ᠪᠢᠲᠠᠯᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Biathlon Schalke.jpg

ᠪᠢᠲᠠᠯᠠᠨ (ᠠᠩᠭᠯᠢ ᠪᠠᠷ Biathlon) ᠭᠡᠳᠡᠭ ᠨᠢ ᠶᠡᠷᠦᠩᠬᠡᠢ ᠳᠤ ᠪᠡᠨ 2 ᠥᠭᠡᠷ᠎ᠡ ᠰᠫᠣᠷᠲ ᠤᠨ ᠲᠥᠷᠥᠯ ᠦᠨ ᠬᠣᠣᠰᠯᠠᠭᠰᠠᠨ ᠰᠫᠣᠷᠲ ᠢ ᠬᠡᠯᠡᠳᠡᠭ᠃ ᠭᠡᠬᠦ ᠳᠦ ᠪᠡᠨ ᠶᠡᠬᠡᠩᠬᠢ ᠲᠣᠬᠢᠶᠠᠯᠳᠤᠯ ᠳᠤ ᠭᠦᠶᠦᠯᠲᠡ ᠶᠢᠨ ᠴᠠᠨ᠎ᠠ ᠪᠣᠯᠤᠨ ᠪᠤᠤᠳᠠᠯᠭ᠎ᠠ ᠶᠢᠨ ᠬᠣᠣᠰᠯᠠᠯ ᠰᠫᠣᠷᠲ ᠤᠨ ᠲᠥᠷᠥᠯ ᠢ ᠢᠩᠭᠢᠵᠦ ᠨᠡᠷᠡᠯᠡᠬᠦ ᠪᠥᠭᠡᠳ ᠪᠢᠲᠠᠯᠠᠨ ᠭᠡᠪᠡᠯ ᠤᠭ ᠰᠫᠣᠷᠲ ᠤᠨ ᠲᠥᠷᠥᠯ ᠭᠡᠵᠦ ᠣᠶᠢᠯᠠᠭᠠᠨ᠎ᠠ᠃ ᠲᠡᠭᠦᠨ ᠡᠴᠡ ᠭᠠᠳᠠᠨ᠎ᠠ ᠺᠷᠣᠰᠰ ᠭᠦᠶᠦᠯᠲᠡ᠂ ᠪᠤᠤᠳᠠᠯᠭ᠎ᠠ ᠶᠢ ᠬᠣᠣᠰᠯᠠᠭᠤᠯᠤᠭᠰᠠᠨ ᠵᠤᠨ ᠤ ᠪᠢᠲᠠᠯᠠᠨ᠂ ᠮᠥᠨ ᠭᠦᠶᠦᠯᠲᠡ᠂ ᠤᠰᠤᠨ ᠳᠤ ᠰᠡᠯᠢᠯᠲᠡ ᠶᠢ ᠬᠣᠣᠰᠯᠠᠭᠤᠯᠤᠭᠰᠠᠨ ᠣᠷᠴᠢᠨ ᠦᠶ᠎ᠡ ᠶᠢᠨ ᠪᠢᠲᠠᠯᠠᠨ ᠪᠣᠯᠤᠨ ᠪᠢᠶᠠᠲᠤᠯ ᠵᠡᠷᠭᠡ ᠰᠫᠣᠷᠲ ᠤᠨ ᠲᠥᠷᠥᠯ ᠦᠳ ᠪᠤᠢ᠃ ᠡᠨᠡ ᠥᠭᠦᠯᠡᠯ ᠳᠦ ᠭᠦᠶᠦᠯᠲᠡ ᠶᠢᠨ ᠴᠠᠨ᠎ᠠ᠂ ᠪᠤᠤᠳᠠᠯᠭ᠎ᠠ ᠶᠢᠨ ᠬᠣᠣᠰᠯᠠᠯ ᠪᠢᠶᠠᠲᠣᠯᠤᠨ ᠤ ᠲᠤᠬᠠᠢ ᠥᠭᠦᠯᠡᠬᠦ ᠪᠣᠯᠤᠨ᠎ᠠ᠃

ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠶᠠᠲᠣᠯᠤᠨ ᠤ ᠰᠫᠣᠷᠲ ᠠᠩᠬ᠎ᠠ ᠨᠤᠷᠸᠸᠢ ᠍ ᠶᠢᠨ ᠴᠡᠷᠢᠭ ᠦᠨ ᠪᠡᠯᠡᠳᠬᠡᠯ ᠡᠴᠡ ᠡᠭᠦᠰᠴᠡᠢ᠃ ᠠᠩᠬᠠᠨ ᠤ ᠡᠪᠦᠯ ᠦᠨ ᠣᠯᠢᠮᠫᠢᠺᠡᠶᠢᠨ ᠬᠥᠲᠥᠯᠪᠦᠷᠢ ᠳᠦ ᠴᠡᠷᠢᠭ ᠦᠨ ᠮᠠᠨᠠᠭ᠎ᠠ ᠨᠡᠷ᠎ᠡ ᠪᠡᠷ ᠣᠷᠣᠭᠰᠠᠨ ᠪᠥᠭᠡᠳ 1928, 1936, 1948 ᠣᠨ ᠤ ᠣᠯᠢᠮᠫᠢᠺ ᠤᠳ ᠲᠤ ᠦᠵᠡᠭᠦᠯᠬᠦ ᠰᠫᠣᠷᠲ ᠤᠨ ᠬᠤᠪᠢᠶᠠᠷᠢ ᠪᠠᠭᠲᠤᠭᠰᠠᠨ ᠪᠠᠶᠢᠨ᠎ᠠ᠃ ᠭᠡᠬᠦ ᠳᠦ ᠪᠡᠨ ᠣᠷᠣᠯᠴᠠᠭᠴᠢ ᠣᠷᠣᠨ ᠨᠤᠭᠤᠳ ᠤᠨ ᠵᠠᠷᠢᠮ ᠨᠢ ᠣᠯᠠᠨ ᠤᠯᠤᠰ ᠤᠨ ᠪᠢᠶᠠᠲᠣᠯᠤᠨ ᠤ ᠬᠣᠯᠪᠣᠭᠠᠨ ᠠᠴᠠ ᠭᠠᠷᠭᠠᠭᠰᠠᠨ ᠲᠡᠮᠡᠴᠡᠭᠡᠨ ᠦ ᠳᠦᠷᠢᠮ ᠢ ᠬᠦᠯᠢᠶᠡᠨ ᠵᠥᠪᠰᠢᠶᠡᠷᠡᠭᠡ ᠦᠭᠡᠢ ᠶᠢᠨ ᠤᠯᠠᠮ ᠠᠴᠠ ᠠᠯᠪᠠᠨ ᠶᠣᠰᠣᠭᠠᠷ ᠣᠯᠢᠮᠫᠢᠺ ᠤᠨ ᠬᠥᠲᠥᠯᠪᠦᠷᠢ ᠳᠦ ᠪᠠᠭᠠᠳᠤᠭ᠎ᠠ ᠦᠭᠡᠢ ᠪᠠᠶᠢᠨ᠎ᠠ᠃ 1950 ᠍ ᠊ᠭᠠᠳ ᠣᠨ ᠤ ᠳᠤᠮᠳᠠᠭᠤᠷ ᠵᠥᠪᠯᠡᠯᠲᠦ ᠬᠣᠯᠪᠣᠭᠠᠲᠤ ᠤᠯᠤᠰᠰᠸᠸᠳᠡᠨᠡᠳ᠋ ᠡᠷᠴᠢᠮᠲᠡᠢ ᠬᠥᠭᠵᠢᠵᠦ᠂ 1958 ᠣᠨ ᠳᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠠᠩᠬᠠᠨ ᠤ ᠲᠡᠮᠡᠴᠡᠭᠡᠨ ᠢᠶᠡᠨ ᠵᠣᠬᠢᠶᠠᠭᠰᠠᠨ ᠤ ᠳᠠᠷᠠᠭ᠎ᠠ 1960 ᠣᠨ ᠠᠴᠠ ᠯᠠ ᠡᠪᠦᠯ ᠦᠨ ᠣᠯᠢᠮᠫᠢᠺ ᠤᠨ ᠬᠥᠲᠥᠯᠪᠦᠷᠢ ᠳᠦ ᠠᠯᠪᠠᠨ ᠶᠣᠰᠣᠭᠠᠷ ᠪᠠᠭᠲᠠᠵᠠᠢ᠃ ᠡᠳᠦᠭᠡ ᠡᠪᠦᠯ ᠦᠨ ᠣᠯᠢᠮᠫᠢᠺ ᠤᠨ ᠬᠠᠮᠤᠭ ᠤᠨ ᠦᠵᠡᠭᠦᠰᠢᠲᠡᠢ ᠰᠫᠣᠷᠲ ᠤᠨ ᠲᠥᠷᠥᠯ ᠦᠳ ᠦᠨ ᠨᠢᠭᠡ ᠪᠣᠯᠤᠭᠠᠳ ᠪᠤᠢ᠃ 1992 ᠣᠨ ᠤ ᠠᠯᠪᠧᠷᠸᠢᠯ ᠦᠨ ᠣᠯᠢᠮᠫᠢᠺᠣ ᠠᠴᠠ ᠡᠬᠢᠯᠡᠨ ᠡᠮᠡᠭᠲᠡᠶᠢᠴᠦᠳ ᠴᠤ ᠪᠢᠶᠠᠲᠯᠠᠨ ᠢᠶᠠᠷ ᠣᠯᠢᠮᠫᠢᠺ ᠤᠨ ᠲᠠᠪᠴᠠᠩ ᠳᠤ ᠥᠷᠢᠰᠥᠯᠳᠥᠬᠦ ᠪᠣᠯᠤᠭᠰᠠᠨ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠪᠢᠲᠠᠯᠠᠨ»
http://wiki.uhaan.com/index.php?title=ᠪᠢᠲᠠᠯᠠᠨ&oldid=330123》 ᠍  ᠡᠴᠡ ᠠᠪᠤᠭᠰᠠᠨ

ᠪᠢᠴᠢᠭᠡᠰᠦ