᠭᠰᠠᠨ ᠰᠣᠳᠣᠨ᠂ ᠭᠡᠭᠡᠷᠡᠭᠰᠡᠨ᠂ ᠰᠡᠴᠡᠨ᠂ ᠮᠡᠷᠭᠡᠨ᠂ ᠳᠡᠭᠡᠳᠦ ᠶᠢᠨ ᠳᠡᠭᠡᠳᠦ ᠭᠡᠰᠡᠨ ᠤᠳᠬ᠎ᠠ ᠶᠢ ᠢᠯᠡᠷᠬᠡᠶᠢᠯᠡᠳᠡᠭ᠃ ᠴᠢᠩᠭᠢᠰ ᠬᠠᠭᠠᠨ ᠢ ᠪᠤᠷᠬᠠᠨ ᠲᠠᠢ ᠠᠳᠠᠯᠢ ᠳᠡᠭᠡᠳᠦᠯᠡᠨ ᠰᠢᠲᠦᠬᠦ ᠪᠣᠯᠰᠠᠨ᠎ᠠ ᠪᠠᠷ ᠪᠣᠭᠳᠠ ᠡᠵᠡᠨ ᠴᠢᠩᠭᠢᠰ ᠬᠠᠭᠠᠨ ᠭᠡᠬᠦ ᠪᠣᠯᠤᠭᠰᠠᠨ ᠪᠣᠯ ᠮᠣᠩᠭᠣᠯ ᠤᠨ ᠠᠩᠬᠠᠨ ᠤ ᠬᠤᠪᠢᠯᠭᠠᠨ ᠵᠢᠪᠡᠵᠦᠨᠳᠠᠮᠪᠠ ᠬᠤᠲᠤᠭᠲᠤ ᠶᠢᠨ ᠠᠩᠬᠠᠳᠤᠭᠠᠷ ᠳᠦᠷᠢ ᠥᠨᠳᠥᠷ ᠭᠡᠭᠡᠨ ᠵᠠᠨᠠᠪᠠᠽᠠᠷ ᠍ ᠢ ᠪᠠᠨ ᠪᠤᠷᠬᠠᠨ ᠮᠡᠲᠦ ᠬᠣᠪᠣᠷ ᠯᠠᠮᠠ ᠬᠡᠮᠡᠨ ᠪᠣᠭᠳᠠ ᠭᠡᠵᠦ ᠨᠡᠷᠡᠯᠡᠵᠦ᠂ 1911 ᠣᠨ ᠳᠤ ᠮᠠᠨᠵᠤ ᠠᠴᠠ ᠲᠤᠭᠤᠷᠭ᠎ᠠ ᠲᠤᠰᠠᠭᠠᠷ ᠤᠯᠤᠰ ᠪᠣᠯᠬᠤ ᠳᠤ ᠪᠠᠨ 8 ᠍ ᠳᠦᠭᠡᠷ ᠪᠣᠭᠳᠠ ᠵᠢᠪᠡᠵᠦᠩᠳᠠᠮᠪᠠ ᠶᠢ ᠬᠠᠭᠠᠨ ᠰᠢᠷᠡᠭᠡᠨ ᠳᠦ ᠵᠠᠯᠠᠵᠤ᠂ ᠣᠯᠠᠨ᠎ᠠ ᠡᠷᠭᠦᠭᠳᠡᠭᠰᠡᠨ ᠪᠣᠭᠳᠠ ᠬᠠᠭᠠᠨ ᠭᠡᠵᠦ ᠬᠡᠮᠡᠨ ᠡᠷᠭᠦᠮᠵᠢᠯᠡᠵᠦ᠂ ᠲᠥᠷᠥ ᠤᠯᠤᠰ ᠢᠶᠠᠨ ᠣᠯᠠᠨ᠎ᠠ ᠡᠷᠭᠦᠭᠳᠡᠭᠰᠡᠨ ᠪᠣᠭᠳᠠ ᠬᠠᠭᠠᠨᠲᠤ ᠮᠣᠩᠭᠣᠯ ᠤᠯᠤᠰ ᠭᠡᠵᠦ ᠲᠤᠩᠬᠠᠭᠯᠠᠨ ᠵᠠᠷᠯᠠᠵᠤ ᠪᠠᠶᠢᠭᠰᠠᠨ ᠪᠢᠯᠡ᠃

ᠲᠡᠭᠦᠨᠴᠢᠯᠡᠨ ᠮᠣᠩᠭᠣᠯᠴᠤᠳ ᠪᠤᠰᠤᠳ ᠠᠴᠠ ᠣᠨᠴᠠᠭᠠᠢ᠂ ᠥᠨᠳᠥᠷᠯᠢᠭ᠂ ᠢᠯᠭᠠᠷᠠᠩᠭᠤᠢ ᠠᠭᠤᠯᠠ ᠶᠢ ᠪᠣᠭᠳᠠ ᠭᠡᠵᠦ ᠨᠡᠷᠡᠯᠡᠭᠰᠡᠨ ᠪᠠᠶᠢᠬᠤ ᠪᠥᠭᠡᠳ ᠡᠶᠢᠮᠦ ᠨᠡᠷ᠎ᠡ ᠲᠡᠢ ᠠᠤᠯᠠᠯᠠᠰ ᠨᠢ ᠶᠡᠬᠡᠪᠴᠢᠯᠡᠨ ᠲᠠᠯ᠎ᠠ ᠬᠡᠭᠡᠷ᠎ᠡ ᠶᠢᠨ ᠪᠥᠰᠡ ᠳᠦ ᠲᠣᠬᠢᠶᠠᠯᠳᠤᠨ᠎ᠠ᠃ ᠲᠡᠶᠢᠮᠦ ᠨᠡᠷ᠎ᠡ ᠲᠡᠢ ᠠᠤᠯᠠᠯᠠᠰ ᠨᠢ ᠬᠠᠶᠢᠷᠬᠠᠨ ᠨᠡᠷ᠎ᠡ ᠲᠡᠢ ᠠᠤᠯᠠᠯᠠᠰ ᠲᠠᠢ ᠠᠳᠠᠯᠢ ᠬᠠᠳᠠ ᠪᠠᠷᠲᠠᠭ᠎ᠠ ᠶᠡᠬᠡ ᠲᠡᠢ ᠪᠢᠰᠢ᠂ ᠬᠠᠷᠢᠨ ᠬᠠᠪᠢ ᠣᠶᠢᠷ᠎ᠠ ᠳᠠᠭᠠᠨ ᠰᠣᠳᠣᠨ ᠨᠣᠶᠠᠯᠢᠭ ᠠᠭᠤᠯᠠ ᠪᠠᠶᠢᠳᠠᠭ ᠪᠠᠶᠢᠨ᠎ᠠ᠃ ᠭᠣᠪᠢ ᠶᠢᠨ ᠰᠦᠷᠯᠢᠭ ᠰᠣᠳᠣᠨ ᠠᠤᠯᠠᠯᠠᠰ ᠡᠶᠢᠮᠦ ᠨᠡᠷ᠎ᠡ ᠲᠡᠢ ᠪᠠᠶᠢᠬᠤ ᠨᠢ ᠡᠯᠪᠡᠭ᠃ ᠡᠶᠢᠮᠦ ᠡᠴᠡ ᠪᠣᠭᠳᠠ ᠨᠡᠷ᠎ᠡ ᠲᠡᠢ ᠠᠤᠯᠠᠯᠠᠰ ᠨᠢ ᠪᠤᠷᠬᠠᠨ ᠮᠡᠲᠦ ᠣᠨᠴᠠᠭᠠᠢ ᠲᠣᠳᠣᠷᠠᠭᠰᠠᠨ ᠰᠣᠳᠣᠨ ᠠᠭᠤᠯᠠ ᠶᠢᠨ ᠨᠡᠷ᠎ᠡ ᠪᠣᠯᠳᠠᠭ ᠪᠠᠶᠢᠨ᠎ᠠ᠃ ᠶᠡᠬᠡ ᠪᠣᠭᠳᠠ᠂ ᠪᠠᠭ᠎ᠠ ᠪᠣᠭᠳᠠ᠂ ᠠᠷᠴᠠ ᠪᠣᠭᠳᠠ᠂ ᠠᠵᠤ ᠪᠣᠭᠳᠠ᠂ ᠨᠣᠶᠠᠨ ᠪᠣᠭᠳᠠ᠂ ᠬᠠᠨ ᠪᠣᠭᠳᠠ᠂ ᠰᠡᠭᠰᠦ ᠴᠠᠭᠠᠨ ᠪᠣᠭᠳᠠ᠂ ᠰᠢᠯᠢ ᠶᠢᠨ ᠪᠣᠭᠳᠠ ᠲᠡᠷᠢᠭᠦᠲᠡᠨ ᠪᠣᠭᠳᠠ ᠨᠡᠷ᠎ᠡ ᠲᠡᠢ ᠠᠤᠯᠠᠯᠠᠰ ᠲᠣᠭᠠᠴᠠᠪᠠᠯ ᠠᠷᠪᠢᠨ ᠪᠠᠶᠢᠳᠠᠭ᠃ ᠵᠢᠱᠢᠶ᠎ᠡ ᠨᠢ ᠪᠣᠭᠳᠠ ᠬᠠᠨ ᠠᠭᠤᠯᠠ ᠯᠠ ᠭᠡᠬᠦ ᠳᠦ ᠮᠣᠩᠭᠣᠯ ᠤᠨ ᠣᠢ ᠮᠣᠳᠣᠳ ᠬᠠᠩᠭᠠᠢ᠂ ᠬᠡᠨᠲᠡᠢ ᠶᠢᠨ ᠠᠤᠯᠠᠯᠠᠰ ᠤᠨ ᠬᠠᠮᠤᠭ ᠤᠨ ᠤᠷᠳᠤ ᠬᠢᠵᠠᠭᠠᠷ᠂ ᠲᠠᠯ᠎ᠠ ᠬᠡᠭᠡᠷ᠎ᠡ ᠨᠤᠲᠤᠭ ᠤᠨ ᠤᠮᠠᠷᠠᠳᠤ ᠬᠢᠯᠢ ᠪᠣᠯᠤᠨ ᠣᠷᠣᠰᠢᠳᠠᠭ ᠪᠢᠯᠡ᠃

ᠪᠢᠴᠢᠭᠡᠰᠦ