ᠪᠢᠯ ᠷᠠᠰᠰᠧᠯᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠣᠯᠢᠮ ᠹᠧᠯᠲᠠᠨ "ᠪᠢᠯ" ᠷᠠᠰᠰᠧᠯᠯ (ᠠᠩᠭᠯᠢ ᠪᠠᠷ William Felton "Bill" Russell, 1934 ᠣᠨ ᠤ ᠬᠣᠶᠠᠳᠤᠭᠠᠷ ᠰᠠᠷ᠎ᠠ ᠶᠢᠨ 12 ᠍ ᠳᠦ ᠯᠤᠢᠽᠢᠶᠠᠨ᠎ᠠ ᠮᠤᠵᠢᠡᠶᠢᠨ ᠤᠧᠰᠲ ᠮᠣᠩᠷᠣ ᠬᠣᠲᠠᠣᠳᠣ ᠲᠦᠷᠦᠭᠰᠡᠨ) — ᠠᠮᠧᠷᠢᠺᠠ ᠶᠢᠨ ᠵᠣᠳᠣᠭ ᠲᠠᠶᠢᠯᠤᠭᠰᠠᠨ ᠮᠡᠷᠭᠡᠵᠢᠯ ᠦᠨ ᠰᠠᠭᠰᠤᠨ ᠪᠥᠮᠪᠥᠭᠡᠴᠢᠨ ᠶᠤᠮ᠃ ᠲᠡᠷᠡ ᠪᠡᠷ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠᠨ ᠤ ᠪᠣᠰᠲᠠᠨ ᠰᠧᠯᠲ᠋ᠢᠺᠰ ᠪᠠᠭ ᠲᠤ ᠲᠥᠪ ᠦᠨ ᠲᠣᠭᠯᠠᠭᠴᠢ ᠶᠢᠨ ᠪᠠᠶᠢᠷᠢᠯᠠᠯ ᠳᠤ 13 ᠤᠯᠠᠷᠢᠯ ᠢ ᠥᠩᠭᠡᠷᠡᠭᠦᠯᠬᠦ ᠳᠦ ᠪᠡᠨ NBA ᠍ ᠦᠨ ᠠᠪᠤᠷᠭᠤ ᠴᠣᠯᠠ ᠶᠢ 11 ᠤᠳᠠᠭ᠎ᠠ ᠬᠦᠷᠲᠡᠵᠦ᠂ NBA ᠍ ᠦᠨ ᠪᠦᠬᠦ ᠣᠳᠣᠳ ᠤᠨ ᠲᠣᠭᠯᠠᠯᠲᠠ ᠍ ᠤᠨ ᠣᠷᠣᠯᠴᠠᠭᠴᠢ ᠪᠠᠷ 12 ᠤᠳᠠᠭ᠎ᠠ᠂ ᠤᠯᠠᠷᠢᠯ ᠤᠨ ᠦᠨ᠎ᠡ ᠴᠡᠨ᠎ᠡ ᠲᠡᠢ ᠲᠣᠭᠯᠠᠭᠴᠢ ᠪᠠᠷ 5 ᠤᠳᠠᠭ᠎ᠠ ᠲᠣᠳᠣᠷᠠᠵᠤ ᠪᠣᠰᠲᠠᠨ ᠤ ᠨᠣᠶᠠᠨ ᠣᠷᠭᠢᠯ᠂ ᠪᠠᠲᠤ ᠪᠡᠬᠢ ᠴᠠᠶᠢᠵᠠ ᠨᠢ ᠪᠠᠶᠢᠭᠰᠠᠨ ᠢ ᠢᠯᠡᠳᠬᠡᠳᠡᠭ᠃ ᠮᠡᠳᠡᠭᠡᠵᠢ ᠲᠡᠭᠦᠨ ᠦ ᠮᠡᠷᠭᠡᠵᠢᠯ ᠦᠨ ᠯᠢᠭ ᠦᠨ ᠲᠦᠷᠦᠭᠦᠨ ᠦ ᠲᠣᠭ᠎ᠠ NBA ᠍ ᠳᠤ ᠴᠤ ᠭᠡᠯᠲᠡ ᠦᠭᠡᠢ ᠬᠣᠶᠢᠳᠤ ᠠᠮᠧᠷᠢᠺᠠᠡᠶᠢᠨ ᠮᠡᠷᠭᠡᠵᠢᠯ ᠦᠨ ᠰᠫᠣᠷᠲ ᠍ ᠤᠨ ᠲᠡᠦᠬᠡᠨ ᠠᠮᠵᠢᠯᠲᠠ ᠲᠣᠭᠲᠠᠭᠠᠭᠰᠠᠨ᠂ ᠮᠡᠷᠭᠡᠵᠢᠯ ᠦᠨ ᠯᠢᠭᠢ ᠳᠦ ᠣᠷᠣᠬᠤ ᠠᠴᠠ ᠪᠠᠨ ᠡᠮᠦᠨ᠎ᠡ ᠦᠨᠳᠦᠰᠦᠨ ᠦ ᠺᠣᠯᠯᠧᠵᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠲᠤ ᠬᠣᠶᠠᠷᠠᠨᠲᠠ (1955, 1956), ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠭᠰᠢᠭᠡ ᠳᠦ ᠪᠠᠭᠲᠠᠨ 1956 ᠣᠨ ᠤ ᠣᠯᠢᠮᠫᠢᠺ ᠤᠨ ᠨᠠᠭᠠᠳᠤᠮ ᠳᠤ ᠲᠤᠰ ᠲᠤᠰ ᠲᠡᠷᠢᠭᠦᠯᠡᠭᠰᠡᠨ ᠭᠡᠳ ᠣᠯᠠᠨ ᠣᠯᠠᠨ ᠠᠮᠵᠢᠯᠲᠠ ᠶᠢ ᠦᠵᠡᠭᠦᠯᠦᠭᠰᠡᠨ᠃
ᠷᠠᠰᠰᠧᠯ ᠹᠢᠯᠠᠳᠧᠯᠹᠢᠶ᠎ᠠ-76 ᠪᠠᠭ ᠤᠨ ᠤᠢᠢᠯ ᠳᠤ ᠴᠧᠮᠪᠧᠷᠯᠧᠨᠢᠢ ᠶᠢ ᠬᠠᠮᠠᠭᠠᠯᠠᠨ ᠲᠣᠭᠯᠠᠵᠤ ᠪᠤᠢ ᠨᠢ᠂ 1966 ᠣᠨ᠃
ᠤᠯᠠᠷᠢᠯ ᠢ 4 ᠤᠳᠠᠭ᠎ᠠ ᠪᠥᠮᠪᠥᠭᠡ ᠠᠪᠤᠯᠲᠠ ᠶᠢᠨ ᠦᠵᠡᠭᠦᠯᠦᠯᠲᠡ ᠪᠡᠷ ᠲᠡᠷᠢᠭᠦᠯᠡᠵᠦ᠂ ᠨᠢᠭᠡ ᠲᠣᠭᠯᠠᠯᠲᠠᠨ ᠳᠤ ᠪᠥᠮᠪᠥᠭᠡ ᠠᠪᠤᠯᠲᠠ 50 ᠍ ᠢ ᠠᠴᠠ ᠳᠡᠭᠡᠭᠰᠢ ᠤᠳᠠᠭ᠎ᠠ ᠬᠢᠭᠰᠡᠨ ᠢᠶᠡᠷ ᠢᠶᠡᠨ ᠨᠢᠭᠡ ᠦᠶ᠎ᠡ ᠶᠢᠨ ᠬᠦᠴᠦᠲᠡᠨ ᠤᠢᠢᠯ ᠳᠤ ᠴᠧᠮᠪᠧᠷᠯᠧᠨᠢᠢ ᠬᠠᠮᠲᠤ NBA ᠍ ᠤᠨ ᠲᠡᠦᠬᠡᠨ ᠳᠦ ᠪᠢᠴᠢᠭᠳᠡᠭᠰᠡᠨ᠃[1] ᠤᠢᠢᠯ ᠳᠤ᠂ ᠷᠠᠰᠰᠧᠯ ᠨᠠᠷ ᠤᠨ ᠬᠣᠭᠣᠷᠣᠨᠳᠣᠬᠢ ᠣᠯᠠᠨ ᠵᠢᠯ ᠦᠨ ᠭᠠᠯᠲᠤ ᠲᠤᠯᠤᠭᠠᠨ ᠢ "ᠪᠡᠶ᠎ᠡ ᠪᠡᠶ᠎ᠡ ᠪᠡᠨ ᠦᠵᠡᠨ ᠶᠠᠳᠠᠳᠠᠭ᠂ ᠥᠰᠲᠡᠨ ᠳᠠᠶᠢᠰᠤᠨ ᠨᠤᠭᠤᠳ" ᠭᠡᠬᠦ ᠮᠡᠲᠦ ᠪᠡᠷ ᠣᠯᠣᠩ ᠳᠤ ᠳᠡᠪᠡᠷᠭᠡᠭᠰᠡᠨ ᠶᠠᠷᠢᠶ᠎ᠠ ᠪᠠᠶᠢᠭᠰᠠᠭᠠᠷ ᠪᠠᠶᠢᠭᠰᠠᠨ ᠢ ᠷᠠᠰᠰᠧᠯ ᠥᠷᠢᠰᠦᠯᠳᠦᠭᠴᠢ ᠨᠠᠢ ᠵ᠎ᠠ 1999 ᠣᠨ ᠳᠤ ᠠᠯᠠᠳᠠᠬᠤ ᠳᠤ ᠡᠮᠭᠡᠨᠢᠯ ᠦᠨ ᠦᠭᠡᠨ ᠳᠦ ᠪᠡᠨ "ᠮᠥᠩᠬᠡ ᠶᠢᠨ ᠨᠠᠶᠢᠵᠠ ᠨᠤᠭᠤᠳ ᠪᠠᠶᠢᠰᠤᠨ ᠢᠶᠠᠨ" ᠣᠨᠴᠠᠯᠠᠵᠤ ᠪᠠᠶᠢᠭᠰᠠᠨ ᠢ ᠡᠨᠳᠡ ᠳᠤᠷᠠᠳᠬᠤ ᠨᠢ ᠵᠦᠢᠲᠡᠢ᠃

ᠰᠧᠯᠲ᠋ᠢᠺᠰ ᠤᠨ ᠨᠣᠶᠠᠷᠬᠠᠯ ᠪᠣᠯᠤᠭᠠᠳ NBA ᠍ ᠤᠨ ᠨᠤᠷᠱᠤ ᠦᠭᠡᠢ᠂ ᠴᠤᠴᠠᠰᠢ ᠦᠭᠡᠢ ᠪᠠᠭᠠᠨ᠎ᠠ ᠪᠢᠯ ᠷᠠᠰᠰᠧᠯ ᠲᠣᠭᠯᠠᠭᠴᠢ ᠳᠠᠰᠬᠠᠯᠵᠢᠭᠤᠯᠤᠭᠴᠢ ᠶᠢᠨ ᠡᠷᠡᠮᠪᠡ ᠲᠡᠢ ᠲᠣᠭᠯᠠᠵᠤ ᠪᠠᠶᠢᠴᠠᠢ᠃ ᠡᠨᠡ ᠮᠡᠲᠦ ᠰᠠᠭᠰᠤᠨ ᠪᠥᠮᠪᠥᠭᠡᠡᠶᠢᠨ ᠬᠥᠭᠵᠢᠯᠳᠦ ᠣᠷᠣᠭᠤᠯᠤᠭᠰᠠᠨ ᠦᠨᠡᠯᠡᠵᠦ ᠪᠠᠷᠠᠰᠢ ᠦᠭᠡᠢ ᠬᠤᠪᠢ ᠨᠡᠮᠡᠷᠢ ᠪᠡᠨ 2011 ᠣᠨ ᠳᠤ ᠶᠡᠷᠦᠩᠬᠡᠶᠢᠯᠡᠭᠴᠢ ᠪᠠᠷᠠᠺ ᠣᠪᠠᠮᠠᠭᠠ ᠪᠠᠷ ᠦᠨᠡᠯᠡᠭᠦᠯᠦᠨ ᠡᠷᠬᠡ ᠴᠢᠯᠦᠭᠡᠨ ᠦ ᠣᠳᠣᠨ ᠢᠶᠠᠷ ᠱᠠᠩᠨᠠᠭᠤᠯᠵᠠᠢ᠃

NBA 2009 ᠣᠨ ᠳᠤ ᠰᠢᠪᠲᠤᠷᠭ᠎ᠠ ᠶᠢᠨ ᠲᠣᠭᠯᠠᠯᠲᠠᠨ ᠳᠤ ᠭᠢᠯᠠᠯᠵᠠᠭᠰᠠᠨ ᠲᠣᠭᠯᠠᠭᠴᠢᠳ ᠣᠯᠭᠤᠳᠠᠭ ᠬᠦᠨᠳᠦᠲᠡᠢ ᠱᠠᠩᠨᠠᠯ ᠢ ᠪᠢᠯ ᠷᠠᠰᠰᠧᠯ ᠦᠨ ᠨᠡᠷᠡᠮᠵᠢᠲᠦ ᠪᠣᠯᠭᠠᠭᠰᠠᠨ ᠲᠡᠦᠬᠡ ᠲᠡᠢ᠃[2]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. NBA Encyclopedia Playoff Edition.
  2. The Finals MVP to Receive Bill Russell MVP Award. NBA.com (2009-02-14). 2009-02-14 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ