ᠪᠢᠭᠦᠷ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠢᠭᠦᠷ (ᠪᠢᠭᠡᠷ) ᠨᠢ ᠭᠣᠪᠢ-ᠠᠯᠲᠠᠢ ᠠᠶᠢᠮᠠᠭ ᠤᠨ ᠰᠤᠮᠤ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠪᠠᠶᠢᠷᠢᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠭᠦᠷ ᠰᠤᠮᠤ ᠨᠢ ᠮᠣᠩᠭᠣᠯ ᠣᠷᠣᠨ ᠤ ᠨᠤᠲᠤᠭ ᠤᠨ ᠪᠠᠷᠠᠭᠤᠨ ᠤᠷᠢᠳᠤ ᠬᠡᠰᠡᠭ ᠲᠦ ᠠᠶᠢᠮᠠᠭ ᠤᠨ ᠢᠶᠠᠨ 3.1 ᠮᠢᠩᠭᠠᠨ ᠭᠠ ᠭᠠᠵᠠᠷ ᠨᠤᠲᠤᠭ ᠢ ᠡᠵᠡᠯᠡᠨ ᠣᠷᠣᠰᠢᠳᠠᠭ᠃ ᠳᠡᠯᠭᠡᠷᠴᠢᠨᠳᠠᠮᠠᠨᠢᠡᠷᠳᠡᠨᠢᠴᠣᠭᠲᠤᠬᠠᠯᠢᠭᠤᠨᠶᠢᠰᠦᠨ ᠪᠤᠯᠠᠭ ᠰᠤᠮᠤᠲᠠᠢ ᠬᠢᠯᠢᠯᠡᠳᠡᠭ᠃ ᠨᠤᠲᠤᠭ ᠤᠨ ᠬᠣᠶᠢᠲᠤ ᠴᠡᠭ ᠬᠠᠩᠭᠠᠢ ᠶᠢᠨ ᠶᠡᠬᠡ ᠨᠢᠷᠤᠭᠤᠨ ᠠᠴᠠ ᠤᠷᠳᠤ ᠴᠡᠭ ᠲᠠᠷᠭᠢᠯᠵᠢᠢᠨ ᠶᠡᠬᠡ ᠨᠢᠷᠤᠭᠤ ᠬᠦᠷᠲᠡᠯ᠎ᠡ 120 ᠺᠢᠯᠣᠮᠧᠲ᠋ᠷ᠂ ᠪᠠᠷᠠᠭᠤᠨ ᠴᠡᠭ ᠲᠡᠬᠡ ᠶᠢᠨ ᠬᠦᠷᠢᠨ ᠠᠭᠤᠯᠠᠨ ᠠᠴᠠ ᠵᠡᠭᠦᠨ ᠴᠡᠭ ᠪᠥᠭᠡ ᠶᠢᠨ ᠬᠠᠷ᠎ᠠ ᠠᠭᠤᠯᠠ ᠬᠦᠷᠲᠡᠯ᠎ᠡ 85 ᠺᠢᠯᠣᠮᠧᠲ᠋ᠷ ᠪᠠᠶᠢᠨ᠎ᠠ᠃

ᠬᠢᠯᠢ ᠶᠢᠨ ᠴᠧᠰᠧ[ᠵᠠᠰᠠᠪᠤᠷᠢᠯᠠᠬᠤ | ᠺᠣᠳ᠋ ᠢᠶᠠᠷ ᠵᠠᠰᠠᠬᠣ]

1997 ᠣᠨ ᠤ 4 ᠍ ᠍ ᠍ ᠳᠦᠭᠡᠷ ᠰᠠᠷ᠎ᠠ ᠶᠢᠨ 4 ᠍ ᠍ ᠍ ᠤ ᠡᠳᠦᠷ ᠦᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 75 ᠍ ᠍ ᠍ ᠳᠦᠭᠡᠷ ᠵᠠᠷᠯᠢᠭ ᠢᠶᠠᠷ ᠪᠢᠭᠦᠷ ᠰᠤᠮᠤ ᠶᠢᠨ ᠨᠤᠲᠤᠭ ᠳᠡᠪᠢᠰᠬᠡᠷ ᠦᠨ ᠬᠢᠯᠢ ᠶᠢᠨ ᠼᠧᠰᠧ ᠶᠢ ᠲᠣᠭᠲᠠᠭᠠᠬᠤ ᠳᠤ ᠪᠠᠨ: 《ᠬᠠᠪᠲᠠᠭᠠᠢ ᠶᠢᠨ ᠶᠠᠪᠠᠷ᠂ ᠰᠢᠯᠢ ᠶᠢᠨ ᠬᠠᠷᠠᠭᠤᠯ (1890.0), ᠬᠠᠩᠭᠠᠢ ᠶᠢᠨ ᠭᠣᠣᠯ ᠢ ᠥᠭᠰᠥᠵᠦ ᠬᠥᠨᠳᠡᠶᠢᠲᠦ ᠶᠢᠨ ᠪᠠᠷᠠᠭᠤᠨ ᠰᠠᠯᠠᠭ᠎ᠠ ᠶᠢ ᠤᠷᠤᠭᠤᠳᠠᠵᠤ᠂ ᠬᠢᠰᠤᠭ᠎ᠠ᠂ ᠰᠡᠨᠵᠢᠲᠦ ᠪᠤᠯᠠᠭ᠂ ᠮᠤᠷᠤᠶᠢᠨ ᠪᠤᠯᠠᠭ᠂ ᠭᠠᠰᠢᠭᠤᠨ ᠤ ᠠᠮᠠ᠂ ᠴᠠᠭᠠᠨ ᠴᠢᠯᠠᠭᠤᠲᠤ᠂ ᠳᠥᠷᠪᠡᠯᠵᠢᠨ ᠴᠠᠭᠠᠨ᠂ ᠬᠣᠶᠠᠷ ᠬᠤᠳᠳᠤᠭ᠂ ᠰᠠᠨ ᠭᠠᠪᠢᠶᠠᠴᠢ ᠶᠢᠨ ᠣᠪᠣᠭ᠎ᠠ (3192.0), ᠠᠯᠲᠠᠨᠪᠤᠯᠠᠭ᠂ ᠬᠦᠪ ᠦᠨ ᠬᠤᠳᠳᠤᠭ᠂ 2389.0 ᠲᠣᠭᠠᠲᠤ᠂ ᠢᠮᠠᠭᠠᠨ ᠤᠰᠤᠨ ᠤ ᠬᠥᠨᠳᠡᠢ ᠶᠢ ᠤᠷᠤᠭᠤᠳᠠᠵᠤ᠂ 1672.0 ᠲᠣᠭᠠᠲᠤ᠂ ᠬᠠᠷ᠎ᠠ ᠡᠷᠭᠢ (1432.0), 1620.5 ᠲᠣᠭᠠᠲᠤ᠂ ᠤᠯᠤᠰ ᠤᠨ ᠳᠠᠪᠠᠭ᠎ᠠ᠂ ᠬᠥᠬᠥ ᠶᠢᠨ ᠳᠠᠪᠠᠭ᠎ᠠ᠂ ᠵᠡᠪ ᠲᠦ (3150.0), 3265.0 ᠲᠣᠭᠠᠲᠤ᠂ ᠪᠠᠶᠠᠨ ᠰᠠᠶᠢᠷ ᠤᠨ ᠳᠠᠪᠠᠭ᠎ᠠ᠂ (3272.0), ᠲᠣᠭᠣᠭᠠᠲᠤ ᠶᠢᠨ ᠨᠢᠷᠤᠭᠤᠨ ᠤ 3441.0, 3435.0, 3470.0, 3455.0, 3410.0, 3530.0, 3555.0, 3681.0 ᠲᠣᠭᠠᠲᠤ ᠨᠤᠭᠤᠳ᠂ ᠪᠤᠷᠬᠠᠨ ᠪᠤᠭᠤᠳᠠᠢ (3765.0), ᠣᠨᠴᠠ ᠶᠢᠨ ᠱᠣᠪᠣᠭᠣᠷ (2018.0), ᠬᠠᠳᠬᠤ ᠶᠢᠨ ᠪᠤᠯᠠᠭ᠂ ᠬᠠᠪᠲᠠᠭᠠᠢ ᠶᠢᠨ ᠶᠠᠪᠠᠷ》 ᠭᠡᠵᠡᠢ᠃

ᠭᠠᠵᠠᠷ ᠵᠦᠢ ᠶᠢᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠭᠦᠷ ᠰᠤᠮᠤ ᠪᠠᠶᠢᠭᠠᠯᠢ᠂ ᠭᠠᠵᠠᠷ ᠵᠦᠢ ᠶᠢᠨ ᠨᠡᠩ ᠥᠪᠡᠷᠮᠢᠴᠡ ᠲᠣᠭᠲᠠᠴᠠ ᠲᠠᠢ ᠨᠤᠲᠤᠭ᠃ ᠪᠠᠶᠢᠭᠠᠯᠢ ᠶᠢᠨ ᠤᠨᠠᠭᠠᠨ ᠲᠥᠷᠬᠥ ᠪᠡᠨ ᠬᠠᠳᠠᠭᠠᠯᠠᠭᠰᠠᠨ᠂ ᠭᠣᠪᠢ ᠶᠢᠨ ᠥᠪᠡᠷᠮᠢᠴᠡ ᠲᠥᠷᠬᠥ ᠪᠦᠬᠦᠢ ᠪᠠᠶᠢᠭᠠᠯᠢ᠂ ᠤᠷᠭᠤᠮᠠᠯ ᠠᠮᠢᠲᠠᠨ ᠲᠠᠢ᠃ 1990 ᠍ ᠍ ᠍ ᠊ᠭᠡᠳ ᠣᠨ ᠠᠴᠠ ᠬᠣᠶᠢᠰᠢ ᠪᠠᠶᠢᠭᠠᠯᠢ ᠶᠢᠨ ᠪᠠᠶᠠᠯᠢᠭ ᠢ ᠵᠦᠢ ᠵᠣᠬᠢᠰ ᠦᠭᠡᠢ ᠠᠰᠢᠭᠯᠠᠬᠤ ᠶᠠᠪᠤᠳᠠᠯ ᠭᠠᠵᠠᠷ ᠠᠪᠴᠤ᠂ ᠵᠠᠷᠢᠮ ᠲᠣᠬᠢᠶᠠᠯᠳᠤᠯ ᠳᠤ ᠡᠺᠣᠯᠣᠭ ᠤᠨ ᠲᠡᠩᠴᠡᠪᠦᠷᠢ ᠠᠯᠳᠠᠭᠳᠠᠬᠤ ᠳᠤ ᠬᠦᠷᠴᠦ ᠪᠤᠢ᠃ ᠪᠡᠯᠴᠢᠭᠡᠷ ᠦᠨ ᠲᠠᠯᠬᠠᠭᠳᠠᠯ᠂ ᠴᠥᠯᠵᠢᠯᠲᠡ ᠵᠡᠷᠭᠡ ᠨᠡᠶᠢᠲᠡᠯᠢᠭ ᠦᠵᠡᠭᠳᠡᠯ  ᠡᠨᠡ ᠰᠤᠮᠤᠨ ᠳᠤ ᠮᠥᠨ ᠠᠵᠢᠭᠡᠯᠡᠭᠳᠠᠨ᠎ᠠ᠃ ᠨᠤᠲᠤᠭ ᠤᠨ ᠵᠡᠭᠦᠨ ᠲᠠᠯ᠎ᠠ ᠪᠠᠷ ᠬᠠᠨᠲᠠᠶᠢᠰᠢᠷᠢ ᠶᠢᠨ ᠨᠢᠷᠤᠭᠤᠨ ᠤ ᠦᠷᠭᠦᠯᠵᠢᠯᠡᠯ ᠬᠥᠬᠡ ᠰᠡᠷᠬᠡ ᠶᠢᠨ ᠨᠢᠷᠤᠭᠤ ᠤᠷᠤᠰᠢᠬᠤ ᠪᠠ ᠳᠤᠮᠳᠠᠴᠢ ᠥᠨᠳᠥᠷ ᠨᠢ 2400 ᠮᠧᠲ᠋ᠷ᠃ ᠪᠠᠷᠠᠭᠤᠨ ᠲᠠᠯ᠎ᠠ ᠪᠠᠷ ᠢᠶᠠᠨ ᠮᠣᠩᠭᠣᠯ ᠠᠯᠲᠠᠢ ᠶᠢᠨ ᠨᠢᠷᠤᠭᠤᠨ ᠤ ᠨᠢᠭᠡ ᠬᠡᠰᠡᠭ ᠬᠠᠷ᠎ᠠ ᠠᠵᠢᠷᠭ᠎ᠠ ᠶᠢᠨ ᠨᠢᠷᠤᠭᠤ᠂ ᠤᠷᠤᠭᠰᠢᠯᠠᠵᠤ ᠭᠢᠴᠢᠭᠢᠨ ᠨᠢᠷᠤᠭᠤ ᠲᠠᠢ ᠵᠠᠯᠭᠠᠨ᠎ᠠ᠃ ᠡᠳᠡᠭᠡᠷ ᠨᠢᠷᠤᠭᠤᠳ ᠤᠨ ᠳᠤᠮᠳᠠᠴᠢ ᠥᠨᠳᠥᠷ ᠨᠢ 3300 ᠮᠧᠲ᠋ᠷ ᠪᠥᠭᠡᠳ ᠪᠠᠷᠠᠭᠤᠨ᠂ ᠵᠡᠭᠦᠨ ᠡᠨᠡ ᠬᠣᠶᠠᠷ ᠨᠤᠷ ᠤᠳ ᠤᠨ ᠵᠠᠪᠰᠠᠷ ᠬᠣᠭᠣᠷᠣᠨᠳᠣᠭᠤᠷ ᠶᠡᠬᠡ ᠨᠠᠭᠤᠷ ᠤᠳ ᠤᠨ ᠬᠣᠲᠣᠭᠣᠷ ᠍ ᠍ ᠍ ᠤᠨ ᠪᠥᠰᠡ ᠳᠦ ᠪᠠᠭᠲᠠᠳᠠᠭ ᠪᠢᠭᠦᠷ ᠦᠨ ᠬᠣᠭᠣᠯᠠᠢ 80 ᠣᠷᠴᠢᠮ km ᠦᠷᠭᠦᠯᠵᠢᠯᠡᠨ᠎ᠡ᠃ ᠪᠢᠭᠦᠷ ᠦᠨ ᠬᠣᠭᠣᠯᠠᠢ ᠨᠢ ᠮᠣᠩᠭᠣᠯ ᠤᠨ ᠨᠡᠷ᠎ᠡ ᠳᠦ ᠭᠠᠷᠤᠭᠰᠠᠨ 33 ᠭᠣᠪᠢ ᠶᠢᠨ ᠨᠢᠭᠡ ᠳᠦ ᠲᠣᠭᠠᠴᠠᠭᠳᠠᠳᠠᠭ᠃ ᠡᠨᠡ ᠬᠣᠭᠣᠯᠠᠢ ᠬᠠᠯᠢᠭᠤᠨ ᠤ ᠬᠣᠭᠣᠯᠠᠢ᠂ ᠱᠠᠯᠠ ᠶᠢᠨ ᠬᠣᠭᠣᠯᠠᠢ ᠲᠠᠢ ᠬᠥᠲᠥᠯ ᠭᠦᠳᠦᠭᠦᠷ ᠢᠶᠡᠷ ᠡᠷᠭᠦᠭᠳᠡᠵᠦ ᠬᠣᠯᠪᠣᠭᠳᠠᠭᠰᠠᠨ ᠲᠤᠯᠠ ᠡᠷᠲᠡ ᠳᠡᠭᠡᠷ᠎ᠡ ᠦᠶ᠎ᠡ ᠳᠦ ᠤᠰᠤ ᠵᠦᠢ ᠶᠢᠨ ᠲᠠᠯ᠎ᠠ ᠪᠠᠷ ᠬᠦᠢ ᠶᠢᠨ ᠬᠣᠯᠪᠣᠭ᠎ᠠ ᠲᠠᠢ ᠪᠠᠶᠢᠴᠠᠢ᠃

ᠪᠢᠭᠦᠷ ᠦᠨ ᠬᠣᠭᠣᠯᠠᠢ ᠳᠤ ᠭᠠᠳᠠᠭᠰᠢ ᠤᠷᠤᠰᠬᠠᠯ ᠦᠭᠡᠢ ᠪᠢᠭᠦᠷ ᠨᠠᠭᠤᠷ ᠤᠷᠤᠰᠢᠬᠤ ᠪᠥᠭᠡᠳ ᠵᠢᠵᠢᠭ ᠭᠣᠣᠯ ᠤᠨ ᠤᠷᠤᠰᠠᠬᠠᠯ ᠶᠢᠡᠷ ᠲᠡᠵᠢᠭᠡᠭᠳᠡᠬᠦ ᠤᠴᠢᠷ ᠭᠠᠩᠲᠠᠢ ᠵᠢᠯ ᠳᠤ ᠰᠢᠷᠭᠢᠬᠦ ᠪᠣᠯᠵᠠᠢ᠃ ᠪᠢᠭᠦᠷ ᠨᠠᠭᠤᠷ ᠤᠨ ᠬᠥᠪᠥᠭᠡ ᠳᠠᠯᠠᠢ ᠶᠢᠨ ᠲᠥᠪᠰᠢᠨ ᠡᠴᠡ ᠳᠡᠭᠡᠭᠰᠢ 1290 ᠮᠧᠲ᠋ᠷ ᠡᠷᠭᠦᠭᠳᠡᠭᠰᠡᠨ᠃ ᠭᠡᠲᠡᠯ᠎ᠡ ᠶᠡᠨᠳᠡᠷᠲᠦ ᠶᠢᠨ ᠶᠡᠬᠡ ᠠᠤᠯᠠᠯᠠᠰ 3770 ᠮᠧᠲ᠋ᠷ ᠡᠷᠭᠦᠭᠳᠡᠭᠰᠡᠨ ᠪᠠᠶᠢᠬᠤ ᠲᠤᠯᠠ ᠭᠠᠵᠠᠷ ᠤᠨ ᠥᠨᠳᠥᠷᠰᠢᠯ ᠤᠨ ᠢᠯᠭᠠᠭ᠎ᠠ ᠨᠡᠩ ᠶᠡᠬᠡ ᠪᠣᠯᠠᠢ᠃ ᠰᠤᠮᠤ ᠶᠢᠨ ᠪᠠᠷᠠᠭᠤᠨ ᠲᠠᠯ᠎ᠠ ᠶᠢᠨ ᠠᠭᠤᠯᠠ ᠨᠢᠷᠤᠭᠤᠳ ᠤᠨ ᠡᠬᠢᠨ ᠳᠦ ᠳᠠᠯᠠᠢ ᠶᠢᠨ ᠲᠥᠪᠰᠢᠨ ᠡᠴᠡ ᠳᠡᠭᠡᠭᠰᠢ 3765 ᠮᠧᠲ᠋ᠷ ᠥᠨᠳᠥᠷ ᠪᠠᠶᠢᠭᠠᠯᠢ ᠶᠢᠨ ᠦᠵᠡᠰᠬᠦᠯᠡᠩᠲᠦ ᠪᠤᠷᠬᠠᠨ ᠪᠤᠭᠤᠳᠠᠢ ᠠᠭᠤᠯᠠ ᠰᠦᠨᠳᠡᠷᠯᠡᠨ᠎ᠡ᠃ ᠦᠨᠡᠨ ᠳᠦ ᠪᠡᠨ ᠡᠨᠡᠬᠡᠨ ᠪᠡᠰᠡᠷᠡᠭ ᠨᠤᠲᠤᠭ ᠨᠢ ᠭᠣᠪᠢ ᠴᠥᠯ᠂ ᠬᠡᠭᠡᠷ᠎ᠡ᠂ ᠤᠤᠯ ᠤᠨ ᠬᠡᠭᠡᠷ᠎ᠡ᠂ ᠤᠤᠯ ᠤᠨ ᠨᠤᠭᠤ᠂ ᠥᠨᠳᠥᠷ ᠠᠭᠤᠯᠠ ᠶᠢᠨ ᠮᠥᠩᠬᠡ ᠴᠠᠰᠤ ᠬᠦᠷᠲᠡᠯᠡᠬᠢ ᠲᠥᠪ ᠠᠽᠢᠶ᠎ᠠ ᠶᠢᠨ ᠭᠠᠳᠠᠭᠰᠢ ᠤᠷᠤᠰᠬᠠᠯ ᠦᠭᠡᠢ ᠠᠢ ᠰᠠᠪᠠ ᠶᠢᠨ ᠪᠣᠰᠤᠭ᠎ᠠ ᠪᠦᠰᠡᠯᠡᠭᠦᠷ ᠦᠨ ᠪᠦᠬᠦᠢ ᠯᠠ ᠬᠡᠪ ᠰᠢᠨᠵᠢ ᠶᠢ ᠠᠭᠤᠯᠠᠭᠰᠠᠨ ᠭᠠᠶᠢᠬᠠᠯᠲᠠᠢ ᠥᠪᠡᠷᠮᠢᠴᠡ ᠨᠢᠭᠡᠨ ᠴᠣᠭᠴᠠᠯᠠᠪᠤᠷᠢ ᠪᠣᠯᠠᠢ᠃

ᠠᠰᠢᠭᠲᠤ ᠮᠠᠯᠲᠠᠮᠠᠯ᠂ ᠨᠥᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1921 ᠣᠨ ᠠᠴᠠ ᠡᠮᠦᠨ᠎ᠡ ᠬᠢᠲᠠᠳ ᠤᠨ ᠰᠢᠨᠵᠢᠭᠡᠴᠢᠳ ᠬᠦᠰᠦᠭᠦᠴᠢᠯᠡᠨ ᠶᠠᠪᠤᠵᠤ ᠦᠨᠡᠲᠦ ᠡᠷᠳᠡᠨᠢᠰ ᠲᠡᠢ ᠭᠠᠵᠠᠷ ᠢ ᠮᠠᠯᠲᠠᠨ᠂ ᠭᠠᠷ ᠢᠶᠠᠷ ᠣᠯᠵᠠᠪᠤᠷᠢᠯᠠᠵᠤ ᠪᠣᠯᠬᠤ ᠶᠢ ᠨᠢ ᠠᠰᠢᠭᠯᠠᠵᠤ ᠪᠠᠶᠢᠭᠰᠠᠨ ᠲᠤᠯᠠ ᠤᠯᠠ ᠮᠥᠷ ᠢ ᠪᠤᠳᠤᠭᠲᠤ ᠶᠢᠨ ᠪᠠᠷᠠᠭᠠᠨ ᠲᠣᠯᠣᠭᠠᠢ᠂ ᠰᠢᠷ᠎ᠠ ᠬᠠᠳᠠᠨ ᠤ ᠪᠤᠳᠤᠭᠲᠤ ᠶᠢᠨ ᠲᠣᠯᠣᠭᠠᠢ᠂ ᠭᠠᠩᠭᠠᠲᠤ ᠶᠢᠨ ᠤᠯᠠᠭᠠᠨ ᠴᠢᠯᠠᠭᠤᠨ ᠠᠴᠠ ᠣᠯᠵᠤ ᠪᠣᠯᠤᠨ᠎ᠠ᠃ ᠣᠷᠣᠰ ᠤᠨ ᠶᠡᠬᠡ ᠡᠷᠳᠡᠮᠲᠡᠨ ᠭ᠃ᠨ᠃ᠫᠣᠲ᠋ᠠᠨᠢᠨ /1890/, ᠮ᠃ᠸ᠃ᠫᠧᠸᠽᠣᠸ /1880/, ᠵᠥᠪᠯᠡᠯᠲᠦ ᠶᠢᠨ ᠡᠷᠳᠡᠮᠲᠡᠨ᠎ᠡ᠃ᠮ᠃ᠮᠤᠷᠵᠠᠶᠢᠪᠠ /1940-1944 ᠣᠨ ᠳᠤ/,᠎ᠠ᠃ᠭ᠃ᠪᠠᠨᠢᠺᠣᠸ /1945 ᠣᠨ ᠤ ᠦᠶ᠎ᠡ ᠳᠦ/, ᠢ᠃ᠠ᠃ᠧᠹᠷᠧᠮᠣᠸ ᠤᠨ ᠤᠳᠤᠷᠢᠳᠤᠭᠰᠠᠨ ᠫᠠᠯᠧᠨᠲ᠋ᠧᠣᠯᠣᠭ ᠤᠨ ᠰᠢᠨᠵᠢᠯᠡᠭᠡᠨ ᠦ ᠠᠩᠭᠢ 1948-1949 ᠣᠨ ᠳᠤ ᠠᠵᠢᠯᠯᠠᠬᠤ ᠳᠤ ᠪᠠᠨ ᠲᠤᠰ ᠰᠤᠮᠤ ᠶᠢᠨ ᠭᠠᠵᠠᠷ ᠵᠦᠢ ᠶᠢᠨ ᠪᠠᠶᠢᠳᠠᠯ᠂ ᠭᠧᠣᠯᠣᠭᠢ ᠶᠢᠨ ᠵᠦᠢ ᠲᠣᠭᠲᠠᠴᠠ ᠳᠤ ᠠᠵᠢᠭᠡᠯᠡᠯᠲᠠ ᠬᠢᠵᠦ ᠪᠠᠶᠢᠴᠠᠢ᠃

1948-1949 ᠣᠨ ᠳᠤ ᠵᠥᠪᠯᠡᠯᠲᠦ ᠶᠢᠨ ᠰᠤᠳᠤᠯᠤᠭᠠᠴᠢᠳ ᠪᠢᠭᠦᠷ ᠨᠠᠭᠤᠷ ᠤᠨ ᠵᠡᠭᠦᠨ ᠬᠡᠰᠡᠭ ᠲᠦ ᠮᠠᠯᠲᠠᠯᠲᠠ ᠬᠢᠵᠦ ᠠᠷᠰᠯᠠᠨ ᠵᠠᠭᠠᠨ ᠤ ᠪᠦᠷᠢᠳᠦᠯ ᠶᠠᠰᠤ ᠣᠯᠵᠠᠢ᠃ 1984 ᠣᠨ ᠳᠤ ᠲᠠᠪᠢᠨᠲᠠᠢ ᠶᠢᠨ ᠪᠠᠭᠤᠴᠠᠨ ᠤ ᠵᠡᠭᠦᠨ ᠤᠷᠳᠤ ᠬᠤᠷᠤᠭᠤᠨ ᠠᠴᠠ ᠳᠣᠷᠵᠢ ᠶᠢᠨ ᠪᠠᠭᠠᠲᠤᠷᠬᠡᠦ ᠣᠯᠵᠤ ᠠᠶᠢᠮᠠᠭ ᠤᠨ ᠮᠦᠽᠧᠢ ᠳᠦ ᠬᠠᠳᠠᠭᠠᠯᠠᠭᠰᠠᠭᠠᠷ ᠪᠠᠶᠢᠭ᠎ᠠ ᠮᠧᠲ᠋ᠷ ᠭᠠᠷᠤᠢ ᠤᠷᠲᠤ ᠬᠠᠪᠢᠷᠭᠠᠨ ᠤ ᠬᠡᠯᠪᠡᠷᠢ ᠲᠡᠢ ᠶᠠᠰᠤ ᠵᠡᠷᠭᠡ ᠨᠢ ᠣᠳᠣ ᠠᠴᠠ ᠳᠠᠯᠠᠨ ᠰᠠᠶ᠋ᠢ ᠵᠢᠯ ᠡᠴᠡ ᠴᠠᠰᠢ ᠡᠬᠡ ᠨᠤᠲᠤᠭ ᠤᠨ ᠮᠠᠨᠢ ᠭᠠᠵᠠᠷ ᠤᠰᠤᠨ ᠢᠶᠠᠨ ᠨᠤᠲᠤᠭᠯᠠᠨ ᠪᠠᠶᠢᠭᠰᠠᠨ ᠠᠷᠰᠯᠠᠨ ᠵᠠᠭᠠᠨ ᠤ ᠶᠠᠰᠤᠨ ᠤ ᠦᠯᠡᠳᠡᠭᠳᠡᠯ ᠮᠥᠨ ᠭᠡᠳᠡᠭ ᠢ ᠪᠠᠲᠤᠯᠠᠵᠠᠢ᠃ ᠬᠠᠳᠠ ᠴᠢᠯᠠᠭᠤᠨ ᠢᠶᠠᠨ ᠡᠷᠲᠡᠨ ᠦ ᠡᠪᠦᠭᠡᠳ ᠦᠨ ᠮᠠᠨᠢ ᠰᠡᠶᠢᠯᠦᠨ ᠵᠢᠷᠤᠵᠤ ᠦᠯᠡᠳᠡᠭᠡᠭᠰᠡᠨ ᠰᠦᠭ ᠵᠢᠷᠤᠭ ᠤᠳ ᠠᠴᠠ ᠦᠵᠡᠬᠦ ᠳᠦ ᠨᠢᠭᠡᠨ ᠴᠠᠭ ᠲᠤ ᠪᠤᠭᠤ᠂ ᠰᠣᠭᠣ᠂ ᠬᠢᠷᠡᠰ᠂ ᠠᠷᠰᠯᠠᠨ ᠵᠠᠭᠠᠨ᠂ ᠲᠡᠮᠡᠭᠡᠨ ᠬᠢᠷᠭᠤᠤᠯ᠂ ᠢᠷᠪᠢᠰ᠂ ᠠᠷᠰᠯᠠᠨ᠂ ᠪᠠᠷᠰ ᠪᠠᠭᠰᠢᠷᠠᠭᠰᠠᠨ ᠦᠯᠢᠭᠡᠷ ᠦᠨ ᠮᠡᠲᠦ ᠭᠠᠵᠠᠷ ᠣᠷᠣᠨ ᠪᠠᠶᠢᠭᠰᠠᠨ ᠢ ᠭᠡᠷᠡᠴᠢᠯᠡᠨ᠎ᠡ᠃ ᠪᠢᠭᠦᠷ ᠨᠤᠲᠤᠭ ᠲᠤ ᠪᠠᠶᠢᠭᠰᠠᠨ ᠣᠢ ᠮᠣᠳᠣᠨ ᠤ ᠶᠡᠬᠡ ᠨᠥᠭᠡᠴᠡ ᠨᠢ ᠭᠠᠵᠠᠷ ᠤᠨ ᠬᠥᠷᠦᠭᠰᠡᠨ ᠳᠦ ᠣᠯᠠᠨ ᠠᠷᠪᠠᠨ ᠰᠠᠶ᠎ᠠ ᠵᠢᠯ ᠢᠶᠡᠷ ᠳᠠᠷᠤᠭᠳᠠᠵᠤ ᠥᠨᠥ ᠶᠢ ᠬᠦᠷᠬᠦ ᠳᠦ ᠪᠡᠨ ᠬᠦᠷᠡᠩ ᠴᠢᠯᠠᠭᠤᠨ ᠨᠡᠭᠦᠷᠡᠰᠦᠨ ᠦ ᠳᠠᠪᠬᠤᠷᠭ᠎ᠠ ᠪᠤᠢ ᠪᠣᠯᠭᠠᠭᠰᠠᠨ ᠢ ᠰᠡᠭᠦᠵᠢ ᠬᠠᠪᠢ᠂ ᠪᠠᠶᠠᠨ ᠰᠠᠶᠢᠷ᠂ ᠰᠢᠷ᠎ᠠ ᠬᠠᠳᠠᠨ ᠤ ᠭᠣᠣᠯ ᠤᠨ ᠨᠡᠭᠦᠷᠡᠰᠦᠨ ᠦ ᠢᠯᠡᠷᠡᠴᠡ ᠡᠴᠡ ᠲᠣᠳᠣ ᠲᠣᠮᠣᠷᠠᠭᠤᠨ ᠬᠠᠷᠠᠵᠤ ᠪᠣᠯᠤᠨ᠎ᠠ᠃ ᠡᠨᠡ ᠪᠦᠬᠦᠨ ᠢ ᠬᠠᠷᠠᠭᠠᠳ 《ᠭᠠᠵᠠᠷ ᠤᠨ ᠢᠶᠠᠨ ᠳᠡᠭᠡᠷ᠎ᠡ᠂ ᠳᠣᠣᠷ᠎ᠠ ᠡᠶᠢᠮᠦ ᠶᠡᠬᠡ ᠪᠠᠶᠠᠯᠢᠭ ᠲᠠᠢ ᠣᠷᠣᠨ ᠳᠡᠯᠡᠬᠡᠢ ᠳᠦ ᠮᠣᠩᠭᠣᠯ ᠠᠴᠠ ᠥᠭᠡᠷ᠎ᠡ ᠪᠠᠶᠢᠬᠤ ᠦᠭᠡᠢ ᠪᠠᠶᠢᠬᠤ ᠪᠠᠨ》 ᠭᠡᠵᠦ ᠶᠡᠬᠡ ᠡᠷᠳᠡᠮᠲᠡᠨ ᠫ᠃ᠺ᠃ᠺᠣᠽᠣᠯᠣᠸ ᠤᠨ ᠰᠢᠭᠦᠷᠡᠰᠦ ᠠᠯᠠᠳᠠᠨ ᠰᠠᠨᠠᠭᠠᠰᠢᠷᠠᠭᠰᠠᠨ ᠦᠭᠡ ᠰᠠᠨᠠᠭᠳᠠᠨ᠎ᠠ᠃ ᠣᠷᠣᠰ᠂ ᠭᠧᠷᠮᠠᠨ᠂ ᠶᠠᠫᠣᠨ᠂ ᠬᠢᠲᠠᠳ᠂ ᠮᠣᠩᠭᠣᠯ ᠤᠨ ᠭᠧᠣᠯᠣᠭᠴᠢᠳ ᠲᠤᠰ ᠰᠤᠮᠤ ᠳᠤ ᠢᠷᠡᠵᠦ ᠠᠵᠢᠯᠯᠠᠨ᠂

ᠰᠣᠨᠢᠷᠬᠠᠯᠲᠠᠢ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ-ᠠᠯᠲᠠᠢ ᠠᠶᠢᠮᠠᠭ ᠤᠨ ᠪᠢᠭᠦᠷ ᠰᠤᠮᠤᠨ ᠳᠤ ᠰᠣᠴᠢᠶᠠᠯᠢᠮ ᠤᠨ ᠦᠶ᠎ᠡ ᠳᠦ ᠰᠤᠮᠤ ᠨᠢᠭᠡᠳᠦᠯ ᠦᠨ ᠳᠠᠷᠤᠭ᠎ᠠ ᠪᠠᠷ ᠠᠵᠢᠯᠯᠠᠵᠤ ᠪᠠᠶᠢᠭᠰᠠᠨ ᠴᠤ᠃ᠴᠢᠯᠠᠭᠤᠨ ᠪᠠᠭᠠᠲᠤᠷ ᠤᠨ ᠬᠥᠳᠡᠯᠮᠦᠷᠢ ᠶᠢᠨ ᠦᠷ᠎ᠡ ᠳ᠋ᠦᠩ ᠳᠦ ᠪᠢᠭᠦᠷ ᠰᠤᠮᠤᠨ ᠳᠤ ᠴᠢᠴᠠᠷᠭᠠᠨ᠎ᠠ ᠲᠠᠷᠢᠶᠠᠯᠠᠵᠤ ᠲᠡᠭᠦᠪᠡᠷ ᠳᠠᠷᠠᠰᠤ ᠬᠢᠵᠦ ᠪᠠᠶᠢᠭᠰᠠᠨ ᠨᠢ ᠥᠨᠥ ᠶᠢ ᠬᠦᠷᠲᠡᠯ᠎ᠡ ᠤᠯᠠᠮᠵᠢᠯᠠᠵᠤ ᠦᠯᠡᠳᠡᠵᠡᠢ᠃ ᠡᠶᠢᠮᠦ ᠳᠦ ᠠᠯᠲᠠᠢ ᠬᠣᠲᠠ ᠶᠢᠨ ᠳᠡᠯᠭᠡᠭᠦᠷ ᠦᠳ ᠲᠦ ᠪᠢᠭᠦᠷ ᠦᠨ ᠵᠢᠮᠢᠰ ᠢᠶᠡᠷ ᠬᠢᠭᠰᠡᠨ 《ᠪᠢᠭᠦᠷ》, 《ᠠᠯᠲᠠᠢ》 ᠳᠠᠷᠠᠰ ᠤᠳ᠂ 《ᠪᠢᠭᠦᠷ》 ᠱᠠᠮᠫᠠᠨ ᠳᠠᠷᠠᠰᠤ ᠪᠤᠶᠤ ᠣᠷᠭᠢᠯᠤᠭᠤᠨ ᠳᠠᠷᠠᠰᠤ᠂ 《ᠪᠢᠭᠦᠷ》 ᠸᠢᠰᠺᠢ ᠵᠡᠷᠭᠡ ᠪᠦᠲᠦᠭᠡᠭᠳᠡᠬᠦᠨ ᠨᠦᠭᠦᠳ ᠪᠠᠶᠢᠳᠠᠭ᠃

ᠪᠢᠴᠢᠭᠡᠰᠦ