ᠪᠣᠭᠳᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠣᠭᠳᠠ ᠬᠡᠮᠡᠬᠦ ᠨᠡᠷ᠎ᠡ ᠶᠢᠨ ᠤᠴᠢᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠭᠳᠠ ᠡᠵᠡᠨ ᠴᠢᠩᠭᠢᠰ ᠬᠠᠭᠠᠨ
ᠰᠢᠯᠢ ᠶᠢᠨ ᠪᠤᠭᠳᠠ ᠠᠭᠤᠯᠠ

ᠪᠣᠭᠳᠠ ᠭᠡᠳᠡᠭ ᠦᠭᠡ ᠪᠣᠯ ᠪᠤᠳ᠋ᠳ᠋ᠾᠠ ᠭᠡᠰᠡᠨ ᠤᠳᠬ᠎ᠠ ᠪᠦᠬᠦᠢ ᠮᠣᠩᠭᠣᠯᠴᠤᠳ ᠤᠨ ᠳᠤᠮᠳᠠ ᠠᠷᠢᠭᠤᠨ ᠳᠡᠭᠡᠳᠦ ᠰᠢᠲᠦᠭᠡᠨ ᠪᠣᠯᠤᠭᠰᠠᠨ ᠬᠦᠮᠦᠨ᠂ ᠡᠰᠡᠪᠡᠯ ᠥᠨᠳᠥᠷ ᠳᠡᠭᠡᠳᠦ ᠰᠢᠲᠦᠯᠭᠡᠳᠦ ᠠᠭᠤᠯᠠ ᠬᠠᠶᠢᠷᠬᠠᠨ ᠢ ᠨᠡᠷᠡᠯᠡᠬᠦ ᠳᠦ ᠬᠡᠷᠡᠭᠯᠡᠳᠡᠭ ᠦᠭᠡ᠃ ᠤᠭ ᠦᠭᠡ ᠶᠢ ᠭᠠᠷᠪᠠᠯ ᠢ ᠡᠷᠳᠡᠮᠲᠡᠳ ᠮᠣᠩᠭᠣᠯ ᠬᠡᠯᠡᠨ ᠳᠦ ᠤᠶᠢᠭᠤᠷ ᠬᠡᠯᠡ ᠪᠡᠷ ᠳᠠᠮᠵᠢᠨ ᠣᠷᠣᠭᠰᠠᠨ ᠦᠭᠡ ᠭᠡᠵᠦ ᠦᠵᠡᠳᠡᠭ ᠪᠥᠭᠡᠳ ᠤᠭ ᠨᠢ ᠰᠠᠨᠰᠺᠷᠢᠳ᠋ ᠬᠡᠯᠡᠨ ᠦ ᠪᠤᠷᠬᠠᠨ ᠭᠡᠰᠡᠨ ᠤᠳᠬ᠎ᠠ ᠲᠠᠢ ᠪᠤᠳ᠋ᠳ᠋ᠾᠠ ᠭᠡᠳᠡᠭ ᠦᠭᠡ ᠤᠶᠢᠭᠤᠷ ᠬᠡᠯᠡᠨ ᠳᠤ ᠣᠷᠣᠬᠤ ᠳᠤ ᠪᠠᠨ ᠲᠤᠬᠠᠢ ᠶᠢᠨ ᠬᠡᠯᠡᠨ ᠦ ᠣᠨᠴᠠᠯᠢᠭ ᠪᠠᠶᠢᠳᠠᠯ ᠠᠴᠠ ᠪᠣᠯᠵᠤ ᠪᠤᠷᠬᠠᠨ ᠪᠣᠯᠤᠨ ᠬᠤᠪᠢᠷᠠᠭᠰᠠᠨ ᠭᠡᠵᠦ ᠦᠵᠡᠳᠡᠭ ᠪᠠᠶᠢᠨ᠎ᠠ᠃ ᠤᠶᠢᠭᠤᠷ ᠬᠡᠯᠡᠨ ᠳᠦ ᠪᠤᠳ᠋ᠳ᠋ᠾᠠ ᠬᠡᠮᠡᠬᠦ ᠶᠢ ᠡᠬᠢᠨ ᠦ 《ᠳᠠ》 ᠭᠡᠶᠢᠭᠦᠯᠦᠭᠴᠢ 《ᠭᠠ》 ᠪᠣᠯᠵᠤ᠂ ᠬᠡᠯᠡᠨ ᠦ ᠤᠭ ᠤᠨ ᠰᠤᠯᠠ ᠳᠠᠭᠤᠳᠠᠯᠭ᠎ᠠ ᠲᠠᠢ 《ᠳᠬᠠ》 ᠭᠡᠶᠢᠭᠦᠯᠦᠭᠴᠢ ᠤᠶᠢᠭᠤᠷ ᠬᠡᠳᠦᠨ ᠦ ᠰᠢᠳᠦᠨ ᠦ 《ᠳᠠ》 ᠭᠡᠶᠢᠭᠦᠯᠦᠭᠴᠢ ᠪᠣᠯᠤᠨ ᠳᠠᠭᠤᠳᠠᠭᠳᠠᠭᠰᠠᠨ ᠠᠴᠠ ᠪᠤᠭᠳᠠ ᠪᠣᠯᠤᠨ ᠬᠤᠪᠢᠷᠠᠭᠰᠠᠨ ᠨᠢ ᠮᠣᠩᠭᠣᠯ ᠬᠡᠯᠡᠨ ᠳᠦ ᠣᠷᠣᠬᠤ ᠳᠤ ᠪᠠᠨ ᠪᠤᠭᠳᠠ ᠭᠡᠰᠡᠨ ᠦᠭᠡ ᠪᠣᠯᠵᠤ ᠬᠤᠪᠢᠷᠠᠭᠰᠠᠨ ᠭᠡᠵᠦ ᠦᠵᠡᠳᠡᠭ ᠪᠠᠶᠢᠨ᠎ᠠ᠃ ᠲᠡᠶᠢᠮᠦ ᠡᠴᠡ ᠪᠣᠭᠳᠠ ᠭᠡᠳᠡᠭ ᠦᠭᠡ ᠶᠢ ᠪᠤᠷᠬᠠᠨ ᠭᠡᠵᠦ ᠤᠬᠠᠨ ᠤᠶᠢᠯᠠᠭᠠᠬᠤ ᠪᠣᠯᠵᠤ᠂ ᠤᠯᠠᠮ ᠢᠶᠠᠷ ᠪᠣᠭᠳᠠ ᠬᠦᠮᠦᠨ᠂ ᠪᠣᠭᠳᠠ ᠰᠤᠷᠭᠠᠯ᠂ ᠪᠣᠭᠳᠠ ᠯᠠᠮ᠎ᠠ᠂ ᠪᠣᠭᠳᠠ ᠠᠭᠤᠯᠠ ᠭᠡᠰᠡᠨ ᠨᠡᠷᠡᠰ ᠡᠭᠦᠰᠦᠨ ᠪᠤᠢ ᠪᠣᠯᠵᠠᠢ᠃

ᠪᠣᠭᠳᠠ ᠭᠡᠳᠡᠭ ᠨᠢ ᠪᠤᠷᠬᠠᠨ ᠮᠡᠲᠦ ᠣᠨᠴᠠᠭᠠᠢ ᠲᠣᠳᠣᠷᠠᠭᠰᠠᠨ ᠰᠣᠳᠣᠨ᠂ ᠭᠡᠭᠡᠷᠡᠭᠰᠡᠨ᠂ ᠰᠡᠴᠡᠨ᠂ ᠮᠡᠷᠭᠡᠨ᠂ ᠳᠡᠭᠡᠳᠦ ᠶᠢᠨ ᠳᠡᠭᠡᠳᠦ ᠭᠡᠰᠡᠨ ᠤᠳᠬ᠎ᠠ ᠶᠢ ᠢᠯᠡᠷᠬᠡᠶᠢᠯᠡᠳᠡᠭ᠃ ᠴᠢᠩᠭᠢᠰ ᠬᠠᠭᠠᠨ ᠢ ᠪᠤᠷᠬᠠᠨ ᠲᠠᠢ ᠠᠳᠠᠯᠢ ᠳᠡᠭᠡᠳᠦᠯᠡᠨ ᠰᠢᠲᠦᠬᠦ ᠪᠣᠯᠰᠠᠨ᠎ᠠ ᠪᠠᠷ ᠪᠣᠭᠳᠠ ᠡᠵᠡᠨ ᠴᠢᠩᠭᠢᠰ ᠬᠠᠭᠠᠨ ᠭᠡᠬᠦ ᠪᠣᠯᠤᠭᠰᠠᠨ ᠪᠣᠯ ᠮᠣᠩᠭᠣᠯ ᠤᠨ ᠠᠩᠬ᠎ᠠ ᠶᠢᠨ ᠬᠤᠪᠢᠯᠭᠠᠨ ᠵᠢᠪᠡᠵᠦᠨᠳᠠᠮᠪᠠ ᠬᠤᠲᠤᠭᠲᠤ ᠶᠢᠨ ᠠᠩᠬᠠᠳᠤᠭᠠᠷ ᠳᠦᠷᠢ ᠥᠨᠳᠥᠷ ᠭᠡᠭᠡᠨ ᠵᠠᠨᠠᠪᠠᠽᠠᠷ ᠢ ᠪᠠᠨ ᠪᠤᠷᠬᠠᠨ ᠮᠡᠲᠦ ᠬᠣᠪᠣᠷ ᠯᠠᠮᠠ ᠬᠡᠮᠡᠨ ᠪᠣᠭᠳᠠ ᠭᠡᠵᠦ ᠨᠡᠷᠡᠯᠡᠵᠦ᠂ 1911 ᠤᠨ ᠳᠤ ᠮᠠᠨᠵᠤ ᠠᠴᠠ ᠲᠤᠭᠤᠷᠭ᠎ᠠ ᠲᠤᠰᠠᠭᠠᠷ ᠤᠯᠤᠰ ᠪᠣᠯᠬᠤ ᠳᠤ ᠪᠠᠨ ᠨᠠᠶᠢᠮᠠᠳᠤᠭᠠᠷ ᠪᠣᠭᠳᠠ ᠵᠢᠪᠡᠵᠦᠩᠳᠠᠮᠪᠠ ᠶᠢ ᠬᠠᠭᠠᠨ ᠰᠢᠷᠡᠭᠡᠨ ᠳᠦ ᠵᠠᠯᠠᠵᠤ᠂ ᠣᠯᠠᠨ᠎ᠠ ᠡᠷᠭᠦᠭᠳᠡᠭᠰᠡᠨ ᠪᠣᠭᠳᠠ ᠬᠠᠭᠠᠨ ᠭᠡᠵᠦ ᠬᠡᠮᠡᠨ ᠡᠷᠭᠦᠮᠵᠢᠯᠡᠵᠦ᠂ ᠲᠥᠷᠥ ᠤᠯᠤᠰ ᠢᠶᠠᠨ ᠣᠯᠠᠨ᠎ᠠ ᠡᠷᠭᠦᠭᠳᠡᠭᠰᠡᠨ ᠪᠣᠭᠳᠠ ᠬᠠᠭᠠᠨᠲᠤ ᠮᠣᠩᠭᠣᠯ ᠤᠯᠤᠰ ᠭᠡᠵᠦ ᠲᠤᠩᠬᠠᠭᠯᠠᠨ ᠵᠠᠷᠯᠠᠵᠤ ᠪᠠᠶᠢᠭᠰᠠᠨ ᠪᠢᠯᠡ᠃

ᠲᠡᠭᠦᠨᠴᠢᠯᠡᠨ ᠮᠣᠩᠭᠣᠯᠴᠤᠳ ᠪᠤᠰᠤᠳ ᠠᠴᠠ ᠣᠨᠴᠠᠭᠠᠢ᠂ ᠥᠨᠳᠥᠷᠯᠢᠭ᠂ ᠢᠯᠭᠠᠷᠠᠩᠭᠤᠢ ᠠᠭᠤᠯᠠ ᠶᠢ ᠪᠣᠭᠳᠠ ᠭᠡᠵᠦ ᠨᠡᠷᠡᠯᠡᠭᠰᠡᠨ ᠪᠠᠶᠢᠬᠤ ᠪᠥᠭᠡᠳ ᠡᠶᠢᠮᠦ ᠨᠡᠷ᠎ᠡ ᠲᠡᠢ ᠠᠭᠤᠯᠠᠰ ᠨᠢ ᠶᠡᠬᠡᠪᠴᠢᠯᠡᠨ ᠲᠠᠯ᠎ᠠ ᠬᠡᠭᠡᠷ᠎ᠡ ᠶᠢᠨ ᠪᠥᠰᠡ ᠳᠦ ᠲᠣᠬᠢᠶᠠᠯᠳᠤᠨ᠎ᠠ᠃ ᠲᠡᠶᠢᠮᠦ ᠨᠡᠷ᠎ᠡ ᠲᠡᠢ ᠠᠭᠤᠯᠠᠰ ᠨᠢ ᠬᠠᠶᠢᠷᠬᠠᠨ ᠨᠡᠷ᠎ᠡ ᠲᠡᠢ ᠠᠭᠤᠯᠠᠰ ᠲᠠᠢ ᠠᠳᠠᠯᠢ ᠬᠠᠳᠠ ᠪᠠᠷᠲᠠᠭ᠎ᠠ ᠶᠡᠬᠡ ᠲᠡᠢ ᠪᠢᠰᠢ᠂ ᠬᠠᠷᠢᠨ ᠬᠠᠪᠢ ᠣᠶᠢᠷ᠎ᠠ ᠳᠠᠭᠠᠨ ᠰᠣᠳᠣᠨ ᠨᠣᠶᠠᠯᠢᠭ ᠠᠭᠤᠯᠠ ᠪᠠᠶᠢᠳᠠᠭ ᠪᠠᠶᠢᠨ᠎ᠠ᠃ ᠭᠣᠪᠢ ᠶᠢᠨ ᠰᠦᠷᠯᠢᠭ ᠰᠣᠳᠣᠨ ᠠᠭᠤᠯᠠᠰ ᠡᠶᠢᠮᠦ ᠨᠡᠷ᠎ᠡ ᠲᠡᠢ ᠪᠠᠶᠢᠬᠤ ᠨᠢ ᠡᠯᠪᠡᠭ ᠪᠠᠶᠢᠳᠠᠭ᠃ ᠡᠶᠢᠮᠦ ᠡᠴᠡ ᠪᠣᠭᠳᠠ ᠨᠡᠷ᠎ᠡ ᠲᠡᠢ ᠠᠭᠤᠯᠠᠰ ᠨᠢ ᠪᠤᠷᠬᠠᠨ ᠮᠡᠲᠦ ᠣᠨᠴᠠᠭᠠᠢ ᠲᠣᠳᠣᠷᠠᠭᠰᠠᠨ ᠰᠣᠳᠣᠨ ᠠᠭᠤᠯᠠ ᠶᠢᠨ ᠨᠡᠷ᠎ᠡ ᠪᠣᠯᠳᠠᠭ ᠪᠠᠶᠢᠨ᠎ᠠ᠃ ᠶᠡᠬᠡ ᠪᠣᠭᠳᠠ᠂ ᠪᠠᠭ᠎ᠠ ᠪᠣᠭᠳᠠ᠂ ᠠᠷᠴᠠ ᠪᠣᠭᠳᠠ᠂ ᠠᠵᠠ ᠪᠣᠭᠳᠠ᠂ ᠨᠣᠶᠠᠨ ᠪᠣᠭᠳᠠ᠂ ᠬᠠᠨ ᠪᠣᠭᠳᠠ᠂ ᠰᠡᠭᠰᠦ ᠴᠠᠭᠠᠨ ᠪᠣᠭᠳᠠ᠂ ᠰᠢᠯᠢ ᠶᠢᠨ ᠪᠣᠭᠳᠠ ᠲᠡᠷᠢᠭᠦᠲᠡᠨ ᠪᠣᠭᠳᠠ ᠨᠡᠷ᠎ᠡ ᠲᠡᠢ ᠠᠭᠤᠯᠠᠰ ᠲᠣᠭᠠᠴᠠᠪᠠᠯ ᠠᠷᠪᠢᠨ ᠪᠠᠶᠢᠳᠠᠭ᠃ ᠵᠢᠱᠢᠶ᠎ᠡ ᠨᠢ ᠪᠣᠭᠳᠠ ᠬᠠᠨ ᠠᠭᠤᠯᠠ ᠯᠠ ᠭᠡᠬᠦ ᠳᠦ ᠮᠣᠩᠭᠣᠯ ᠤᠨ ᠣᠢ ᠮᠣᠳᠣᠳ ᠬᠠᠩᠭᠠᠢᠬᠡᠨᠲᠡᠢ ᠶᠢᠨ ᠠᠭᠤᠯᠠᠰ ᠤᠨ ᠬᠠᠮᠤᠭ ᠤᠨ ᠤᠷᠳᠤ ᠬᠢᠵᠠᠭᠠᠷ᠂ ᠲᠠᠯ᠎ᠠ ᠬᠡᠭᠡᠷ᠎ᠡ ᠨᠤᠲᠤᠭ ᠤᠨ ᠤᠮᠠᠷᠠᠳᠤ ᠬᠢᠯᠢ ᠪᠣᠯᠤᠨ ᠣᠷᠣᠰᠢᠳᠠᠭ ᠪᠢᠯᠡ᠃

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠢᠶᠠᠰᠦ᠋ᠷᠦᠩ᠂ ᠪᠣᠭᠳᠠ ᠠᠭᠤᠯᠠ ᠶᠢᠨ ᠨᠡᠷ᠎ᠡ ᠶᠢᠨ ᠤᠴᠢᠷ᠂ ᠮᠣᠩᠭᠣᠯ ᠶᠣᠰᠣ ᠵᠠᠩᠰᠢᠯ ᠤᠨ ᠶᠡᠬᠡ ᠲᠠᠶᠢᠯᠪᠤᠷᠢ ᠲᠣᠯᠢ, 1 ᠍ ᠳᠦᠭᠡᠷ ᠪᠣᠲᠢ᠂ 2001 ᠤᠨ᠂ ᠤᠯᠠᠭᠠᠨᠪᠠᠭᠠᠲᠤᠷ᠂ (ᠬᠠᠭᠤᠳᠠᠰᠤ 507-509)

http://wiki.uhaan.com/index.php?title=ᠪᠣᠭᠳᠠ&oldid=482637》 ᠍  ᠡᠴᠡ ᠠᠪᠤᠭᠰᠠᠨ

ᠪᠢᠴᠢᠭᠡᠰᠦ