ᠪᠣᠭᠣᠨᠢ ᠳᠠᠭᠤᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠡᠳᠦᠨ ᠵᠠᠭᠤᠨ ᠤ ᠲᠤᠷᠰᠢᠳᠠ ᠠᠷᠠᠳ ᠤᠨ ᠠᠮᠠᠨ ᠵᠣᠬᠢᠶᠠᠯ ᠤᠨ ᠬᠡᠯᠪᠡᠷᠢ ᠪᠡᠷ ᠬᠥᠭᠵᠢᠵᠦ᠂ ᠪᠣᠭᠣᠨᠢ ᠬᠡᠮᠵᠢᠶᠡᠨ ᠦ ᠠᠶᠠᠯᠭᠤ ᠲᠠᠢ ᠳᠠᠭᠤᠯᠠᠭᠳᠠᠵᠤ ᠢᠷᠡᠭᠰᠡᠨ ᠵᠣᠬᠢᠶᠠᠭᠴᠢ ᠨᠢ ᠦᠯᠦ ᠮᠡᠳᠡᠭᠳᠡᠬᠦ ᠳᠠᠭᠤᠤ ᠶᠢ ᠠᠷᠠᠳ ᠤᠨ ᠪᠣᠭᠣᠨᠢ ᠳᠠᠭᠤᠤ ᠬᠡᠮᠡᠨ ᠨᠡᠷᠡᠯᠡᠵᠦ ᠢᠷᠡᠵᠡᠢ᠃ ᠠᠷᠠᠳ ᠤᠨ ᠪᠣᠭᠣᠨᠢ ᠳᠠᠭᠤᠤ ᠨᠢ ᠦᠨᠳᠦᠰᠦᠲᠡᠨ ᠶᠠᠰᠤᠲᠠᠨ᠂ ᠨᠤᠲᠤᠭ ᠤᠰᠤᠨ ᠤ ᠪᠠᠨ ᠣᠨᠴᠠᠯᠢᠭ ᠢ ᠲᠤᠰᠬᠠᠭᠰᠠᠨ ᠢᠶᠠᠷ ᠢᠶᠠᠨ ᠦᠭᠡ᠂ ᠠᠶᠠᠯᠭᠤ ᠨᠢ ᠢᠯᠭᠠᠭ᠎ᠠ ᠲᠠᠢ ᠪᠠᠶᠢᠳᠠᠭ᠃ ᠬᠠᠯᠬ᠎ᠠ᠂ ᠪᠤᠷᠢᠶᠠᠳ᠂ ᠦᠵᠦᠮᠦᠴᠢᠨ᠂ ᠪᠠᠶᠠᠳ᠂ ᠬᠠᠯᠢᠮᠠᠭ᠂ᠬᠣᠲᠣᠭᠣᠶᠢᠳ᠂ᠪᠠᠷᠠᠭᠤᠨ ᠮᠣᠩᠭᠣᠯ᠂ ᠳᠠᠷᠢᠭᠠᠩᠭ᠎ᠠ᠂ ᠴᠠᠬᠠᠷ ᠠᠷᠠᠳ ᠤᠨ ᠳᠠᠭᠤᠨ ᠠᠴᠠ ᠭᠠᠳᠠᠨ᠎ᠠ ᠬᠦᠷᠢᠶ᠎ᠡ ᠳᠠᠭᠤᠤ ᠭᠡᠵᠦ ᠪᠤᠢ᠂ ᠬᠦᠷᠢᠶ᠎ᠡ ᠳᠠᠭᠤᠤ ᠨᠢ 1900-1930 ᠍ ᠊ᠭᠠᠳ ᠣᠨ ᠤ ᠦᠶ᠎ᠡ ᠳᠦ ᠲᠦᠭᠡᠮᠡᠯ ᠳᠡᠯᠭᠡᠷᠡᠭᠰᠡᠨ᠂ ᠵᠢᠱᠢᠶ᠎ᠡ ᠨᠢ 《ᠶᠠᠩᠵᠤᠤᠷ ᠲᠠᠮᠠᠬᠢ》, 《ᠭᠠᠩᠭᠠᠨ ᠬᠤᠯᠠ》, 《ᠬᠡᠶ ᠡᠩᠬᠤ ᠪᠠᠷ》, 《ᠭᠠᠨᠲᠡᠮᠦᠷ》, 《ᠵᠢᠵᠡᠦ ᠬᠣᠲᠠ》, 《ᠬᠥᠬᠡ ᠲᠣᠷᠭᠠᠨ ᠴᠠᠮᠴᠠ》, 《ᠵᠠᠭᠤᠨ ᠯᠠᠩ ᠤᠨ ᠵᠢᠷᠤᠭ᠎ᠠ ᠯᠠᠭᠤᠰᠠ》 ᠵᠡᠷᠭᠡ ᠣᠯᠠᠨ ᠳᠠᠭᠤᠤ ᠶᠢ ᠨᠡᠷᠡᠯᠡᠵᠦ ᠪᠣᠯᠤᠨ᠎ᠠ᠃ ᠬᠦᠷᠢᠶ᠎ᠡ ᠳᠠᠭᠤᠤ ᠶᠢ ᠶᠡᠬᠡᠪᠴᠢᠯᠡᠨ ᠱᠠᠨᠵᠠᠳᠠᠵᠤ᠂ ᠳᠠᠭᠤᠯᠠᠳᠠᠭ ᠪᠠᠶᠢᠴᠠᠢ᠃ ᠭᠣᠪᠢ ᠬᠡᠭᠡᠷ᠎ᠡ ᠶᠢᠨ ᠳᠠᠭᠤᠨ ᠤ ᠠᠶᠠᠯᠭᠤ ᠠᠭᠤᠵᠢᠮ ᠲᠠᠯᠪᠢᠭᠤ ᠪᠠᠶᠢᠬᠤ ᠳᠤ ᠪᠠᠷᠠᠭᠤᠨ ᠮᠣᠩᠭᠣᠯ ᠤᠨ ᠶᠠᠭᠤᠮᠤ ᠠᠭᠤᠯᠠᠷᠬᠠᠭ ᠨᠤᠲᠤᠭ ᠲᠠᠢ ᠠᠷᠠᠳ ᠲᠦᠮᠡᠨ ᠦ ᠳᠠᠭᠤᠤ ᠪᠣᠭᠣᠨᠢᠬᠠᠨ᠂ ᠲᠦᠷᠭᠡᠨ ᠠᠶᠢᠵᠠᠮ ᠲᠠᠢ ᠪᠠᠶᠢᠬᠤ ᠵᠢᠱᠢᠶ᠎ᠡ ᠲᠡᠢ᠂ ᠵᠠᠷᠢᠮ ᠠᠷᠠᠳ ᠤᠨ ᠪᠣᠭᠣᠨᠢ ᠳᠠᠭᠤᠤ ᠨᠤᠭᠤᠳ ᠦᠭᠡ ᠨᠢ ᠢᠵᠢᠯ ᠪᠣᠯᠪᠠᠴᠤ ᠬᠡᠳᠦ ᠬᠡᠳᠦᠨ ᠠᠶᠠᠯᠭᠤ ᠲᠠᠢ ᠪᠠᠶᠢᠬᠤ ᠨᠢ ᠴᠤ ᠪᠤᠢ᠃ ᠵᠢᠱᠢᠶ᠎ᠡ ᠨᠢ ᠮᠣᠩᠭᠣᠯ ᠠᠷᠠᠳ ᠤᠨ ᠳᠠᠭᠤᠤ 《ᠳᠥᠷᠪᠡᠨ ᠠᠭᠤᠯᠠ》 ᠍ ᠢ ᠳᠥᠷᠪᠡᠨ ᠠᠶᠠᠯᠭᠤ ᠲᠠᠢ ᠭᠡᠳᠡᠭ᠃ ᠠᠷᠠᠳ ᠲᠦᠮᠡᠨ ᠦ ᠳᠤᠮᠳᠠ ᠬᠣᠶᠠᠷ ᠴᠤ ᠠᠶᠠᠯᠭᠤ ᠨᠢ ᠶᠡᠬᠡᠳᠡ ᠲᠦᠭᠡᠭᠰᠡᠨ ᠪᠢᠯᠡ᠃ ᠠᠷᠠᠳ ᠤᠨ ᠪᠣᠭᠣᠨᠢ ᠳᠠᠭᠤᠤ ᠶᠢ ᠲᠥᠷᠥ ᠶᠢᠨ ᠶᠣᠰᠣᠯᠠᠯ ᠤᠨ᠂ ᠡᠴᠢᠭᠡ ᠡᠬᠡ᠂ ᠠᠴᠢᠯᠠᠯ ᠡᠯᠪᠡᠷᠢᠯ ᠦᠨ᠂ ᠬᠠᠶᠢᠷ᠎ᠠ ᠰᠡᠳᠬᠢᠯ ᠦᠨ᠂ ᠨᠤᠲᠤᠭ ᠤᠰᠤᠨ ᠤ᠂ ᠬᠦᠯᠦᠭ ᠮᠣᠷᠢᠨ ᠤ᠂ ᠡᠷ᠎ᠡ ᠵᠣᠷᠢᠭ ᠤᠨ᠂ ᠨᠠᠭᠠᠳᠤᠮ ᠵᠤᠭᠠᠨ ᠤ᠂ ᠭᠤᠨᠢᠭ ᠬᠠᠷᠠᠭᠤᠰᠤᠯ ᠤᠨ ᠬᠡᠮᠡᠨ ᠢᠯᠭᠠᠵᠤ ᠢᠷᠡᠵᠡᠢ᠃

ᠵᠠᠭᠤᠨ ᠯᠠᠩ ᠤᠨ ᠵᠢᠷᠤᠭ᠎ᠠ ᠯᠠᠭᠤᠰᠠ ᠶᠢ ᠪᠠᠨ

ᠵᠢᠤᠵᠠᠨ ᠳᠤᠮᠳᠠ ᠨᠢ ᠵᠠᠯᠠᠯ᠎ᠠ ᠬᠥ

ᠵᠢᠷᠤᠭ ᠪᠣᠯᠤᠭᠰᠠᠨ ᠪᠣᠭᠳᠠ ᠯᠠᠮ᠎ᠠ ᠶᠢ ᠪᠠᠨ

ᠵᠣᠩᠬᠣᠪ ᠰᠢᠷᠡᠭᠡᠨ ᠳᠦ ᠨᠢ ᠵᠠᠯᠠᠯ᠎ᠠ ᠳ᠋ᠠ ᠬᠥ《 ᠬᠡᠮᠡᠬᠦ 》ᠵᠠᠭᠤᠨ ᠯᠠᠩ ᠤᠨ ᠵᠢᠷᠤᠭ᠎ᠠ ᠯᠠᠭᠤᠰᠠ《 ᠳᠠᠭᠤᠤ ᠨᠢ ᠨᠢ ᠵᠠᠪᠽᠠᠨᠳᠠᠮᠪᠠ ᠬᠤᠲᠤᠭᠲᠤ ᠶᠢ ᠬᠡᠮᠵᠢᠶ᠎ᠡ ᠦᠭᠡᠢ ᠡᠷᠬᠡᠲᠦ ᠬᠠᠭᠠᠨ ᠳᠤ ᠡᠷᠭᠦᠮᠵᠢᠯᠡᠬᠦ ᠳᠦ ᠲᠥᠷᠥ ᠶᠢᠨ ᠳᠠᠭᠤᠯᠠᠯ ᠪᠣᠯᠵᠤ ᠪᠠᠶᠢᠭᠰᠠᠨ ᠭᠡᠳᠡᠭ᠃

ᠠᠷᠠᠳ ᠤᠨ ᠪᠣᠭᠣᠨᠢ ᠳᠠᠭᠤᠤ ᠦᠭᠡ ᠨᠢ ᠣᠨᠴᠢ ᠮᠡᠷᠭᠡᠨ᠂ ᠤᠳᠬ᠎ᠠ ᠠᠭᠤᠯᠭ᠎ᠠ ᠭᠦᠨᠵᠡᠭᠡᠢ᠂ ᠢᠷᠠᠭᠤ ᠲᠣᠳᠣ ᠬᠡᠯᠡᠯᠭᠡ ᠲᠡᠢ᠂ ᠠᠶ᠎ᠠ ᠦᠭᠡ᠂ ᠠᠭᠤᠯᠭ᠎ᠠ ᠶᠢᠨ ᠳᠣᠨᠵᠢ ᠮᠠᠶ᠋ᠢᠭ ᠶᠠᠪ ᠴᠠᠪ ᠲᠠᠭᠠᠷᠠᠭᠰᠠᠨ᠃ ᠠᠷᠠᠳ ᠤᠨ ᠪᠣᠭᠣᠨᠢ ᠳᠠᠭᠤᠤ ᠶᠢ ᠣᠯᠠᠨ ᠵᠠᠭᠤᠨ ᠤ ᠲᠤᠷᠰᠢᠳᠠ ᠠᠷᠠᠳ ᠤᠨ ᠤᠬᠠᠭᠠᠨ ᠪᠣᠳᠣᠯ᠂ ᠠᠪᠢᠶᠠᠰ ᠪᠢᠯᠢᠭ ᠢᠶᠡᠷ ᠲᠤᠩᠭᠠᠭᠳᠠᠭᠰᠠᠨ 》ᠰᠢᠵᠢᠷ ᠠᠯᠲᠠ《 ᠭᠡᠮᠡᠨ ᠮᠣᠩᠭᠣᠯ ᠤᠨ ᠠᠷᠠᠳ ᠲᠦᠮᠡᠨ ᠪᠢᠰᠢᠷᠡᠳᠡᠭ ᠪᠢᠯᠡ᠃

ᠪᠢᠴᠢᠭᠡᠰᠦ