ᠪᠢᠪᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠤᠲ᠋ᠧᠨᠪᠧᠷᠭᠢ ᠶᠢᠨ ᠪᠢᠪᠯᠢ᠂ ᠠᠩᠬᠠᠨ ᠤ ᠬᠡᠪᠯᠡᠭᠰᠡᠨ ᠪᠢᠪᠯᠢ

ᠪᠢᠪᠯᠢ ᠨᠢ ᠢᠭᠴᠧᠢᠴᠤᠤ ᠳᠤ ᠪᠠ ᠾᠷᠢᠰᠲ ᠲᠦ ᠢᠲᠡᠭᠡᠭᠴᠢᠳ ᠦᠨ ᠬᠤᠪᠢ ᠳᠤ ᠶᠢᠷᠲᠢᠨᠴᠦ ᠶᠢᠨ ᠡᠵᠡᠨ ᠪᠤᠶᠤ ᠪᠤᠷᠬᠠᠨ ᠤ ᠬᠦᠮᠦᠨ ᠲᠥᠷᠥᠯᠬᠢᠲᠡᠨ ᠳᠦ ᠳᠠᠮᠵᠢᠭᠤᠯᠤᠭᠰᠠᠨ ᠦᠭᠡ ᠪᠥᠭᠡᠳ ᠳᠠᠩ ᠭᠠᠭᠴᠠ ᠴᠤᠯ ᠨᠣᠮ ᠪᠢᠰᠢ ᠨᠣᠮ ᠤᠳ ᠤᠨ ᠴᠤᠭᠯᠠᠭᠤᠯᠭ᠎ᠠ ᠶᠤᠮ᠃ ᠪᠢᠪᠯᠢ ᠶᠢᠨ ᠬᠠᠮᠤᠭ ᠤᠨ ᠡᠬᠢᠨ ᠦ ᠨᠣᠮ ᠨᠢ ᠮᠠᠨ ᠤ ᠡᠷᠡᠨ ᠦ ᠡᠮᠦᠨ᠎ᠡ 1400 ᠣᠨ ᠤ ᠦᠶ᠎ᠡ ᠳᠦ᠂ ᠬᠠᠮᠤᠭ ᠤᠨ ᠰᠡᠭᠦᠯ ᠦᠨ ᠨᠣᠮ ᠨᠢ ᠮᠠᠨ ᠤ ᠡᠷᠡᠨ ᠦ 100 ᠣᠨ ᠠᠴᠠ ᠡᠮᠦᠨ᠎ᠡ᠂ ᠨᠡᠶᠢᠲᠡ ᠳᠦ ᠪᠡᠨ 1500 ᠵᠢᠯ ᠦᠨ ᠬᠤᠭᠤᠴᠠᠭᠠᠨ ᠳᠤ 40 ᠭᠠᠷᠤᠢ ᠬᠦᠮᠦᠰ ᠦᠨ ᠭᠠᠷ ᠢᠶᠠᠷ ᠪᠢᠴᠢᠭᠳᠡᠭᠰᠡᠨ ᠪᠠᠶᠢᠨ᠎ᠠ᠃

ᠨᠡᠷᠡᠨ ᠦ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠪᠯᠢ ᠭᠡᠳᠡᠭ ᠦᠭᠡ ᠨᠢ ᠺᠣᠶᠢᠨᠧ ᠭᠷᠧᠺ ᠬᠡᠯᠡᠨᠢᠭᠢ τὰ βιβλία - ta biblia ᠪᠤᠶᠤ "ᠨᠣᠮᠣᠨ ᠨᠤᠭᠤᠳ" ᠭᠡᠬᠦ ᠦᠭᠡᠨ ᠡᠴᠡ ᠦᠦᠰᠡᠯ ᠲᠡᠢ᠃ ᠠᠩᠭᠯᠢ ᠬᠡᠯᠡᠨ ᠦ bibliography (ᠨᠣᠮ ᠵᠦᠢ), ᠣᠷᠣᠰ ᠬᠡᠯᠡᠨ ᠦ ᠪᠢᠪᠯᠢᠣᠲ᠋ᠧᠺᠠ (ᠨᠣᠮ ᠤᠨ ᠰᠠᠩ) ᠭᠡᠬᠦ ᠦᠭᠡᠨ ᠨᠦᠭᠦᠳ ᠴᠤ ᠡᠨᠡ ᠦᠭᠡᠨ ᠡᠴᠡ ᠭᠠᠷᠤᠯᠲᠠᠢ᠃

ᠪᠢᠪᠯᠢ ᠶᠢᠨ ᠡᠬᠡ ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠥᠳᠥᠷ ᠪᠢᠪᠯᠢ ᠳᠡᠯᠡᠬᠡᠢ ᠶᠢᠨ ᠶᠡᠬᠡᠩᠬᠢ ᠬᠡᠯᠡ ᠳᠡᠭᠡᠷ᠎ᠡ ᠬᠥᠷᠪᠡᠭᠦᠯᠡᠭᠳᠡᠭᠰᠡᠨ᠃ ᠬᠠᠷᠢᠨ ᠪᠢᠪᠯᠢ ᠪᠢᠴᠢᠭᠳᠡᠭᠰᠡᠨ ᠠᠩᠬᠠᠨ ᠤ ᠬᠡᠯᠡ ᠨᠢ ᠬᠠᠭᠤᠴᠢᠨ ᠭᠡᠷ᠎ᠡᠨᠢᠭᠢ ᠬᠤᠪᠢ ᠳᠤ ᠢᠪᠡᠷᠡᠢ ᠬᠡᠯᠡᠠᠷᠠᠮᠧᠢ ᠬᠡᠯᠡ (ᠪᠠᠭᠠᠬᠠᠨ ᠬᠡᠰᠡᠭ ᠨᠢ) ᠪᠥᠭᠡᠳ ᠰᠢᠨ᠎ᠡ ᠭᠡᠷ ᠢᠶᠡᠨᠨᠢᠭᠢ ᠬᠤᠪᠢ ᠳᠤ ᠪᠦᠬᠦᠯᠢ ᠳᠦ ᠪᠡᠨ ᠭᠷᠧᠺ ᠬᠡᠯᠡ ᠳᠡᠭᠡᠷ᠎ᠡ ᠪᠢᠴᠢᠭᠳᠡᠵᠡᠢ᠃ ᠢᠪᠡᠷᠡᠢ ᠬᠡᠯᠡ ᠪᠣᠯᠤᠨ ᠠᠷᠠᠮᠧᠢ ᠬᠡᠯᠡ ᠳᠡᠭᠡᠷ᠎ᠡ ᠪᠢᠴᠢᠭᠳᠡᠭᠰᠡᠨ ᠪᠢᠪᠯᠢ ᠶᠢ ᠪᠤᠶᠤ ᠬᠠᠭᠤᠴᠢᠨ ᠭᠡᠷ᠎ᠡ ᠶᠢ ᠶᠡᠬᠡᠩᠬᠢ ᠳᠦ ᠪᠡᠨ ᠢᠪᠡᠷᠡᠢ ᠪᠢᠪᠯᠢ ᠭᠡᠨ᠎ᠡ᠃ ᠢᠪᠡᠷᠡᠢᠴᠦᠦ ᠳᠦ ᠥᠪᠡᠷᠰᠡᠳ ᠦᠨ ᠪᠢᠪᠯᠢ ᠪᠡᠨ (ᠾᠷᠢᠰᠲ ᠲᠦ ᠢᠲᠡᠭᠡᠭᠴᠢᠳ ᠍ ᠦᠨ ᠬᠤᠪᠢ ᠳᠤ ᠬᠠᠭᠤᠴᠢᠨ ᠭᠡᠷ᠎ᠡ) ᠲᠠᠨᠠᠺ ᠭᠡᠵᠦ ᠨᠡᠷᠡᠯᠡᠨ᠎ᠡ᠃

ᠲᠠᠨᠠᠺ ᠭᠡᠳᠡᠭ ᠦᠭᠡ ᠨᠢ ᠲᠣᠷᠠᠨᠧᠪᠢ'ᠢᠮᠺᠧᠲ᠋ᠤᠪᠢᠮ ᠭᠡᠰᠡᠨ ᠭᠤᠷᠪᠠᠨ ᠦᠭᠡᠨ ᠦ ᠡᠬᠢᠨ ᠦ ᠦᠰᠦᠭᠡᠨ ᠨᠦᠭᠦᠳ ᠦᠨ ᠨᠡᠶᠢᠯᠡᠪᠦᠷᠢ ᠡᠴᠡ ᠪᠦᠲᠦᠭᠰᠡᠨ ᠦᠭᠡ ᠠᠵᠡᠢ᠃ ᠤᠴᠢᠷ ᠨᠢ ᠢᠪᠡᠷᠡᠢᠴᠦᠦ ᠳᠦ ᠬᠠᠭᠤᠴᠢᠨ ᠭᠡᠷ᠎ᠡ ᠶᠢ ᠪᠤᠶᠤ ᠥᠪᠡᠷᠰᠡᠳ ᠦᠨ ᠪᠢᠪᠯ᠎ᠡ ᠠᠭᠤᠯᠠᠯ ᠢᠶᠠᠷ ᠨᠢ᠂ ᠪᠢᠴᠢᠭᠯᠡᠯ ᠦᠨ ᠬᠡᠯᠪᠡᠷᠢ ᠪᠡᠷ ᠨᠢ ᠲᠣᠷᠠᠨᠧᠪᠢ'ᠢᠮᠺᠧᠲ᠋ᠤᠪᠢᠮ ᠭᠡᠰᠡᠨ ᠭᠤᠷᠪᠠᠨ ᠬᠡᠰᠡᠭ ᠲᠦ ᠬᠤᠪᠢᠶᠠᠨ ᠠᠩᠭᠢᠯᠠᠳᠠᠭ᠃

ᠲᠣᠷᠠ ᠭᠡᠳᠡᠭ ᠨᠢ ᠰᠤᠷᠭᠠᠯ᠂ ᠵᠢᠭᠠᠪᠤᠷᠢ᠂ ᠬᠠᠤᠯᠢ ᠭᠡᠰᠡᠨ ᠤᠳᠬ᠎ᠠ ᠲᠠᠢ ᠪᠥᠭᠡᠳ ᠮᠣᠰᠧᠭᠡᠶᠢᠨ ᠲᠠᠪᠤᠨ ᠨᠣᠮ᠂ ᠬᠠᠤᠯᠢ ᠶᠢᠨ ᠨᠣᠮᠫᠧᠨ᠋ᠲ᠋ᠠᠲ᠋ᠦ᠋ᠬ ᠭᠡᠵᠦ ᠨᠡᠷᠡᠯᠡᠭᠳᠡᠳᠡᠭ ᠪᠢᠪᠯᠢ ᠶᠢᠨ ᠡᠬᠢᠨ ᠦ ᠲᠠᠪᠤᠨ ᠨᠣᠮ ᠡᠭᠦᠨ ᠳᠦ ᠪᠠᠭᠠᠳᠤᠨ᠎ᠠ᠃ ᠨᠧᠪᠢ'ᠢᠮ ᠭᠡᠳᠡᠭ ᠨᠢ ᠡᠰᠢ ᠦᠵᠡᠭᠦᠯᠦᠭᠴᠢᠢᠳᠡ᠂ ᠵᠥᠩᠴᠢᠢᠳᠡ᠂ ᠪᠤᠷᠬᠠᠨᠢ ᠦᠭᠡ ᠶᠢ ᠳᠠᠮᠵᠢᠭᠤᠯᠤᠭᠴᠢᠳ ᠭᠡᠰᠡᠨ ᠤᠳᠬ᠎ᠠ ᠲᠠᠢ ᠦᠭᠡ ᠪᠥᠭᠡᠳ ᠶᠡᠷᠦᠩᠬᠡᠢ ᠳᠤ ᠪᠡᠨ ᠪᠣᠯ ᠵᠥᠩᠨᠡᠯᠡᠶᠢᠨ ᠨᠣᠮ ᠤᠳ ᠶᠤᠮ᠃ ᠺᠧᠲ᠋ᠦᠪ'ᠢᠮ ᠭᠡᠳᠡᠭ ᠨᠢ ᠪᠢᠴᠢᠭᠡᠰᠦ ᠨᠦᠭᠦᠳ ᠭᠡᠰᠡᠨ ᠤᠳᠬ᠎ᠠ ᠲᠠᠢ ᠦᠭᠡ ᠪᠥᠭᠡᠳ ᠲᠡᠦᠬᠡ᠂ ᠳᠠᠭᠤᠤ᠂ ᠰᠢᠯᠦᠭ ᠭᠡᠬᠦ ᠮᠡᠲᠦ ᠪᠡᠷ ᠤᠳᠬ᠎ᠠ ᠵᠣᠬᠢᠶᠠᠯ ᠤᠨ ᠣᠯᠠᠨ ᠲᠥᠷᠥᠯ ᠢᠶᠡᠷ ᠪᠢᠴᠢᠭᠳᠡᠭᠰᠡᠨ ᠪᠠᠶᠢᠨ᠎ᠠ᠃ ᠢᠪᠡᠷᠡᠢᠴᠦᠦ ᠳᠦ ᠪᠠᠪᠢᠯᠤᠨᠴᠤᠳ ᠤᠨ ᠨᠤᠲᠤᠭ ᠲᠤ ᠴᠥᠯᠡᠯᠭᠡ ᠳᠦ ᠬᠢ ᠦᠶ᠎ᠡ ᠳᠦ ᠲᠡᠳᠡᠨ ᠦ ᠳᠤᠮᠳᠠ ᠠᠷᠠᠮᠧᠢ ᠬᠡᠯᠡ ᠳᠡᠯᠭᠡᠷᠡᠭᠰᠡᠨ᠃ ᠤᠴᠢᠷ ᠨᠢ ᠠᠷᠠᠮᠧᠢ ᠬᠡᠯᠡ ᠪᠣᠯ ᠲᠤᠬᠠᠢ ᠶᠢᠨ ᠦᠶ᠎ᠡ ᠶᠢᠨ --ᠪᠠᠪᠢᠯᠤᠨᠣᠶᠢᠷᠠᠬᠢ ᠳᠣᠷᠣᠨᠠᠲᠤ ᠍ ᠤᠨ ᠠᠯᠪᠠᠨ ᠶᠣᠰᠣᠨ ᠤ ᠬᠡᠯᠡ ᠪᠠᠶᠢᠭᠰᠠᠨ ᠪᠠᠶᠢᠨ᠎ᠠ᠃ ᠲᠡᠷᠡ ᠦᠶ᠎ᠡ ᠳᠦ ᠪᠢᠴᠢᠭᠳᠡᠭᠰᠡᠨ ᠪᠢᠪᠯᠢ ᠶᠢᠨ ᠬᠡᠰᠡᠭ ᠦᠳ ᠪᠤᠶᠤ ᠳᠠᠨᠢᠶᠡᠯ ᠨᠣᠮᠶᠡᠵᠠᠷ ᠨᠣᠮ ᠍ ᠤᠨ ᠨᠡᠯᠢᠶᠡᠳ ᠬᠡᠰᠡᠭ ᠢᠧᠷᠧᠮᠢ ᠪᠠᠨ ᠨᠣᠮ ᠍ ᠤᠨ ᠨᠢᠭᠡ ᠡᠰᠢᠯᠡᠯ ᠠᠷᠠᠮᠧᠢ ᠬᠡᠯᠡ ᠳᠡᠭᠡᠷ᠎ᠡ ᠪᠢᠴᠢᠭᠳᠡᠭᠰᠡᠨ ᠪᠠᠶᠢᠳᠠᠭ᠃ ᠰᠢᠨ᠎ᠡ ᠭᠡᠷ ᠢᠶᠡᠨᠨᠢᠭᠢ ᠬᠤᠪᠢ ᠳᠤ ᠠᠩᠬ᠎ᠠ ᠪᠢᠴᠢᠭᠳᠡᠭᠰᠡᠨ ᠬᠡᠯᠡ ᠨᠢ ᠺᠣᠶᠢᠨᠧ ᠭᠷᠧᠺ ᠬᠡᠯᠡ ᠪᠤᠶᠤ ᠬᠠᠷ᠎ᠠ ᠶᠠᠷᠢᠶᠠᠨ ᠤ ᠭᠷᠧᠺ ᠬᠡᠯᠡ ᠳᠡᠭᠡᠷ᠎ᠡ ᠠᠩᠬ᠎ᠠ ᠪᠢᠴᠢᠭᠳᠡᠭᠰᠡᠨ᠃

  • ᠲᠠᠨᠤᠬᠤ ᠪᠢᠪᠯᠢ (ᠮᠠᠽᠣᠷ) ᠮᠠᠰ ᠢᠶᠠᠷᠬᠤ ᠪᠤᠶᠤ ᠥᠪ ᠤᠯᠠᠮᠵᠢᠯᠠᠯ᠂ ᠭᠠᠷ ᠳᠠᠮᠵᠢᠭ᠌ᠰᠠᠨᠭᠡᠬᠦ ᠢᠪᠡᠷᠡᠢ ᠦᠭᠡᠨ ᠡᠴᠡ ᠭᠠᠷᠤᠯᠲᠠᠢ᠃ ᠤᠴᠢᠷ ᠨᠢ ᠪᠢᠴᠢᠭᠡᠴᠢ ᠨᠠᠷ ᠨᠢ ᠴᠤᠴᠤᠬᠤ ᠶᠢ ᠦᠯᠦ ᠮᠡᠳᠡᠨ ᠪᠢᠴᠢᠭᠡᠰᠦ ᠶᠢᠨ ᠤᠯᠠᠮᠵᠢᠯᠠᠭᠳᠠᠭᠰᠠᠨ ᠤᠳᠬ᠎ᠠ ᠶᠢ ᠬᠠᠳᠠᠭᠠᠯᠠᠬᠤ ᠶᠢ ᠲᠤᠯᠠᠳᠠ ᠠᠵᠢᠯᠳᠠᠭ ᠪᠠᠶᠢᠪᠠ᠃ ᠡᠷᠲᠡᠨ ᠦ ᠪᠣᠯᠤᠨ ᠬᠣᠪᠣᠷ ᠦᠭᠡᠰ ᠨᠢ ᠠᠩᠬᠠᠨ ᠤ ᠡᠬᠡ ᠪᠢᠴᠢᠭᠲᠦ ᠪᠡᠨ ᠡᠭᠡᠰᠢᠭ ᠦᠨ ᠲᠡᠮᠳᠡᠭᠯᠡᠭᠡ ᠪᠠᠶᠢᠬᠤ ᠦᠭᠡᠢ ᠪᠣᠯᠤᠨ ᠪᠤᠰᠤᠳ ᠦᠰᠦᠭ ᠦᠨ ᠪᠢᠴᠢᠭ ᠲᠦ ᠬᠢ ᠪᠠᠶᠢᠳᠠᠯ ᠲᠠᠢ ᠬᠣᠯᠪᠣᠭᠠᠲᠠᠢ ᠪᠠᠷ ᠭᠡᠭᠡᠭᠳᠡᠭᠰᠡᠨ ᠪᠠᠶᠢᠳᠠᠭ᠃ ᠡᠨᠡᠬᠦ ᠡᠬᠡ ᠪᠢᠴᠢᠪᠦᠷᠢ ᠨᠢ 3 ᠬᠡᠰᠡᠭ ᠡᠴᠡ ᠪᠥᠷᠢᠳᠦᠨ᠎ᠡ᠃ (1) ᠡᠬᠢᠨ ᠦ 5 ᠨᠣᠮ ᠪᠤᠶᠤ ᠲᠣᠷᠠᠬᠤ ("ᠵᠢᠭᠠᠬᠤ" ᠡᠰᠡᠪᠡᠯ "ᠬᠠᠤᠯᠢ") - ᠢᠰᠷᠸᠯ ᠦᠨᠳᠦᠰᠦᠲᠡᠨ ᠦ ᠭᠠᠷᠤᠯ ᠡᠭᠦᠰᠦᠯ᠂ ᠳᠠᠭᠠᠵᠤ ᠮᠥᠷᠳᠡᠪᠡᠯ ᠵᠣᠬᠢᠬᠤ ᠬᠠᠤᠯᠢ ᠵᠡᠷᠭᠡ ᠶᠢ ᠪᠠᠭᠲᠠᠭᠠᠭᠰᠠᠨ ᠨᠣᠮ ᠤᠳ᠃ (2) ᠨᠢᠪᠢ'ᠢᠮ ("ᠮᠡᠷᠭᠡᠳ") - ᠢᠰᠷᠸᠯ ᠤᠨ ᠲᠡᠦᠬᠡ᠂ ᠠᠵᠤ ᠪᠠᠶᠢᠳᠠᠯ ᠤᠨ ᠲᠠᠯ᠎ᠠ ᠪᠠᠷ ᠳᠤᠷᠠᠳᠳᠠᠭ ᠨᠣᠮ ᠤᠳ᠃ (3) ᠺᠡᠲᠤᠪᠢᠮ ("ᠪᠢᠴᠢᠭᠴᠢ") - ᠰᠢᠯᠦᠭ ᠨᠠᠶᠢᠷᠠᠭ᠂ ᠭᠦᠨ ᠤᠬᠠᠭᠠᠨᠠᠮᠢᠳᠤᠷᠠᠬᠤ ᠤᠬᠠᠭᠠᠨ ᠵᠡᠷᠭᠡ ᠶᠢ ᠳᠤᠷᠠᠳᠳᠠᠭ ᠨᠣᠮ ᠤᠳ ᠶᠤᠮ᠃ ᠳᠠᠭᠤᠯᠠᠯᠢᠣᠪ ᠭᠡᠳ ᠨᠡᠯᠢᠶᠡᠨ ᠬᠡᠳᠦᠨ ᠨᠣᠮ ᠣᠷᠣᠨ᠎ᠠ᠃ᠲᠠᠨᠤᠬᠤ (ᠮᠠᠽᠣᠷ) ᠡᠬᠡ ᠪᠢᠴᠢᠪᠦᠷᠢ ᠶᠢ МЭ 4 ᠍ ᠳᠦᠭᠡᠷ ᠵᠠᠭᠤᠨ ᠤ ᠦᠶ᠎ᠡ ᠳᠦ ᠭᠷᠧᠺ ᠬᠡᠯᠡᠨ ᠢᠶᠡᠨ ᠣᠷᠴᠢᠭᠤᠯᠤᠨ ᠬᠥᠷᠪᠡᠭᠦᠯᠦᠭᠰᠡᠨ᠃
  • ᠰᠧᠫᠲ᠋ᠤᠸᠠᠭᠢᠨ ᠳᠤ ᠪᠣᠯ ᠢᠪᠡᠷᠡᠢ ᠬᠡᠯᠡ ᠳᠡᠭᠡᠷ᠎ᠡ ᠪᠢᠴᠢᠭᠳᠡᠭᠰᠡᠨ ᠬᠠᠭᠤᠴᠢᠨ ᠭᠡᠷ᠎ᠡ ᠪᠠ ᠮᠠᠨ ᠤ ᠡᠷᠡᠨ ᠦ ᠡᠮᠦᠨ᠎ᠡ 300 ᠣᠨ ᠤ ᠣᠷᠴᠢᠮ ᠠᠯᠧᠺᠰᠠᠨᠳᠠᠷ ᠲᠤ ᠠᠮᠢᠳᠤᠷᠠᠵᠤ ᠪᠠᠶᠢᠭᠰᠠᠨ ᠭᠷᠧᠺ ᠬᠡᠯᠡ ᠲᠡᠢ ᠢᠭᠴᠧᠢ ᠰᠤᠳᠤᠯᠤᠭᠠᠴᠢ ᠭᠷᠧᠺ ᠬᠡᠯᠡᠨᠡᠭᠡᠭᠡ ᠣᠷᠴᠢᠭᠤᠯᠤᠭᠰᠠᠨ ᠬᠤᠪᠢᠯᠪᠤᠷᠢ᠃ ᠡᠨᠡ ᠨᠡᠷ᠎ᠡ ᠨᠢ ᠯᠠᠲ᠋ᠢᠨ ᠢᠶᠠᠷ ᠳᠠᠯᠤ ᠶᠢᠨ ᠲᠣᠭᠠᠨ ᠠᠴᠠ ᠭᠠᠷᠤᠯ ᠲᠠᠢ᠂ ᠤᠴᠢᠷ ᠨᠢ ᠢᠪᠡᠷᠡᠢ ᠪᠢᠪᠯᠢ ᠶᠢ ᠭᠷᠧᠺ ᠬᠡᠯᠡᠨ ᠢᠶᠡᠨ ᠣᠷᠴᠢᠭᠤᠯᠬᠤ ᠳᠤ ᠳᠠᠯᠠᠨ ᠰᠤᠳᠤᠯᠤᠭᠠᠴᠢ ᠣᠷᠣᠯᠴᠠᠭᠰᠠᠨ ᠬᠡᠮᠡᠨ ᠤᠯᠠᠮᠵᠢᠯᠠᠭᠳᠠᠭᠰᠠᠨ ᠶᠠᠷᠢᠶ᠎ᠠ ᠪᠠᠶᠢᠳᠠᠭ ᠠᠵᠡᠢ᠃ ᠲᠡᠭᠦᠨ ᠢ LXX ᠭᠡᠵᠦ ᠲᠡᠮᠳᠡᠭᠯᠡᠳᠡᠭ ᠨᠢ ᠷᠤᠮᠠ ᠲᠣᠭ᠎ᠠᠭᠣᠸ᠎ᠠ ᠪᠠᠷ 70 ᠍ ᠶᠢᠨ ᠲᠣᠭᠠᠨ ᠤ ᠲᠡᠮᠳᠡᠭᠯᠡᠭᠡ ᠶᠤᠮ᠃
  • ᠰᠠᠮᠤᠷᠢ ᠫᠧᠨ᠋ᠲ᠋ᠠᠲ᠋ᠦ᠋ᠬ ᠨᠢ ᠰᠠᠮᠤᠷᠢᠴᠢ ᠨᠤᠭᠤᠳ ᠤᠨ (ᠢᠰᠷᠸᠯ ᠤᠨ ᠬᠣᠶᠢᠳᠤ ᠬᠡᠰᠡᠭ ᠲᠦ ᠠᠮᠢᠳᠤᠷᠠᠵᠤ ᠪᠠᠶᠢᠭᠰᠠᠨ ᠢᠭᠴᠧᠢ ᠭᠠᠷᠤᠯ ᠲᠠᠢ ᠬᠠᠷᠢ ᠬᠦᠮᠦᠰ) ᠬᠠᠳᠠᠭᠠᠯᠠᠵᠤ ᠦᠯᠡᠳᠡᠭᠰᠡᠨ ᠬᠠᠭᠤᠴᠢᠨ ᠭᠡᠷ᠎ᠡ ᠶᠢᠨ ᠡᠬᠢᠨ ᠦ 5 ᠨᠣᠮ ᠤᠨ ᠡᠷᠲᠡᠨ ᠦ ᠬᠤᠪᠢᠯᠪᠤᠷᠢ᠃ ᠭᠠᠷ ᠪᠢᠴᠢᠮᠡᠯ ᠦᠳ ᠦᠨ ᠬᠤᠪᠢᠯᠪᠤᠷᠢ ᠨᠤᠭᠤᠳ ᠨᠢ ᠪᠠᠪᠢᠯᠤᠨᠢ ᠪᠤᠯᠢᠶᠠᠨ ᠡᠵᠡᠯᠡᠯᠲᠡ ᠶᠢᠨ ᠡᠮᠦᠨ᠎ᠡ ᠨᠡᠶᠢᠲᠡ ᠶᠢᠨ ᠬᠡᠷᠡᠭᠯᠡᠭᠡᠨ ᠳᠦ ᠪᠠᠶᠢᠭᠰᠠᠨ ᠡᠷᠲᠡᠨ ᠦ ᠢᠪᠡᠷᠡᠢ ᠪᠣᠯᠤᠨ ᠹᠣᠶᠢᠨᠢᠬᠦ ᠶᠢᠨ ᠪᠢᠴᠢᠭ ᠲᠡᠢ ᠲᠥᠰᠲᠡᠢ ᠦᠰᠦᠭᠡᠨ ᠨᠦᠭᠦᠳ ᠲᠡᠢ᠃ ᠡᠨᠡᠬᠦ ᠡᠬᠡ ᠪᠢᠴᠢᠪᠦᠷᠢ ᠨᠢ ᠮᠠᠨ ᠤ ᠡᠷᠡᠨ ᠦ ᠡᠮᠦᠨ᠎ᠡ 600-700 ᠣᠨ ᠤ ᠦᠶ᠎ᠡ ᠳᠦ ᠪᠢᠴᠢᠭᠳᠡᠭᠰᠡᠨ᠃
  • ᠸᠤᠯᠭ᠎ᠠ ᠳᠤ ᠪᠣᠯ МЭ 400 ᠣᠨ ᠤ ᠦᠶ᠎ᠡ ᠳᠦ ᠵᠧᠷᠣᠮ ᠤᠨ ᠭᠠᠷᠭᠠᠭᠰᠠᠨ ᠯᠠᠲ᠋ᠢᠨ ᠬᠡᠯᠡ ᠳᠡᠭᠡᠷᠡᠬᠢ ᠰᠲ᠋ᠠᠨᠳᠠᠷᠲ ᠪᠢᠪᠯᠢ᠃ МЭ 200 ᠍ ᠊ᠭᠠᠳ ᠣᠨ ᠤ ᠦᠶ᠎ᠡ ᠳᠦ ᠨᠡᠶᠢᠲᠡ ᠶᠢᠨ ᠬᠡᠷᠡᠭᠯᠡᠭᠡᠨ ᠦ ᠬᠡᠯᠡ ᠭᠷᠧᠺ ᠬᠡᠯᠡᠨ ᠡᠴᠡ ᠯᠠᠲ᠋ᠢᠨ ᠬᠡᠯᠡ ᠤᠷᠤᠭᠤ ᠰᠢᠯᠵᠢᠭᠰᠡᠨ ᠶᠤᠮ᠃ ᠣᠯᠠᠨ ᠨᠡᠶᠢᠲᠡ ᠶᠢᠨ ᠬᠦᠷᠲᠡᠭᠡᠯ ᠪᠣᠯᠭᠠᠬᠤ ᠶᠢᠨ ᠲᠤᠯᠠᠳᠠ ᠡᠨᠡᠬᠦ ᠡᠬᠡ ᠪᠢᠴᠢᠭ ᠢ ᠪᠤᠢ ᠪᠣᠯᠭᠠᠬᠤ ᠱᠠᠭᠠᠷᠳᠠᠯᠭ᠎ᠠ ᠤᠷᠭᠤᠨ ᠭᠠᠷᠤᠭᠰᠠᠨ᠃

ᠣᠷᠴᠢᠨ ᠴᠠᠭ ᠤᠨ ᠪᠢᠪᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠢᠰᠲ᠋ᠢᠳᠬᠡᠯ ᠳᠦ ᠪᠢᠪᠯᠢ ᠨᠢ 2 ᠬᠡᠰᠡᠭ ᠡᠴᠡ ᠪᠥᠷᠢᠳᠦᠨ᠎ᠡ᠃ ᠡᠬᠢᠨ ᠦ ᠬᠡᠰᠡᠭ ᠢ ᠬᠠᠭᠤᠴᠢᠨ ᠭᠡᠷ᠎ᠡ ᠭᠡᠳᠡᠭ ᠪᠥᠭᠡᠳ ᠨᠡᠶᠢᠲᠡ 39 ᠨᠣᠮ ᠠᠴᠠ ᠪᠥᠷᠢᠳᠦᠨ᠎ᠡ᠃ ᠬᠠᠷᠢᠨ ᠤᠳᠠᠭᠠᠬᠢ ᠬᠡᠰᠡᠭ ᠢ ᠰᠢᠨ᠎ᠡ ᠭᠡᠷ ᠢᠶᠡᠨ ᠭᠡᠬᠦ ᠪᠠ 27 ᠨᠣᠮ ᠠᠴᠠ ᠪᠥᠷᠢᠳᠦᠨ᠎ᠡ᠃ ᠰᠢᠨ᠎ᠡ ᠭᠡᠷ᠎ᠡ ᠶᠢᠨ ᠡᠬᠢᠨ ᠦ 4 ᠨᠣᠮ ᠢ ᠰᠠᠶᠢᠨ ᠮᠡᠳᠡᠭᠡᠨ ᠦ ᠳᠥᠷᠪᠡᠨ ᠨᠣᠮ ᠭᠡᠳᠡᠭ ᠪᠥᠭᠡᠳ ᠾᠷᠢᠰᠲ ᠤᠨ ᠠᠮᠢᠳᠤᠷᠠᠯ᠂ ᠰᠤᠷᠭᠠᠯ᠂ ᠾᠷᠢᠰᠲ᠋ ᠢᠲᠡᠭᠡᠯ ᠦᠨ ᠲᠠᠯ᠎ᠠ ᠪᠠᠷ ᠦᠭᠦᠯᠡᠳᠡᠭ᠃ ᠾᠷᠢᠰᠲ᠋ᠢᠳᠬᠡᠯ ᠳᠦ ᠪᠢᠪᠯᠢ ᠳᠦ ᠢᠪᠡᠷᠡᠢ ᠪᠢᠪᠯᠢ ᠶᠢᠨ ᠶᠡᠬᠡᠩᠬᠢ ᠬᠡᠰᠡᠭ ᠢ ᠪᠠᠭᠲᠠᠭᠠᠭᠰᠠᠨ ᠪᠣᠯᠪᠠᠴᠤ ᠪᠠᠭ᠎ᠠ ᠵᠡᠷᠭᠡ ᠶᠢᠨ ᠣᠨᠳᠣᠣ ᠵᠦᠢᠯ ᠦᠳ ᠪᠤᠢ᠃

ᠪᠢᠪᠯᠢ ᠶᠢᠨ ᠬᠥᠷᠪᠡᠭᠦᠯᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

1631 ᠣᠨ᠃ KJV ᠬᠤᠪᠢᠯᠪᠤᠷᠢ ᠶᠢᠨ ᠰᠢᠨ᠎ᠡ ᠭᠡᠷ ᠢᠶᠡᠨ ᠬᠡᠰᠡᠭ ᠦᠨ ᠨᠢᠭᠤᠷ

ᠪᠢᠪᠯᠢ ᠶᠢᠨ ᠮᠠᠰᠢ ᠣᠯᠠᠨ ᠬᠥᠷᠪᠡᠭᠦᠯᠭᠡ ᠨᠦᠭᠦᠳ ᠪᠠᠶᠢᠳᠠᠭ ᠪᠥᠭᠡᠳ ᠡᠬᠡ ᠪᠢᠴᠢᠪᠦᠷᠢ ᠨᠦᠭᠦᠳ ᠢ ᠣᠷᠴᠢᠨ ᠴᠠᠭ ᠤᠨ ᠬᠡᠯᠡᠨ ᠳᠦ ᠬᠥᠷᠪᠡᠭᠦᠯᠦᠭᠰᠡᠨ ᠰᠤᠳᠤᠷ ᠤᠳ ᠢ ᠡᠶᠢᠨᠬᠦᠦ ᠨᠡᠷᠡᠯᠡᠳᠡᠭ᠃ ᠬᠠᠮᠤᠭ ᠤᠨ ᠠᠩᠬᠠᠨ ᠤ ᠬᠥᠷᠪᠡᠭᠦᠯᠦᠭ 4 ᠍ ᠳᠦᠭᠡᠷ ᠵᠠᠭᠤᠨ ᠳᠤ ᠡᠬᠢᠯᠡᠭᠰᠡᠨ ᠪᠣᠯ ᠲᠡᠭᠦᠨ ᠡᠴᠡ ᠬᠣᠶᠢᠰᠢ ᠯᠠᠲ᠋ᠢᠨ᠂ ᠠᠩᠭᠯᠢ ᠵᠡᠷᠭᠡ ᠬᠡᠯᠡ ᠦᠷᠦᠭᠦ ᠬᠥᠷᠪᠡᠭᠦᠯᠵᠦ ᠡᠬᠢᠯᠡᠭᠰᠡᠨ᠃ ᠲᠡᠷᠡᠨ ᠳᠤᠮᠳᠠ ᠠᠴᠠ ᠠᠩᠭᠯᠢ ᠬᠥᠷᠪᠡᠭᠦᠯᠦᠭ ᠬᠠᠮᠤᠭ ᠤᠨ ᠶᠡᠬᠡ ᠪᠠᠶᠢᠳᠠᠭ ᠪᠠ New King James Version (NKJV), New International Version (NIV), New English Bible, Message, Good News ᠭᠡᠬᠦ ᠮᠡᠲᠦ ᠣᠯᠠᠨ ᠬᠥᠷᠪᠡᠭᠦᠯᠦᠭ ᠬᠤᠪᠢᠯᠪᠤᠷᠢ ᠨᠤᠭᠤᠳ ᠪᠠᠶᠢᠳᠠᠭ᠃ ᠡᠭᠦᠨ ᠡᠴᠡ ᠭᠣᠣᠯᠴᠢᠯᠠᠨ ᠪᠠᠷᠢᠮᠲᠠᠯᠠᠳᠠᠭ ᠨᠢ New King James Version (NKJV) ᠪᠠ New International Version (NIV) ᠪᠣᠯᠤᠨ᠎ᠠ᠃

  • New King James Version - AV/KJV ᠬᠤᠪᠢᠯᠪᠤᠷᠢ ᠶᠢᠨ ᠥᠭᠦᠯᠡᠪᠦᠷᠢ ᠶᠢᠨ ᠪᠦᠲᠦᠴᠡ ᠶᠢ ᠬᠡᠪ ᠢᠶᠡᠷ ᠬᠠᠳᠠᠭᠠᠯᠠᠭᠰᠠᠨ ᠴᠤ ᠦᠭᠡ ᠬᠡᠯᠡᠯᠭᠡ ᠶᠢ ᠨᠢ ᠣᠷᠴᠢᠨ ᠦᠶ᠎ᠡ ᠶᠢᠨ ᠬᠢ ᠲᠡᠢ ᠨᠡᠶᠢᠴᠡᠭᠦᠯᠦᠨ ᠣᠷᠴᠢᠭᠤᠯᠤᠭᠰᠠᠨ ᠠᠮᠧᠷᠢᠺᠠ ᠬᠤᠪᠢᠯᠪᠤᠷᠢ᠃
  • New International Version - ᠬᠡᠯᠡᠨ ᠦ ᠦᠨ᠎ᠡ ᠴᠢᠨ ᠢ ᠡᠬᠡ ᠪᠢᠴᠢᠪᠦᠷᠢ ᠶᠢᠨ ᠦᠨᠡᠨ ᠵᠥᠪ ᠪᠠᠶᠢᠳᠠᠯ ᠲᠠᠢ ᠬᠣᠣᠰᠯᠠᠭᠤᠯᠬᠤ ᠶᠢ ᠵᠣᠷᠢᠭᠰᠠᠨ᠃ ᠡᠬᠡ ᠬᠤᠪᠢᠯᠪᠤᠷᠢ ᠨᠤᠭᠤᠳ ᠠᠴᠠ (ᠠᠮᠧᠷᠢᠺᠠᠴᠤᠳ ᠤᠨ ᠭᠠᠷᠭᠠᠭᠰᠠᠨ) ᠭᠠᠳᠠᠨ᠎ᠠ ᠠᠩᠭᠯᠢᠴᠢᠯᠠᠭᠰᠠᠨ ᠬᠤᠪᠢᠯᠪᠤᠷᠢ ᠪᠣᠯᠤᠨ ᠪᠷᠢᠲ᠋ᠠᠨ(ᠠᠩᠭᠯᠢ) ᠬᠤᠪᠢᠯᠪᠤᠷᠢ (ᠡᠷ᠎ᠡ᠂ ᠡᠮ᠎ᠡ ᠬᠦᠢᠰ ᠢ ᠶᠡᠷᠦᠩᠬᠡᠶᠢᠯᠡᠨ ᠨᠡᠷᠡᠯᠡᠭᠰᠡᠨ) ᠭᠡᠵᠦ ᠪᠤᠢ᠃
  • New English ᠪᠢᠪᠯᠢ - 1960 ᠣᠨ ᠳᠤ ᠠᠩᠭᠯᠢ ᠶᠢᠨ ᠬᠡᠰᠡᠭ ᠡᠷᠳᠡᠮᠲᠡᠳ ᠦᠨ ᠣᠷᠴᠢᠭᠤᠯᠤᠭᠰᠠᠨ᠂ ᠣᠷᠴᠢᠨ ᠦᠶ᠎ᠡ ᠶᠢᠨ ᠦᠭᠡ ᠬᠡᠯᠡᠯᠭᠡ ᠪᠦᠬᠦᠢ ᠬᠤᠪᠢᠯᠪᠤᠷᠢ᠃ ᠦᠭᠡ ᠬᠡᠯᠡᠯᠭᠡ ᠪᠠ ᠪᠢᠴᠢᠯᠭᠡ ᠶᠢᠨ ᠬᠡᠯᠪᠡᠷᠢ ᠨᠢ ᠠᠯᠪᠠᠨ ᠤ ᠪᠥᠭᠡᠳ ᠣᠶᠤᠨᠯᠠᠭ ᠰᠢᠨᠵᠢ ᠲᠡᠢ᠃ ᠡᠨᠡ ᠨᠢ ᠣᠷᠴᠢᠭᠤᠯᠤᠭᠴᠢᠳ ᠨᠢ ᠡᠷᠳᠡᠮ ᠪᠣᠯᠪᠠᠰᠤᠷᠠᠯ ᠲᠠᠢ ᠬᠦᠮᠦᠰ ᠪᠠᠶᠢᠭᠰᠠᠨ ᠢ ᠢᠯᠡᠳᠬᠡᠨ ᠬᠠᠷᠠᠭᠤᠯᠳᠠᠭ ᠪᠠᠶᠢᠨ᠎ᠠ᠃
  • Message - ᠶᠡᠶᠤᠭᠠᠨ ᠫᠧᠲ᠋ᠧᠷᠠᠭᠰᠠᠨ ᠭᠡᠳᠡᠭ ᠬᠦᠮᠦᠨ ᠦ ᠭᠠᠷᠭᠠᠭᠰᠠᠨ ᠥᠭᠡᠷᠡᠴᠢᠯᠡᠭᠰᠡᠨ ᠭᠡᠬᠦ ᠡᠴᠡ ᠪᠡᠨ ᠢᠯᠡᠭᠦᠦ ᠲᠠᠶᠢᠯᠪᠤᠷᠢᠯᠠᠭᠰᠠᠨ ᠬᠤᠪᠢᠯᠪᠤᠷᠢ᠃ ᠡᠬᠡ ᠬᠡᠯᠡᠯᠭᠡ ᠶᠢᠨ ᠬᠢ ᠨᠢ ᠣᠷᠣᠨ ᠳᠤ ᠣᠷᠴᠢᠨ ᠦᠶ᠎ᠡ ᠶᠢᠨ ᠵᠦᠢᠷᠯᠡᠯ᠂ ᠦᠵᠡᠯ ᠰᠠᠨᠠᠭ᠎ᠠ ᠪᠣᠯᠤᠨ ᠦᠭᠡᠨ ᠨᠠᠭᠠᠳᠤᠮ ᠶᠢ ᠢᠯᠡᠭᠦᠦ ᠲᠦᠯᠬᠢᠭᠦᠦ ᠬᠡᠷᠡᠭᠯᠡᠭᠰᠡᠨ᠃
  • Good News - ᠠᠩᠭᠯᠢ ᠬᠡᠯᠡ ᠶᠢ ᠬᠣᠶᠠᠳᠠᠭᠴᠢ ᠬᠡᠯᠡ ᠪᠡᠨ ᠪᠣᠯᠭᠠᠭᠰᠠᠨ ᠬᠦᠮᠦᠰ ᠲᠦ ᠢᠯᠡᠭᠦᠦ ᠲᠣᠬᠢᠷᠠᠮᠵᠢᠲᠠᠢ ᠬᠡᠯᠪᠡᠷᠢ ᠪᠡᠷ ᠪᠢᠴᠢᠭᠳᠡᠭᠰᠡᠨ ᠣᠷᠴᠢᠨ ᠦᠶ᠎ᠡ ᠶᠢᠨ᠂ ᠤᠩᠰᠢᠬᠤ ᠳᠤ ᠳᠥᠬᠥᠮ ᠠᠩᠭᠯᠢ ᠬᠡᠯᠡᠨ ᠦ ᠬᠤᠪᠢᠯᠪᠤᠷᠢ᠃ ᠡᠭᠦᠨ ᠳᠦ ᠳᠡᠯᠡᠬᠡᠢ ᠳᠠᠶᠠᠭᠠᠷᠬ᠎ᠠ ᠠᠩᠭᠯᠢ ᠬᠡᠯᠡ ᠪᠡᠷ ᠤᠩᠰᠢᠳᠠᠭ ᠬᠦᠮᠦᠰ ᠦᠨ ᠳᠡᠶᠢᠯᠦᠩᠬᠢ ᠶᠢᠨ ᠮᠡᠳᠡᠳᠡᠭ ᠡᠩ ᠦᠨ ᠦᠭᠡ ᠬᠡᠯᠡᠯᠭᠡ ᠶᠢ ᠬᠡᠷᠡᠭᠯᠡᠬᠦ ᠶᠢ ᠴᠢᠷᠮᠠᠶᠢᠭᠰᠠᠨ᠃ ᠮᠡᠷᠭᠡᠵᠢᠯ ᠦᠨ ᠪᠣᠯᠤᠨ ᠶᠠᠷᠢᠶᠠᠨ ᠤ ᠦᠭᠡ ᠬᠡᠯᠡᠯᠭᠡ ᠬᠡᠷᠡᠭᠯᠡᠬᠦ ᠡᠴᠡ ᠵᠠᠶᠢᠯᠠᠰᠤ ᠬᠢᠭᠰᠡᠨ ᠬᠢᠯᠪᠠᠷ ᠬᠤᠪᠢᠯᠪᠤᠷᠢ ᠶᠤᠮ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠢᠪᠯᠢ&oldid=443988》 ᠍  ᠡᠴᠡ ᠠᠪᠤᠭᠰᠠᠨ

ᠪᠢᠴᠢᠭᠡᠰᠦ