ᠪᠣᠭᠳᠠ ᠬᠠᠨ ᠠᠭᠤᠯᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠵᠤᠰᠢᠷᠢ ᠶᠢᠨ ᠬᠡᠶᠢᠳ ᠤᠨ ᠣᠷᠴᠢᠮ ᠳᠤ᠃
ᠰᠠᠨᠰᠠᠷ ᠠᠴᠠ ᠠᠪᠤᠭᠰᠠᠨ ᠵᠢᠷᠤᠭ ᠤᠨ ᠲᠥᠪ ᠲᠦ ᠪᠣᠭᠳᠠ ᠬᠠᠨ ᠠᠭᠤᠯᠠ ᠣᠷᠣᠰᠢᠨ᠎ᠠ᠃ ᠪᠠᠷᠠᠭᠤᠨ ᠬᠣᠶᠢᠳᠤ ᠪᠤᠯᠤᠩ ᠳᠤ ᠨᠢ ᠤᠯᠠᠭᠠᠨᠪᠠᠭᠠᠲᠤᠷ ᠬᠣᠲᠠ ᠬᠠᠷᠠᠭᠳᠠᠬᠤ ᠪᠥᠭᠡᠳ ᠲᠤᠤᠯᠠ ᠭᠣᠣᠯ ᠨᠢ ᠬᠣᠲᠠ᠂ ᠠᠭᠤᠯᠠ ᠬᠣᠶᠠᠷ ᠤᠨ ᠬᠣᠭᠣᠷᠣᠨᠳᠣ ᠤᠷᠤᠰᠤᠨ᠎ᠠ᠃ ᠡᠮᠦᠨ᠎ᠡ ᠲᠠᠯ᠎ᠠ ᠳᠤ ᠨᠢ ᠵᠠᠭᠤᠨᠮᠣᠳᠤ᠂ ᠵᠡᠭᠦᠨ ᠲᠠᠯ᠎ᠠ ᠳᠤ ᠨᠢ ᠨᠠᠯᠠᠶᠢᠬᠤ᠂ ᠪᠠᠷᠠᠭᠤᠨ ᠲᠠᠯ᠎ᠠ ᠳᠤ ᠨᠢ ᠴᠢᠩᠭᠢᠰ ᠬᠠᠭᠠᠨ ᠣᠯᠠᠨ ᠤᠯᠤᠰ ᠤᠨ ᠨᠢᠰᠭᠡᠯ ᠤᠨ ᠪᠠᠭᠤᠳᠠᠯ ᠪᠠᠶᠢᠷᠢᠯᠠᠳᠠᠭ
ᠤᠯᠠᠭᠠᠨᠪᠠᠭᠠᠲᠤᠷ ᠠᠴᠠ ᠬᠠᠷᠠᠭᠳᠠᠬᠤ ᠪᠣᠭᠳᠠ ᠬᠠᠨ ᠠᠭᠤᠯᠠ

ᠪᠣᠭᠳᠠ ᠬᠠᠨ ᠠᠭᠤᠯᠠ ᠪᠣᠯ ᠬᠡᠨᠲᠡᠢ ᠶᠢᠨ ᠨᠢᠷᠤᠭᠤ ᠶᠢᠨ ᠠᠢ ᠰᠠᠪᠠ ᠳᠤ ᠪᠠᠭᠲᠠᠳᠠᠭ ᠮᠣᠩᠭᠣᠯ ᠤᠨ ᠲᠡᠦᠬᠡᠨ ᠲᠠᠬᠢᠯᠭᠠᠲᠤ᠂ ᠳᠠᠷᠬᠠᠨ ᠴᠠᠭᠠᠵᠠᠲᠤ ᠠᠭᠤᠯᠠ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ ᠶᠢᠨ ᠨᠥᠬᠥᠴᠡᠯ᠂ ᠭᠠᠵᠠᠷ ᠤᠨ ᠭᠠᠳᠠᠷᠭᠤ ᠶᠢᠨ ᠬᠤᠪᠢ ᠳᠤ ᠪᠣᠯ ᠪᠣᠭᠳᠠ ᠬᠠᠨ ᠠᠭᠤᠯᠠ ᠵᠡᠭᠦᠨ ᠡᠴᠡ ᠪᠠᠷᠠᠭᠤᠨ ᠲᠡᠰᠢ ᠴᠢᠭᠯᠡᠭᠰᠡᠨ ᠶᠡᠬᠡ ᠨᠢᠷᠤᠭᠤ ᠪᠣᠯᠤᠨ ᠲᠡᠭᠦᠨ ᠦ ᠰᠠᠯᠪᠤᠷᠢ ᠠᠭᠤᠯᠠᠰ ᠠᠴᠠ ᠪᠦᠷᠢᠳᠦᠨ᠎ᠡ᠃ ᠪᠣᠭᠳᠠ ᠬᠠᠨ ᠠᠭᠤᠯᠠ ᠶᠢᠨ ᠬᠠᠮᠤᠭ ᠤᠨ ᠥᠨᠳᠥᠷ ᠣᠷᠭᠢᠯ ᠨᠢ ᠳᠠᠯᠠᠢ ᠶᠢᠨ ᠲᠦᠪᠰᠢᠨ ᠡᠴᠡ ᠳᠡᠭᠡᠭᠰᠢ 2268 ᠮᠧᠲ᠋ᠷ ᠥᠨᠳᠥᠷ ᠲᠦ ᠡᠷᠭᠦᠭᠳᠡᠭᠰᠡᠨ ᠴᠡᠴᠡ ᠭᠦᠩ᠂ 2256 ᠮᠧᠲ᠋ᠷ ᠥᠨᠳᠥᠷ ᠲᠦ ᠤᠷᠤᠰᠢᠬᠤ ᠲᠦᠰᠢᠶ᠎ᠡ ᠭᠦᠩ ᠬᠡᠮᠡᠬᠦ ᠣᠷᠭᠢᠯ ᠤᠳ ᠪᠣᠯᠤᠨ᠎ᠠ᠃ ᠶᠡᠷᠦ ᠨᠢ ᠪᠣᠭᠳᠠ ᠬᠠᠨ ᠠᠭᠤᠯᠠᠨ ᠳᠤ 2000 ᠮᠧᠲ᠋ᠷ ᠡᠴᠡ ᠳᠡᠭᠡᠭᠰᠢ ᠡᠷᠭᠦᠭᠳᠡᠭᠰᠡᠨ ᠡᠷᠲᠡᠨ ᠦ ᠲᠡᠭᠰᠢᠷᠡᠯ ᠦᠨ ᠭᠠᠳᠠᠷᠭᠤ ᠭᠣᠣᠯᠯᠠᠨ᠎ᠠ᠃ ᠲᠡᠭᠰᠢᠷᠡᠯ ᠦᠨ ᠭᠠᠳᠠᠷᠭᠤ ᠶᠢᠨ ᠦᠨᠡᠮᠯᠡᠬᠦᠢ ᠥᠨᠳᠥᠷ 1800᠂ 2000᠂ 2200 ᠮᠧᠲ᠋ᠷ ᠦᠨ ᠲᠦᠪᠰᠢᠨ ᠳᠦ ᠭᠤᠷᠪᠠᠨ ᠦᠨᠳᠦᠰᠦᠨ ᠱᠠᠲᠤᠯᠠᠯ ᠡᠭᠦᠰᠬᠡᠭᠰᠡᠨ ᠪᠠᠶᠢᠨ᠎ᠠ᠃ ᠣᠢ ᠶᠢᠨ ᠬᠢᠯᠢ ᠡᠴᠡ ᠳᠡᠭᠡᠭᠰᠢ ᠭᠠᠷᠤᠭᠰᠠᠨ ᠴᠡᠴᠡ ᠭᠦᠩ᠂ ᠲᠦᠰᠢᠶ᠎ᠡ ᠭᠦᠩ ᠪᠣᠯᠤᠨ ᠪᠤᠰᠤᠳ ᠥᠨᠳᠥᠷᠯᠢᠭ ᠲᠦ ᠮᠦᠰᠦᠳᠦᠯᠭᠡ ᠶᠢᠨ ᠨᠥᠯᠥᠭᠡ ᠪᠡᠷ ᠲᠠᠭᠲᠤ ᠴᠢᠯᠠᠭᠤᠨ ᠨᠤᠷᠠᠩᠬᠠᠢ ᠡᠭᠦᠰᠦᠭᠰᠡᠨ ᠭᠠᠵᠠᠷ ᠣᠯᠠᠨ ᠲᠠᠢ᠃ ᠭᠠᠵᠠᠷ ᠤᠨ ᠬᠡᠮᠵᠢᠶᠡᠨ ᠳᠦ ᠴᠢᠯᠠᠭᠤᠨ ᠨᠡᠭᠦᠷᠡᠰᠦᠨ ᠦ ᠭᠠᠯᠪᠠ ᠶᠢᠨ ᠦᠶ᠎ᠡ ᠳᠤ (350-205 ᠵᠠᠭᠤᠨ ᠲᠦᠮᠡᠨ ᠵᠢᠯ ᠦᠨ ᠲᠡᠷᠲᠡᠭᠡ) ᠬᠤᠷᠠᠮᠲᠤᠭᠰᠠᠨ ᠲᠤᠨᠤᠮᠠᠯ ᠴᠢᠯᠠᠭᠤᠯᠢᠭᠮᠧᠽᠣᠵᠣ ᠶᠢᠨ ᠡᠷᠢᠨᠲᠷᠶᠠᠰ ᠤᠨ ᠭᠠᠯᠪᠠ ᠤᠨ ᠰᠡᠭᠦᠯᠴᠢ᠂ ᠶᠦᠷᠠ ᠶᠢᠨ ᠭᠠᠯᠪᠠ(侏罗纪) ᠶᠢᠨ ᠡᠬᠢ ᠪᠡᠷ (1.3 ᠳ᠋ᠤᠩᠰᠢᠭᠤᠷ ᠵᠢᠯ ᠦᠨ ᠡᠮᠦᠨ᠎ᠡ) ᠡᠭᠦᠰᠴᠦ ᠪᠦᠷᠢᠯᠳᠦᠭᠰᠡᠨ ᠪᠣᠷᠵᠢᠨ ᠴᠢᠯᠠᠭᠤ᠂ ᠮᠥᠨ ᠠᠭᠤᠯᠠ ᠶᠢᠨ ᠪᠡᠯ᠂ ᠬᠣᠷᠮᠣᠢ᠂ ᠭᠤᠤ ᠵᠢᠯᠠᠭ᠎ᠠ ᠣᠷᠴᠢᠮ ᠳᠤ ᠰᠡᠪᠰᠡᠭᠡᠷ ᠬᠤᠷᠠᠳᠠᠰᠤ ᠲᠠᠷᠬᠠᠵᠤ ᠪᠠᠶᠢᠳᠠᠭ᠃ ᠲᠣᠭᠲᠠᠴᠠ ᠶᠢᠨ ᠬᠤᠪᠢ ᠳᠤ ᠪᠣᠭᠳᠠ ᠬᠠᠨ ᠠᠭᠤᠯᠠ ᠬᠠᠩᠭᠠᠢ᠂ ᠬᠡᠨᠲᠡᠢ ᠶᠢᠨ ᠠᠲᠤᠷᠢᠶᠠᠲᠤ ᠪᠥᠰᠡ ᠶᠢᠨ ᠬᠡᠨᠲᠡᠢ ᠶᠢᠨ ᠬᠡᠰᠡᠭ ᠦᠨ ᠪᠠᠷᠠᠭᠤᠨ ᠡᠮᠦᠨᠡᠲᠦ ᠲᠠᠯ᠎ᠠ ᠳᠤ ᠣᠷᠣᠰᠢᠳᠠᠭ᠃ ᠪᠣᠭᠳᠠ ᠬᠠᠨ ᠠᠭᠤᠯᠠ ᠨᠢ ᠬᠡᠨᠲᠡᠢ ᠶᠢᠨ ᠨᠢᠷᠤᠭᠤ ᠶᠢᠨ ᠠᠢ ᠰᠠᠪᠠ ᠳᠤ ᠪᠠᠭᠲᠠᠬᠤ ᠪᠣᠯᠪᠠᠴᠤ ᠭᠣᠣᠯ ᠨᠢᠷᠤᠭᠤ ᠨᠤᠭᠤᠳ ᠠᠴᠠ ᠰᠠᠯᠤᠩᠭᠢ ᠤᠷᠤᠰᠢᠬᠤ ᠪᠥᠭᠡᠳ ᠥᠨᠳᠥᠷ ᠪᠤᠯᠤᠨ ᠠᠭᠤᠯᠠᠷᠬᠠᠭ ᠬᠣᠲᠣᠭᠣᠷ ᠭᠦᠳᠦᠭᠦᠷ ᠦᠨ ᠨᠥᠯᠥᠭᠡ ᠪᠡᠷ ᠲᠡᠨᠳᠡ ᠣᠢ᠂ ᠲᠠᠶᠢᠭ᠎ᠠ ᠶᠢᠨ ᠦᠵᠡᠮᠵᠢ ᠭᠣᠣᠯᠯᠠᠬᠤ ᠪᠠᠶᠢᠷᠢ ᠡᠵᠡᠯᠡᠵᠦ᠂ ᠮᠣᠩᠭᠣᠯ ᠣᠷᠣᠨ ᠤ ᠣᠢ ᠶᠢᠨ ᠲᠠᠷᠬᠠᠯᠲᠠ ᠶᠢᠨ ᠬᠠᠮᠤᠭ ᠤᠨ ᠡᠮᠦᠨᠡᠲᠦ ᠵᠠᠬ᠎ᠠ ᠨᠢ ᠪᠣᠯᠤᠨ᠎ᠠ᠃ ᠴᠤᠬᠤᠮ ᠳᠠᠭᠠᠨ ᠮᠣᠩᠭᠣᠯ ᠣᠷᠣᠨ ᠤ ᠣᠶᠢᠲᠤ ᠬᠡᠭᠡᠷ᠎ᠡ᠂ ᠬᠠᠭᠤᠷᠠᠢ ᠬᠡᠭᠡᠷ᠎ᠡ ᠶᠢᠨ ᠪᠥᠰᠡ ᠶᠢᠨ ᠵᠠᠭᠠᠭ ᠳᠡᠭᠡᠷ᠎ᠡ ᠤᠷᠤᠰᠢᠬᠤ ᠪᠣᠰᠤᠭ᠎ᠠ ᠪᠦᠰᠡᠵᠢᠯ ᠪᠦᠬᠦᠢ ᠠᠭᠤᠯᠠᠰ ᠤᠨ ᠲᠣᠭᠲᠠᠴᠠ ᠲᠠᠢ ᠠᠵᠢ᠃ ᠪᠣᠭᠳᠠ ᠬᠠᠨ ᠠᠭᠤᠯᠠᠨ ᠳᠤ ᠲᠠᠭᠠᠠᠭᠤᠯᠠ ᠶᠢᠨ ᠲᠠᠶᠢᠭ᠎ᠠᠠᠭᠤᠯᠠ ᠶᠢᠨ ᠣᠢᠠᠭᠤᠯᠠ ᠶᠢᠨ ᠬᠡᠭᠡᠷ᠎ᠡᠠᠠᠭᠤᠯᠠ ᠶᠢᠨ ᠬᠠᠭᠤᠷᠠᠢ ᠬᠡᠭᠡᠷ᠎ᠡ ᠵᠡᠷᠭᠡ ᠪᠦᠰᠡᠯᠢᠭ ᠬᠡᠪ ᠰᠢᠨᠵᠢ ᠡᠴᠡ ᠭᠠᠳᠠᠨ᠎ᠠ ᠪᠦᠰᠡᠯᠢᠭ ᠰᠢᠨᠵᠢ ᠲᠡᠢ ᠤᠮᠠᠷᠠᠳᠤ ᠶᠢᠨ ᠬᠠᠭᠤᠷᠠᠢ ᠬᠡᠭᠡᠷ᠎ᠡ᠂ ᠪᠥᠰᠡ ᠶᠢᠨ ᠪᠤᠰᠤ ᠲᠠᠲᠠᠮ ᠤᠨ ᠨᠤᠭᠤ ᠲᠤᠰ ᠲᠤᠰ ᠲᠠᠷᠬᠠᠵᠠᠢ᠃ ᠡᠨᠡ ᠠᠭᠤᠯᠠᠨ ᠳᠤ ᠮᠥᠰᠥᠲᠥᠯᠭᠡ ᠶᠢᠨ ᠪᠤᠶᠤ ᠮᠥᠰᠦᠨ ᠭᠠᠯᠪᠠ ᠶᠢᠨ ᠤᠯᠠ ᠮᠥᠷ ᠬᠣᠪᠣᠷ᠂ ᠵᠥᠪᠬᠡᠨ ᠬᠠᠮᠤᠭ ᠤᠨ ᠥᠨᠳᠥᠷᠯᠢᠭ ᠬᠡᠰᠡᠭ ᠲᠦ ᠪᠡᠨ ᠪᠠᠭ᠎ᠠ ᠵᠡᠷᠭᠡ ᠮᠥᠰᠥᠲᠥᠵᠦ ᠪᠠᠶᠢᠵᠠᠢ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠪᠦᠯ ᠬᠦᠢᠲᠡᠨ᠂ ᠵᠤᠨ ᠰᠡᠷᠢᠭᠦᠨ᠂ ᠡᠬᠡ ᠭᠠᠵᠠᠷ ᠤᠨ ᠡᠷᠡᠰ ᠲᠡᠰᠤ ᠠᠭᠤᠷ ᠠᠮᠢᠰᠬᠤᠯ ᠲᠠᠢ ᠪᠥᠰᠡ ᠨᠤᠲᠤᠭ ᠲᠤ ᠬᠠᠮᠢᠶᠠᠷᠤᠨ᠎ᠠ᠃ ᠵᠢᠯ ᠳᠤ ᠳᠤᠮᠳᠠᠴᠢ ᠪᠠᠷ 2800 ᠴᠠᠭ ᠨᠠᠷᠠ ᠲᠠᠢ ᠪᠠᠶᠢᠳᠠᠭ ᠪᠣᠯ 12-14 ᠡᠳᠦᠷ ᠯᠠ ᠨᠠᠷᠠ ᠦᠭᠡᠢ ᠡᠳᠦᠷ ᠲᠣᠬᠢᠶᠠᠵᠤ ᠪᠠᠶᠢᠳᠠᠭ ᠪᠠᠶᠢᠨ᠎ᠠ᠃ ᠠᠭᠠᠷ ᠤᠨ ᠵᠢᠯ ᠦᠨ ᠳᠤᠮᠳᠠᠴᠢ ᠲᠣᠯᠠᠭᠠᠨ ᠤ ᠬᠡᠮᠵᠢᠶ᠎ᠡ -1.5 - 3.1 ᠭᠷᠠᠳᠦ᠋ᠰ ᠪᠠᠶᠢᠵᠤ᠂ ᠨᠢᠭᠡᠳᠦᠭᠡᠷ ᠰᠠᠷ᠎ᠠ ᠶᠢᠨ ᠳᠤᠮᠳᠠᠴᠢ ᠬᠦᠢᠲᠡᠨ -19 ᠡᠴᠡ-24 ᠭᠷᠠᠳᠦ᠋ᠰ ᠪᠠᠶᠢᠳᠠᠭ᠃ ᠳᠣᠯᠣᠳᠤᠭᠠᠷ ᠰᠠᠷ᠎ᠠ ᠶᠢᠨ ᠳᠤᠮᠳᠠᠴᠢ ᠬᠠᠯᠠᠭᠤᠨ ᠨᠢ +14ᠡᠴᠡ17.6 ᠭᠷᠠᠳᠦ᠋ᠰ ᠬᠦᠷᠦᠨ᠎ᠡ᠃ ᠠᠭᠤᠯᠠ ᠶᠢᠨ ᠪᠠᠶᠢᠷᠢᠯᠠᠯ ᠬᠣᠲᠣᠭᠣᠷ ᠭᠦᠳᠦᠭᠦᠷ ᠦᠨ ᠣᠨᠴᠠᠯᠢᠭ ᠲᠠᠢ ᠠᠴᠠ ᠪᠣᠯᠤᠭᠠᠳ ᠭᠠᠵᠠᠷ ᠤᠨ ᠭᠠᠳᠠᠷᠭᠤ ᠶᠢᠨ ᠣᠷᠴᠢᠮ ᠤᠨ ᠰᠠᠯᠬᠢᠨ ᠤ ᠭᠣᠷᠢᠮ ᠶᠡᠬᠡᠬᠡᠨ ᠥᠭᠡᠷ᠎ᠡ ᠥᠭᠡᠷ᠎ᠡ ᠪᠠᠶᠢᠳᠠᠭ ᠪᠠᠶᠢᠨ᠎ᠠ᠃ ᠰᠠᠯᠬᠢᠨ ᠤ ᠵᠢᠯ ᠦᠨ ᠳᠤᠮᠳᠠᠴᠢ ᠬᠤᠷᠳᠤ ᠨᠢ 0.9 ᠡᠴᠡ2.3 ᠮᠸᠲ᠋ᠷ/ᠰᠧᠺᠦ᠋ᠨᠲ᠂ ᠳᠤᠮᠳᠠᠴᠢ ᠶᠡᠬᠡ ᠬᠤᠷᠳᠤ 5 ᠰᠠᠷ᠎ᠠ ᠳᠤ 1.2-4.0 ᠮᠸᠲ᠋ᠷ/ᠰᠧᠺᠦ᠋ᠨᠲ᠂ ᠬᠠᠮᠤᠭ ᠤᠨ ᠨᠠᠮᠤᠤᠬᠠᠨ ᠦᠶ ᠡ ᠨᠢ 12-1 ᠰᠠᠷ᠎ᠠ ᠳᠤ ᠳᠤᠮᠳᠠᠴᠢ ᠪᠡᠷ 0.7-1.4 ᠮᠸᠲ᠋ᠷ/ᠰᠧᠺᠦ᠋ᠨᠲ ᠪᠠᠶᠢᠳᠠᠭ᠃ ᠠᠭᠠᠷ ᠤᠨ ᠴᠢᠭᠢᠭ᠍ᠰᠢᠯ ᠦᠨ ᠭᠣᠷᠢᠮ ᠨᠡᠯᠢᠶᠡᠳ ᠥᠪᠡᠷᠮᠢᠴᠡ᠂ ᠠᠭᠠᠷ ᠤᠨ ᠴᠢᠭᠢᠭ᠍ᠰᠢᠯ ᠨᠢ ᠬᠠᠯᠠᠭᠤᠨ ᠬᠦᠢᠲᠡᠨ ᠳ᠋ᠡᠬᠢ ᠤᠷᠪᠠᠭᠤ ᠬᠠᠮᠢᠶᠠᠷᠤᠯ ᠲᠠᠢ ᠪᠠᠶᠢᠳᠠᠭ᠃ ᠠᠭᠤᠯᠠᠨ ᠳᠤ ᠪᠠᠭᠤᠬᠤ ᠬᠤᠷ᠎ᠠ ᠲᠤᠨᠤᠳᠠᠰᠤ ᠳᠤᠯᠠᠭᠠᠨ ᠤ ᠤᠯᠠᠷᠢᠯ ᠳᠤ 89.6-93.4 ᠬᠤᠪᠢ ᠲᠠᠢ᠃ ᠠᠩᠬᠠᠨ ᠤ ᠴᠠᠰᠤ 9 ᠰᠠᠷ᠎ᠠ ᠶᠢᠨ 10 ᠣᠷᠴᠢᠮ ᠳᠤ ᠣᠷᠣᠵᠤ᠂ ᠰᠡᠭᠦᠯᠴᠢ ᠶᠢᠨ ᠴᠠᠰᠤ 5 ᠰᠠᠷ᠎ᠠ ᠶᠢᠨ 20 ᠣᠷᠴᠢᠮ ᠳᠤ ᠪᠠᠶᠢᠳᠠᠭ᠃

ᠤᠰᠤ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠭᠳᠠ ᠬᠠᠨ ᠠᠭᠤᠯᠠ ᠨᠢ ᠤᠰᠤ ᠵᠦᠢ ᠶᠢᠨ ᠬᠤᠪᠢ ᠳᠤ᠂ ᠤᠮᠠᠷᠠᠳᠤ ᠮᠥᠰᠦᠨ ᠳᠠᠯᠠᠢ ᠶᠢᠨ ᠠᠢ ᠰᠠᠪᠠ ᠳᠡᠬᠢ ᠲᠤᠤᠯᠠ ᠭᠣᠣᠯ ᠤᠨ ᠠᠢ ᠰᠠᠪᠠ ᠳᠤ ᠪᠠᠭᠲᠠᠬᠤ ᠪᠥᠭᠡᠳ ᠣᠯᠠᠨ ᠵᠢᠯ ᠦᠨ ᠳᠤᠮᠳᠠᠴᠢ ᠤᠷᠤᠰᠤᠴᠠ ᠨᠢ 100 ᠮᠸᠲ᠋ᠷ ᠡᠴᠡ ᠢᠯᠡᠭᠦᠦ ᠪᠥᠰᠡ ᠨᠤᠲᠤᠭ ᠲᠤ ᠬᠠᠮᠢᠶᠠᠷᠤᠨ᠎ᠠ᠃ ᠠᠭᠤᠯᠠ ᠶᠢᠨ ᠡᠷᠭᠢᠨ ᠲᠣᠭᠣᠷᠢᠨ ᠤ 20 ᠣᠷᠴᠢᠮ ᠠᠮᠠᠨ ᠠᠴᠠ ᠭᠣᠣᠯ ᠭᠣᠷᠤᠬ ᠠ ᠡᠬᠢ ᠠᠪᠴᠤ ᠵᠠᠷᠢᠮ ᠨᠢ ᠲᠤᠤᠯᠠ ᠭᠣᠣᠯ ᠳᠤ᠂ ᠦᠯᠡᠳᠡᠭᠰᠡᠨ ᠬᠡᠰᠡᠭ ᠨᠢ ᠠᠭᠤᠯᠠ ᠶᠢᠨ ᠬᠠᠶᠠᠭ᠎ᠠ᠂ ᠬᠣᠷᠮᠣᠢ ᠬᠣᠲᠣᠭᠣᠷ ᠭᠦᠳᠦᠭᠦᠷ ᠲᠦ ᠬᠦᠷᠴᠦ ᠰᠡᠪᠰᠡᠭᠡᠷ ᠬᠤᠷᠤᠳᠠᠰᠤᠨ ᠳᠤ ᠰᠢᠩᠭᠡᠨ ᠣᠷᠣᠨ᠎ᠠ᠃ ᠠᠭᠤᠯᠠ ᠠᠴᠠ ᠡᠬᠢ ᠠᠪᠤᠭᠰᠠᠨ ᠭᠣᠣᠯ ᠠᠴᠠ 36.2 ᠺᠢᠯᠣᠮᠧᠲ᠋ᠷ ᠤᠷᠲᠤ ᠲᠦᠷᠭᠡᠨ ᠦ ᠭᠣᠣᠯ᠂ 33.3 ᠺᠢᠯᠣᠮᠧᠲ᠋ᠷ ᠤᠷᠲᠤ ᠪᠠᠷᠠᠭᠤᠨ᠂ ᠵᠡᠭᠦᠨ ᠵᠠᠭᠤᠨ ᠮᠣᠳᠣ ᠶᠢᠨ ᠭᠣᠣᠯ᠂ 32.6 ᠺᠢᠯᠣᠮᠧᠲ᠋ᠷ ᠬᠦᠷᠬᠢᠷ᠎ᠡ ᠭᠣᠣᠯ ᠤᠳ ᠪᠠᠶᠢᠳᠠᠭ᠃ ᠮᠥᠨ ᠬᠡᠳᠦ ᠬᠡᠳᠦᠨ ᠡᠮᠴᠢᠯᠡᠭᠡᠨ ᠦ ᠠᠴᠢ ᠬᠣᠯᠪᠣᠭᠳᠠᠯ ᠲᠠᠢ ᠷᠠᠰᠢᠶᠠᠨ ᠪᠤᠯᠠᠭ ᠪᠠᠶᠢᠳᠠᠭ᠃

ᠬᠥᠷᠦᠰᠦᠨ ᠦ ᠮᠤᠵᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠩᠭᠠᠢ ᠶᠢᠨ ᠠᠭᠤᠷ ᠠᠮᠢᠰᠬᠤᠯ ᠤᠨ ᠶᠡᠬᠡ ᠮᠤᠵᠢ ᠶᠢᠨ ᠬᠠᠭᠠᠰ ᠴᠢᠭᠢᠭ᠍ᠯᠢ᠍ᠭ᠌ ᠥᠨᠳᠥᠷᠰᠢᠯ ᠤᠨ ᠪᠦᠰᠡᠴᠢᠯᠡᠯ ᠪᠣᠯᠬᠤ ᠬᠡᠨᠲᠡᠢ ᠶᠢᠨ ᠡᠮᠦᠨᠡᠲᠦ ᠲᠣᠭᠣᠷᠢᠭ ᠲᠤ ᠪᠠᠭᠳᠠᠨ᠎ᠠ᠃ ᠡᠩ ᠬᠠᠳᠠ ᠠᠰᠬ᠎ᠠ ᠪᠦᠬᠦᠢ ᠠᠭᠤᠯᠠ ᠶᠢᠨ ᠲᠡᠭᠰᠢ ᠣᠷᠣᠢ ᠳᠤ ᠠᠭᠤᠯᠠ ᠶᠢᠨ ᠨᠤᠭᠤ ᠶᠢᠨ ᠬᠥᠷᠥᠰᠥ᠂ ᠲᠡᠭᠦᠨ ᠡᠴᠡ ᠳᠣᠭᠣᠭᠰᠢ ᠣᠢ ᠲᠠᠶᠢᠭ᠎ᠠ ᠶᠢᠨ ᠬᠥᠷᠥᠰᠥ᠂ ᠣᠢ ᠮᠣᠳᠣ ᠦᠭᠡᠢ ᠠᠷᠤ ᠥᠪᠥᠷ ᠬᠠᠵᠠᠭᠤ ᠪᠣᠯᠤᠨ ᠥᠷᠭᠡᠨ ᠠᠮᠠ ᠤᠳ ᠲᠤ ᠨᠢ ᠬᠡᠭᠡᠷ᠎ᠡ ᠶᠢᠨ ᠬᠥᠷᠥᠰᠥ ᠲᠠᠷᠬᠠᠨ᠎ᠠ᠃ ᠲᠠᠶᠢᠭ᠎ᠠ ᠶᠢᠨ ᠬᠥᠷᠥᠰᠥ ᠶᠡᠬᠡᠩᠬᠢ ᠲᠠᠯᠠᠪᠠᠢ ᠶᠢ ᠨᠢ ᠡᠵᠡᠯᠡᠨ᠎ᠡ᠃ ᠬᠡᠳᠦᠢ ᠪᠡᠷ ᠬᠡᠨᠲᠡᠢ ᠶᠢᠨ ᠭᠣᠣᠯ ᠨᠢᠷᠤᠭᠤᠨ ᠠᠴᠠ ᠲᠠᠰᠤᠷᠠᠭᠰᠠᠨ ᠲᠤᠰᠠᠭᠠᠷ ᠤᠷᠤᠰᠢᠬᠤ ᠪᠣᠯᠪᠠᠴᠤ ᠥᠨᠳᠥᠷ ᠦᠨ ᠪᠣᠯᠤᠨ ᠠᠭᠤᠯᠠᠷᠬᠠᠭ ᠬᠣᠲᠣᠭᠣᠷ᠂ ᠭᠦᠳᠦᠭᠦᠷ ᠦᠨ ᠨᠥᠯᠥᠭᠡ ᠪᠡᠷ ᠥᠨᠳᠥᠷ ᠠᠭᠤᠯᠠ ᠶᠢᠨ ᠨᠤᠭᠤ ᠶᠢᠨᠠᠭᠤᠯᠠ ᠶᠢᠨ ᠴᠡᠪᠳᠡᠭᠲᠦ ᠪᠣᠯᠤᠨ ᠰᠢᠷᠢᠭᠢᠳᠦ ᠲᠠᠶᠢᠭ᠎ᠠ ᠶᠢᠨᠣᠢ ᠶᠢᠨ ᠪᠠᠷᠠᠭᠠᠨᠬᠠᠷ᠎ᠠ ᠰᠢᠷᠤᠢ ᠶᠢᠨᠬᠠᠷ᠎ᠠ ᠬᠦᠷᠢᠨᠠᠮᠠ ᠬᠥᠨᠳᠡᠢ ᠶᠢᠨ ᠬᠠᠷ᠎ᠠ ᠬᠦᠷᠢᠨᠨᠤᠭᠤ ᠶᠢᠨ ᠬᠥᠷᠥᠰᠥ ᠭᠣᠣᠯᠯᠠᠵᠤ ᠲᠠᠷᠬᠠᠵᠠᠢ᠃

ᠠᠮᠢᠲᠠᠨ᠂ ᠤᠷᠭᠤᠮᠠᠯ ᠤᠨ ᠠᠶᠢᠮᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠨᠲᠡᠢ ᠶᠢᠨ ᠨᠢᠷᠤᠭᠤᠨ ᠤ ᠭᠣᠣᠯᠯᠠᠬᠤ ᠠᠮᠢᠲᠠᠨ ᠤ ᠠᠶᠢᠮᠠᠭ ᠢ ᠪᠦᠷᠢᠳᠦᠭᠦᠯᠦᠭᠴᠢ ᠬᠥᠬᠥᠲᠡᠨ ᠠᠮᠢᠲᠠᠳ ᠤᠨ ᠨᠤᠲᠤᠭᠰᠢᠯ ᠤᠨ ᠬᠠᠮᠤᠭ ᠤᠨ ᠤᠷᠳᠤ ᠬᠢᠯᠢ ᠨᠢ ᠪᠣᠭᠳᠠ ᠬᠠᠨ ᠠᠭᠤᠯᠠ ᠪᠣᠯᠤᠨ᠎ᠠ᠃ ᠲᠠᠷᠪᠠᠭ᠎ᠠᠵᠤᠷᠠᠮ᠎ᠠᠵᠠᠷᠠᠭ᠎ᠠᠮᠠᠨᠤᠤᠯᠪᠤᠯᠠᠭ᠎ᠠᠰᠢᠯᠦᠭᠦᠰᠦᠪᠤᠭᠤ᠂ ᠪᠣᠷᠣ ᠭᠥᠷᠦᠭᠡᠰᠦ ᠡᠴᠡ᠂ ᠠᠷᠭᠠᠯᠢᠶᠠᠩᠭᠢᠷ ᠲᠡᠷᠢᠭᠦᠲᠡᠨ 56 ᠵᠦᠢᠯ ᠦᠨ ᠬᠥᠬᠥᠲᠡᠨ ᠠᠮᠢᠲᠠᠨ ᠪᠦᠷᠢᠳᠬᠡᠭᠳᠡᠭᠰᠡᠨ ᠪᠠᠶᠢᠳᠠᠭ᠃

ᠵᠢᠭᠦᠷᠲᠡᠨ ᠰᠢᠪᠠᠭᠤᠳ ᠠᠴᠠ ᠪᠥᠲᠥᠨ᠎ᠡᠪᠣᠯᠵᠣᠮᠣᠷᠬᠠᠷᠢᠶᠠᠴᠠᠢᠬᠠᠶᠢᠷᠠᠭᠤᠯᠳᠠᠢᠲᠣᠭᠣᠷᠤᠤᠥᠷᠪᠢ ᠲᠠᠰᠬᠠᠷᠴᠠᠭᠠᠢᠱᠣᠩᠬᠣᠷᠪᠦᠷᠭᠦᠳ ᠵᠡᠷᠭᠡ 194 ᠵᠦᠢᠯ ᠦᠨ ᠰᠢᠪᠠᠭᠤ ᠪᠦᠷᠢᠳᠬᠡᠭᠳᠡᠵᠡᠢ᠃

ᠤᠷᠭᠤᠮᠠᠯ ᠤᠨ ᠠᠶᠢᠮᠠᠭ ᠤᠨ ᠬᠤᠪᠢ ᠳᠤ ᠨᠡᠶᠢᠲᠡ ᠲᠠᠯᠠᠪᠠᠢ ᠶᠢᠨ 55.8 ᠬᠤᠪᠢ ᠶᠢ ᠰᠢᠨᠡᠰᠦᠭᠠᠴᠤᠤᠷᠬᠤᠰᠢᠨᠠᠷᠠᠰᠤᠬᠤᠰᠤ᠂ ᠪᠤᠲᠠ ᠰᠥᠭᠦᠭ ᠡᠴᠡ ᠪᠦᠷᠢᠳᠦᠭᠰᠡᠨ ᠣᠢ ᠮᠣᠳᠣ ᠡᠵᠡᠯᠡᠨ᠎ᠡ᠃ ᠠᠭᠤᠯᠠ ᠶᠢᠨ ᠣᠷᠣᠢ ᠶᠢᠨ ᠬᠡᠰᠡᠭ᠂ ᠪᠠᠷᠠᠭᠤᠨ᠂ ᠪᠠᠷᠠᠭᠤᠨ ᠬᠣᠢᠳᠤ ᠲᠠᠯ᠎ᠠ ᠶᠢᠨ ᠵᠠᠷᠢᠮ ᠭᠠᠵᠠᠷ ᠲᠤ ᠬᠤᠰᠢᠭ ᠣᠢ ᠵᠣᠩᠬᠢᠯᠠᠬᠤ ᠪᠣᠯ᠂ ᠪᠠᠷᠠᠭᠤᠨ ᠤᠷᠢᠳᠤ ᠪᠠ ᠡᠮᠦᠨᠡᠲᠦ ᠬᠡᠰᠡᠭ ᠢᠶᠡᠷ ᠭᠠᠴᠤᠤᠷ ᠤᠨ ᠣᠢ᠂ ᠪᠠᠷᠠᠭᠤᠨ ᠤᠷᠢᠳᠤ ᠬᠡᠰᠡᠭ ᠢᠶᠡᠷ ᠨᠠᠷᠠᠰᠤᠨ ᠣᠢ᠂ ᠬᠣᠶᠢᠳᠤ ᠪᠠ ᠵᠡᠭᠦᠨ ᠬᠡᠰᠡᠭ ᠢᠶᠡᠷ ᠰᠢᠨᠡᠰᠦᠨ ᠣᠢ ᠵᠣᠩᠬᠢᠯᠳᠤᠨ ᠲᠠᠷᠬᠠᠭᠰᠠᠨ ᠪᠠᠶᠢᠨ᠎ᠠ᠃ ᠡᠨᠳᠡ 70 ᠣᠪᠤᠭ ᠤᠨ᠂ 256 ᠲᠥᠷᠥᠯ ᠦᠨ᠂ 587 ᠵᠦᠢᠯ ᠦᠨ ᠤᠷᠭᠤᠮᠠᠯ ᠤᠷᠭᠤᠳᠠᠭ᠃

ᠲᠡᠦᠬᠡᠨ ᠲᠣᠪᠴᠢᠶᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠶᠡᠬᠡ ᠲᠩᠷᠢ ᠶᠢᠨ ᠠᠮᠠᠨ ᠳᠤ ᠪᠠᠶᠢᠭ᠎ᠠ ᠬᠠᠳᠠᠨ ᠤ ᠰᠦᠭ ᠵᠢᠷᠤᠭ ᠲᠡᠷᠢᠭᠦᠲᠡᠨ ᠢ ᠦᠵᠡᠬᠦ ᠳᠦ ᠯᠠᠪᠲᠠᠶ᠎ ᠠᠯᠢ ᠬᠦᠷᠡᠯ ᠵᠡᠪᠰᠡᠭ ᠦᠨ ᠦᠶᠡᠰ ᠬᠦᠮᠦᠨ ᠰᠠᠭᠤᠷᠢᠰᠢᠵᠤ ᠪᠠᠶᠢᠭᠰᠠᠨ ᠤᠯᠠ ᠮᠥᠷ ᠪᠠᠶᠢᠳᠠᠭ᠃ ᠪᠣᠭᠳᠠ ᠬᠠᠨ ᠠᠭᠤᠯᠠ ᠡᠷᠲᠡᠨ ᠡᠴᠡ ᠪᠥᠭᠡ ᠮᠥᠷᠭᠥᠯ ᠦᠨ ᠰᠢᠲᠦᠭᠡᠨ᠂ ᠲᠠᠶᠢᠯᠭ᠎ᠠ ᠲᠠᠬᠢᠯᠭ᠎ᠠ ᠶᠢᠨ ᠭᠠᠵᠠᠷ ᠪᠠᠶᠢᠭᠰᠠᠨ ᠪᠥᠭᠡᠳ 13 ᠍ᠳ᠋ᠤᠭᠠᠷ ᠵᠠᠭᠤᠨ ᠤ ᠦᠶᠡᠰ ᠬᠡᠷᠡᠶᠢᠳ ᠤᠨ ᠸᠠᠩ ᠬᠠᠨ ᠲᠤᠤᠯᠠ ᠶᠢᠨ ᠬᠠᠷ᠎ᠠ ᠰᠢᠭᠤᠢ ᠳᠤ ᠨᠤᠲᠤᠭᠯᠠᠵᠤ ᠪᠠᠶᠢᠬᠤ ᠳᠤ ᠪᠠᠨ ᠬᠠᠨ ᠠᠭᠤᠯᠠᠨ ᠳᠤ ᠠᠩ ᠭᠥᠷᠦᠭᠡ ᠬᠢᠬᠦ᠂ ᠭᠠᠯ ᠬᠥᠰᠦ ᠲᠦᠯᠡᠬᠦ ᠶᠢ ᠬᠣᠷᠢᠭᠯᠠᠳᠠᠭ ᠪᠠᠶᠢᠵᠠᠢ᠃

ᠮᠠᠨᠵᠤ ᠶᠢᠨ ᠬᠠᠭᠠᠨ ᠲᠩᠷᠢ ᠲᠡᠳᠬᠦᠭᠴᠢ ᠶᠢᠨ 43 ᠳ᠋ᠤᠭᠠᠷ ᠤᠨ ᠪᠤᠶᠤ ᠨᠡᠶᠢᠲᠡ ᠶᠢᠨ ᠲᠣᠭᠠᠯᠠᠯ ᠤᠨ 1778 ᠤᠨ ᠳᠤ ᠶᠡᠬᠡ ᠬᠦᠷᠢᠶ᠎ᠡ ᠶᠢᠨ ᠰᠠᠶᠢᠳ ᠸᠠᠩ ᠶᠤᠨᠳᠤᠨᠳᠣᠷᠵᠢ᠂ ᠬᠠᠷᠢᠶ᠎ᠠ ᠲᠦᠰᠢᠮᠡᠯ ᠰᠠᠩᠵᠠᠳᠣᠷᠵᠢ ᠨᠠᠷ ᠤᠨ ᠠᠶᠢᠯᠠᠳᠬᠠᠯ ᠪᠢᠴᠢᠭ ᠢᠶᠡᠷ ᠪᠣᠭᠳᠠ ᠬᠠᠨ ᠠᠭᠤᠯᠠ ᠶᠢ ᠵᠠᠷᠯᠢᠭ ᠢᠶᠠᠷ ᠲᠠᠬᠢᠵᠤ ᠪᠠᠶᠢᠬᠤ ᠪᠣᠯᠤᠭᠰᠠᠨ ᠭᠡᠰᠡᠨ ᠲᠡᠦᠬᠡᠨ ᠮᠡᠳᠡᠭᠡ ᠪᠠᠶᠢᠳᠠᠭ᠃ ᠳᠡᠭᠡᠷᠡᠬᠢ  ᠶᠤᠨᠳᠤᠨᠳᠣᠷᠵᠢ ᠸᠠᠩ ᠪᠣᠯᠤᠨ ᠰᠠᠩᠵᠠᠳᠣᠷᠵᠢ ᠲᠦᠰᠢᠮᠡᠯ ᠨᠠᠷ ᠤᠨ ᠰᠠᠨᠠᠯ ᠢᠶᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠴᠣᠯᠠ ᠶᠢ ᠬᠠᠨ ᠠᠭᠤᠯᠠᠨ ᠳᠤ ᠡᠷᠭᠦᠭᠰᠡᠨ ᠢᠶᠡᠷ ᠪᠣᠭᠳᠠ ᠬᠠᠨ ᠠᠭᠤᠯᠠ ᠭᠡᠬᠦ ᠪᠣᠯᠤᠭᠰᠠᠨ ᠭᠡᠳᠡᠭ᠃ ᠡᠨᠡ ᠠᠭᠤᠯᠠ ᠶᠢᠨ ᠬᠣᠶᠠᠷ ᠨᠣᠶᠠᠨ ᠣᠷᠭᠢᠯ ᠳᠤ ᠴᠡᠴᠡ ᠭᠦᠩ᠂ ᠲᠦᠰᠢᠶ᠎ᠡ ᠭᠦᠩ ᠭᠡᠰᠡᠨ ᠴᠣᠯᠠ ᠣᠯᠭᠤᠵᠤ᠂ ᠵᠢᠯ ᠪᠦᠷᠢ ᠤᠯᠤᠰ ᠤᠨ ᠰᠠᠩ ᠠᠴᠠ ᠴᠠᠯᠢᠩ ᠫᠦᠩᠯᠦ ᠣᠯᠭᠤᠳᠠᠭ ᠪᠠᠶᠢᠭᠰᠠᠨ ᠪᠠᠶᠢᠨ᠎ᠠ᠃ ᠮᠥᠨ ᠡᠨᠡ ᠦᠶᠡᠰ ᠪᠣᠭᠳᠠ ᠬᠠᠨ ᠠᠭᠤᠯᠠᠨ ᠳᠤ ᠲᠩᠷᠢ ᠲᠡᠳᠬᠦᠭᠴᠢ ᠴᠠᠭᠠᠨ ᠯᠠᠪᠠᠢ ᠳᠦᠩᠵᠢᠨᠭᠠᠷᠪᠣ ᠭᠡᠳᠡᠭ ᠨᠡᠷ᠎ᠡ ᠶᠢ ᠥᠭᠭᠦᠭᠰᠡᠨ ᠭᠡᠳᠡᠭ᠃ ᠪᠣᠭᠳᠠ ᠠᠭᠤᠯᠠ ᠶᠢᠨ ᠪᠠᠷ᠎ᠠ ᠬᠠᠷᠠᠭᠳᠠᠬᠤ ᠭᠠᠵᠠᠷ ᠬᠦᠮᠦᠨ ᠴᠠᠭᠠᠵᠠ ᠪᠠᠷ ᠠᠪᠳᠠᠭ ᠦᠭᠡᠢ ᠪᠠᠶᠢᠭᠰᠠᠨ ᠭᠡᠳᠡᠭ᠃ ᠲᠩᠷᠢ ᠶᠢ ᠲᠡᠳᠬᠦᠭᠴᠢ ᠬᠠᠭᠠᠨ ᠤ ᠵᠠᠷᠯᠢᠭ ᠭᠠᠷᠤᠭᠰᠠᠨ ᠤ ᠳᠠᠷᠠᠭ᠎ᠠ ᠠᠴᠠ 1779 ᠤᠨ ᠤ ᠰᠢᠷᠠᠭᠴᠢᠨ ᠭᠠᠬᠠᠢ ᠵᠢᠯ ᠬᠠᠯᠬ᠎ᠠ ᠳᠥᠷᠪᠡᠨ ᠠᠶᠢᠮᠠᠭ᠂ ᠱᠠᠪᠢ ᠲᠠᠪᠤ ᠪᠠᠷ ᠢᠶᠠᠨ ᠨᠡᠶᠢᠯᠡᠨ ᠲᠠᠬᠢᠭᠰᠠᠨ ᠠᠴᠠ ᠬᠣᠶᠢᠰᠢ ᠵᠠᠷᠯᠢᠭ ᠢᠶᠠᠷ ᠵᠢᠯ ᠳᠤ ᠬᠣᠶᠠᠷ ᠤᠳᠠᠭ᠎ᠠ ᠵᠤᠨ᠂ ᠨᠠᠮᠤᠷ ᠲᠤ ᠲᠠᠬᠢᠳᠠᠭ ᠪᠣᠯᠤᠭᠰᠠᠨ ᠭᠡᠳᠡᠭ᠃ ᠬᠤᠪᠢᠰᠬᠠᠯ ᠤᠨ ᠵᠢᠯ ᠤᠳ ᠲᠤ ᠬᠠᠨ ᠠᠭᠤᠯᠠ ᠶᠢᠨ ᠲᠠᠬᠢᠯᠭ᠎ᠠ ᠲᠠᠰᠤᠯᠳᠠᠭᠰᠠᠨ ᠪᠠᠶᠢᠭᠰᠠᠨ ᠴᠤ 1995 ᠤᠨ ᠤᠯᠠᠭᠠᠨᠪᠠᠭᠠᠲᠤᠷ ᠬᠣᠲᠠ ᠡᠭᠦᠰᠬᠡᠨ ᠪᠠᠶᠢᠭᠤᠯᠤᠭᠳᠠᠰᠤᠨ ᠤ 365 ᠵᠢᠯ ᠦᠨ ᠣᠢ ᠪᠠᠷ ᠴᠡᠴᠡ ᠭᠦᠩ ᠦᠨ ᠣᠷᠭᠢᠯ ᠢ ᠲᠠᠬᠢᠵᠤ᠂ 1995 ᠤᠨ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠫ᠂ ᠸᠴᠢᠷᠪᠠᠲᠤ ᠪᠣᠭᠳᠠ ᠬᠠᠨ ᠠᠭᠤᠯᠠ ᠶᠢ ᠲᠠᠬᠢᠬᠤ ᠰᠠᠨᠠᠭᠠᠴᠢᠯᠭ᠎ᠠ ᠶᠢ ᠳᠡᠮᠵᠢᠭᠰᠡᠨ ᠵᠠᠷᠯᠢᠭ ᠭᠠᠷᠭᠠᠨ[1]᠃᠂ 2004 ᠤᠨ ᠠᠴᠠ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ᠲᠥᠷᠥ ᠶᠢᠨ ᠲᠠᠬᠢᠯᠭ᠎ᠠ ᠲᠠᠢ ᠠᠭᠤᠯᠠᠰ ᠤᠨ ᠨᠢᠭᠡ ᠪᠣᠯᠭᠠᠵᠤ 5 ᠵᠢᠯ ᠳᠤ ᠨᠢᠭᠡ ᠤᠳᠠᠭ᠎ᠠ ᠲᠥᠷᠥ ᠶᠢᠨ ᠲᠠᠬᠢᠯᠭ᠎ᠠ ᠦᠢᠯᠡᠳᠬᠦ ᠪᠤᠯᠤᠭᠰᠠᠨ ᠪᠠᠶᠢᠨ᠎ᠠ᠃

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠴ᠂ ᠠᠳᠢᠶᠠᠰᠦ᠋ᠷᠦᠩ᠂ ᠪᠣᠭᠳᠠ ᠬᠠᠨ ᠠᠭᠤᠯᠠ ᠶᠢᠨ ᠡᠺᠣᠰᠢᠰᠲ᠋ᠧᠮ᠂ ᠮᠣᠩᠭᠣᠯ ᠤᠯᠤᠰ ᠤᠨ ᠪᠠᠶᠢᠭᠠᠯᠢ ᠣᠷᠴᠢᠨ ᠤ ᠶᠠᠮᠤ᠃ 1997᠂ ᠤᠯᠠᠭᠠᠨᠪᠠᠭᠠᠲᠤᠷ
  • ᠰ᠂ ᠳᠤᠯᠮ᠎ᠠ᠂ ᠬᠦᠷᠢᠶ᠎ᠡ ᠳᠥᠷᠪᠡᠨ ᠠᠭᠤᠯᠠ ᠶᠢᠨ ᠲᠠᠬᠢᠯᠭ᠎ᠠ᠂ ᠪᠡᠯᠭᠡᠳᠡᠯ᠂ ᠤᠯᠠᠭᠠᠨᠪᠠᠭᠠᠲᠤᠷ᠂ 2004
  •  ᠴᠤ᠂ ᠠᠷᠢᠶᠠᠰᠦ᠋ᠷᠦᠩ᠂ ᠮᠣᠩᠭᠣᠯ ᠶᠣᠰᠣ ᠵᠠᠩᠰᠢᠯ ᠤᠨ ᠶᠡᠬᠡ ᠲᠣᠯᠢ᠂ ᠤᠯᠠᠭᠠᠨᠪᠠᠭᠠᠲᠤᠷ᠂ 2001
  1. ТӨРИЙН ТАХИЛГАТ УУЛ. www.touristinfocenter.mn.

ᠭᠠᠳᠠᠨ᠎ᠠ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ