ᠪᠢᠣ ᠬᠡᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠢᠣ ᠬᠡᠢ ᠶᠢ ᠢᠯᠭᠠᠵᠤ ᠠᠪᠳᠠᠭ ᠬᠢᠯᠪᠠᠷ ᠪᠠᠶᠢᠭᠤᠯᠤᠮᠵᠢ
ᠰᠸᠸᠳᠡᠨ ᠲᠦ ᠪᠢᠣ ᠬᠡᠢ ᠪᠡᠷ ᠠᠵᠢᠯᠯᠠᠳᠠᠭ ᠠᠦ᠋ᠲ᠋ᠣᠪᠦ᠋ᠰ
ᠪᠢᠣ ᠬᠡᠢ ᠢᠯᠭᠠᠷᠠᠭᠤᠯᠵᠤ ᠠᠪᠳᠠᠭ ᠬᠢᠯᠪᠠᠷ ᠲᠥᠬᠥᠭᠡᠷᠦᠮᠵᠢ

ᠪᠢᠣ ᠬᠡᠢ ᠨᠢ ᠣᠷᠭᠠᠨᠢᠭ ᠵᠦᠢᠯᠡᠰ ᠢ ᠬᠦᠴᠢᠯᠲᠥᠷᠦᠭᠴᠢ ᠭᠦᠢ ᠤᠷᠴᠢᠨ ᠳᠤ ᠡᠰᠬᠡᠨ ᠵᠠᠳᠠᠯᠵᠤ ᠮᠧᠲ᠋ᠠᠨ᠂ ᠨᠡᠭᠦᠷᠡᠰᠦᠲᠥ᠋ᠷᠥᠭᠴᠢ ᠶᠢᠨ ᠬᠣᠯᠢᠮᠠᠭ ᠠᠴᠠ ᠪᠦᠷᠢᠳᠳᠡᠭ ᠰᠢᠲᠠᠳᠠᠭ ᠬᠡᠢ ᠶᠤᠮ᠃ ᠡᠨᠡ ᠨᠢ ᠬᠡᠢ ᠰᠡᠷᠭᠡᠭᠳᠡᠬᠦ ᠡᠷᠴᠢᠮ ᠬᠦᠴᠦᠨ ᠦ ᠴᠢᠬᠤᠯᠠ ᠲᠥᠷᠥᠯ ᠪᠥᠭᠡᠳ ᠮᠠᠯ ᠠᠵᠤ ᠠᠬᠤᠢ ᠲᠠᠢ ᠣᠷᠣᠨ ᠨᠤᠭᠤᠳ ᠡᠷᠴᠢᠮ ᠬᠦᠴᠦᠨ ᠦ ᠪᠡᠨ ᠲᠣᠮᠣᠬᠠᠨ ᠬᠡᠰᠡᠭ ᠢ ᠪᠦᠷᠢᠨ ᠬᠠᠩᠭᠠᠬᠤ ᠪᠣᠯᠤᠮᠵᠢ ᠲᠠᠢ ᠡᠯᠪᠡᠭ ᠲᠣᠬᠢᠶᠠᠯᠳᠣᠬᠤ ᠡᠬᠢ ᠡᠭᠦᠰᠪᠦᠷᠢ ᠲᠡᠢ ᠨᠥᠭᠡᠴᠡ ᠪᠠᠶᠠᠯᠢᠭ ᠤᠨ ᠲᠥᠷᠥᠯ ᠶᠤᠮ᠃ ᠪᠢᠣ ᠬᠢᠨ ᠦ ᠭᠣᠣᠯ ᠡᠬᠢ ᠡᠭᠦᠰᠪᠦᠷᠢ ᠨᠢ ᠮᠠᠯᠢᠢᠨ ᠥᠳᠬᠡ᠂ ᠲᠠᠷᠢᠶ᠎ᠠ ᠨᠣᠭᠣᠭᠠᠨ ᠤ ᠬᠠᠶᠠᠭᠳᠠᠯ ᠪᠠ ᠪᠤᠰᠤᠳ ᠬᠥᠳᠡᠭᠡ ᠠᠵᠤ ᠠᠬᠤᠢ ᠶᠢᠨ ᠣᠷᠭᠠᠨᠢᠭ ᠬᠠᠶᠠᠭᠳᠠᠯ ᠢ ᠶᠡᠷᠦᠩᠬᠡᠢ ᠲᠠᠷᠬᠠᠭᠰᠠᠨ ᠲᠧᠭᠨᠣᠯᠣᠭᠢ ᠪᠠᠷ ᠡᠰᠬᠡᠵᠦ ᠪᠠᠺᠲ᠋ᠧᠷᠢ ᠶᠢᠨ ᠪᠣᠯᠪᠠᠰᠤᠷᠠᠭᠤᠯᠤᠯᠲᠠᠨ ᠳᠤ ᠣᠷᠣᠭᠤᠯᠤᠭᠠᠳ ᠬᠡᠢ ᠶᠢ ᠢᠯᠭᠠᠵᠤ ᠠᠪᠳᠠᠭ ᠦᠨᠳᠦᠰᠦᠨ ᠲᠧᠺᠨᠣᠯᠣᠭᠢ ᠲᠠᠢ᠃ ᠡᠨᠡ ᠬᠡᠢ ᠨᠢ ᠪᠠᠶᠢᠭᠠᠯᠢ ᠶᠢᠨ ᠰᠢᠲᠠᠳᠠᠭ ᠬᠦᠶᠢᠨ᠎ᠡ ᠡᠴᠡ ᠣᠭᠲᠣ ᠢᠯᠭᠠᠭ᠎ᠠ ᠦᠭᠡᠢ ᠰᠢᠬᠠᠭᠤ ᠰᠢᠲᠠᠭᠠᠬᠤ᠂ ᠬᠠᠯᠬᠤ᠂ ᠭᠠᠯ ᠲᠣᠭᠣᠭᠠᠨ ᠳᠤ ᠬᠣᠭᠣᠯᠠ ᠪᠡᠯᠡ ᠳᠦ ᠬᠢ᠂ ᠭᠧᠨᠧᠷᠠᠲ᠋ᠣᠷ ᠲᠤ ᠬᠢᠵᠦ ᠴᠠᠬᠢᠯᠭᠠᠨ ᠭᠠᠷᠭᠠᠬᠤ ᠭᠡᠳ ᠡᠷᠴᠢᠮ ᠬᠦᠴᠦᠨ ᠦ ᠭᠣᠣᠯ ᠬᠡᠷᠡᠭᠯᠡᠭᠡ ᠶᠢ ᠬᠠᠩᠭᠠᠳᠠᠭ᠃ ᠪᠢᠣ ᠬᠡᠢ ᠶᠢ ᠴᠡᠪᠡᠷᠰᠢᠭᠦᠯᠵᠦ ᠴᠡᠪᠡᠷ ᠰᠢᠲᠠᠳᠠᠭ ᠬᠢᠨ ᠦ ᠵᠡᠷᠭᠡᠯᠡᠯ ᠳᠦ ᠬᠦᠷᠭᠡᠵᠦ ᠪᠣᠯᠳᠠᠭ᠃ ᠶᠡᠬᠡ ᠪᠷᠢᠲ᠋ᠠᠨᠢᠳ ᠪᠢᠣ ᠬᠡᠢ ᠶᠢ ᠰᠢᠬᠠᠵᠤ ᠲᠡᠭᠡᠭᠡᠪᠦᠷᠢ ᠶᠢᠨ ᠬᠡᠷᠡᠭᠰᠡᠯ ᠦᠨ ᠲᠦᠯᠡᠰᠢ ᠪᠣᠯᠭᠠᠬᠤ ᠪᠠᠷ ᠢᠳᠡᠪᠬᠢ ᠲᠡᠢ ᠠᠵᠢᠯᠯᠠᠵᠤ ᠤᠯᠤᠰ ᠤᠨ ᠢᠶᠠᠨ ᠰᠢᠲᠠᠬᠤᠨ ᠤ 17% ᠍ ᠢ ᠬᠠᠩᠭᠠᠬᠤ ᠪᠠᠷ ᠠᠵᠢᠯᠯᠠᠵᠤ ᠪᠠᠶᠢᠨ᠎ᠠ᠃ ᠭᠧᠷᠮᠠᠨ ᠨᠢ ᠬᠥᠭᠵᠢᠩᠭᠦᠢ ᠣᠷᠣᠨ ᠨᠤᠭᠤᠳ ᠠᠴᠠ ᠰᠡᠷᠭᠦᠭᠡᠭᠳᠡᠬᠦ ᠡᠨᠧᠷᠭᠢ ᠦᠢᠯᠡᠳᠪᠦᠷᠢᠯᠡᠯ ᠢᠶᠡᠷ ᠣᠳᠣ ᠪᠠᠷ ᠲᠡᠷᠢᠭᠦᠯᠡᠵᠦ ᠪᠠᠶᠢᠭ᠎ᠠ ᠪᠥᠭᠡᠳ ᠨᠡᠶᠢᠲᠡ ᠡᠨᠧᠷᠭᠢ ᠦᠢᠯᠡᠳᠪᠦᠷᠢᠯᠡᠯ ᠦᠨ 25% ᠍ ᠢ ᠰᠡᠷᠭᠦᠭᠡᠭᠳᠡᠬᠦ ᠡᠭᠦᠨ ᠦ 22% ᠨᠢ ᠪᠢᠣ ᠬᠦᠶᠢᠨ᠎ᠡ ᠡᠴᠡ ᠬᠠᠩᠭᠠᠵᠤ ᠪᠠᠶᠢᠨ᠎ᠠ᠂ ᠨᠡᠶᠢᠲᠡ 6000 ᠪᠢᠣ ᠬᠡᠢ ᠶᠢᠨ ᠦᠢᠯᠡᠳᠪᠦᠷᠢ ᠲᠡᠢ᠃ ᠠᠮᠧᠷᠢᠺᠠ ᠶᠢᠨ ᠨᠢᠭᠡᠳᠦᠭᠰᠡᠨ ᠤᠯᠤᠰ ᠲᠤ ᠨᠡᠶᠢᠲᠡ ᠡᠨᠧᠷᠭᠢ ᠦᠢᠯᠡᠳᠪᠦᠷᠢᠯᠡᠯ ᠦᠨ 0,5% ᠪᠤᠶᠤ 20 ᠭᠢᠭᠠᠸᠠᠲ ᠢ ᠪᠠ ᠺᠠᠨᠠᠳᠠ ᠲᠤ ᠨᠡᠶᠢᠲᠡ 378 ᠮᠸᠭᠠᠸᠠᠲ ᠡᠨᠧᠷᠭᠢ ᠶᠢ ᠪᠢᠣ ᠬᠦᠶᠢᠨ᠎ᠡ ᠡᠴᠡ ᠬᠠᠩᠭᠠᠵᠤ ᠪᠠᠶᠢᠨ᠎ᠠ᠃ ᠮᠣᠩᠭᠣᠯ ᠤᠯᠤᠰ ᠤᠨ ᠣᠳᠣ ᠶᠢᠨ 45 ᠰᠠᠶ᠎ᠠ ᠮᠠᠯ ᠤᠨ ᠪᠢᠣ ᠬᠡᠢ ᠶᠢᠨ ᠨᠥᠭᠡᠴᠡ ᠪᠡᠷ 5-6 ᠰᠠᠶ᠎ᠠ ᠬᠦᠮᠦᠨ ᠦ ᠡᠷᠴᠢᠮ ᠬᠦᠴᠦᠨ ᠦ ᠬᠡᠷᠡᠭᠴᠡᠭᠡ ᠶᠢ ᠬᠠᠩᠭᠠᠬᠤ ᠪᠣᠯᠤᠯᠴᠠᠭ᠎ᠠ ᠲᠠᠢ᠃

ᠨᠠᠶᠢᠷᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠶᠢᠷᠯᠠᠭ ᠮᠣᠯᠧᠺᠤᠯ ᠲᠣᠮᠢᠶ᠎ᠠ  %
ᠮᠧᠲ᠋ᠠᠨ CH4 50–75
ᠨᠡᠭᠦᠷᠡᠰᠦᠲᠥ᠋ᠷᠥᠭᠴᠢ CO2 25–50
ᠨᠢᠲ᠋ᠷᠣᠭᠧᠨ N2 0–10
ᠤᠰᠤᠲᠥᠶᠢᠷᠦᠭᠴᠢ H2 0–1
ᠤᠰᠤᠲᠦᠶᠢᠷᠦᠭᠴᠢ ᠶᠢᠨ ᠰᠦᠯᠢᠹᠢ ᠳᠤ H2S 0–3
ᠬᠦᠴᠢᠯᠲᠦᠶᠢᠷᠦᠭᠴᠢ O2 0–0

ᠪᠢᠣᠬᠢᠢ ᠮᠣᠩᠭᠣᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠣ ᠬᠡᠢ ᠶᠢ 1980 ᠍ ᠳᠦ ᠣᠨ ᠤ ᠡᠬᠢᠨ ᠡᠴᠡ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠢᠮᠢ ᠶᠢᠨ ᠬᠦᠷᠢᠶᠡᠯᠡᠩ ᠰᠤᠳᠤᠯᠭᠠᠨ ᠤ ᠨᠢᠭᠡ ᠰᠡᠳᠦᠪ ᠪᠣᠯᠭᠠᠨ ᠰᠤᠳᠤᠯᠵᠤ ᠡᠬᠢᠯᠡᠭᠰᠡᠨ ᠶᠤᠮ᠃ ᠡᠨᠡ ᠰᠤᠳᠤᠯᠭᠠᠨ ᠤ ᠦᠷ᠎ᠡ ᠳ᠋ᠦᠩ ᠳᠦ ᠮᠠᠯ ᠤᠨ ᠢᠯᠭᠠᠳᠠᠰᠤ ᠪᠣᠯᠬᠤ ᠬᠥᠷᠵᠡᠩ᠂ ᠠᠷᠭᠠᠯ ᠵᠡᠷᠭᠡ ᠡᠴᠡ ᠪᠢᠣ ᠬᠡᠢ ᠶᠢ ᠭᠠᠷᠭᠠᠨ ᠠᠪᠬᠤ ᠣᠨᠣᠯ ᠤᠨ ᠪᠣᠯᠤᠨ ᠫᠷᠠᠺᠲ᠋ᠢᠭ ᠠᠰᠠᠭᠤᠳᠠᠯ ᠤᠳ ᠢ ᠰᠤᠳᠤᠯᠤᠨ ᠪᠥᠷᠢᠨ ᠰᠢᠢᠳᠪᠦᠷᠢᠯᠡᠭᠰᠡᠨ᠃ ᠡᠭᠦᠨ ᠦ ᠬᠠᠮᠤᠭ ᠤᠨ ᠭᠣᠣᠯ ᠦᠷ᠎ᠡ ᠳ᠋ᠦᠩ ᠨᠢ ᠵᠢᠷ ᠦᠨ ᠮᠠᠯᠴᠢᠨ ᠤ ᠭᠡᠷ ᠲᠦ ᠥᠪᠡᠷ ᠦᠨ ᠮᠠᠯ ᠤᠨ ᠢᠯᠭᠠᠳᠠᠰᠤ ᠪᠠᠨ ᠠᠰᠢᠭᠯᠠᠨ ᠭᠡᠷ ᠦᠨ ᠨᠥᠬᠥᠴᠡᠯ ᠳᠦ ᠪᠢᠣ ᠬᠢ ᠭᠠᠷᠭᠠᠨ ᠠᠪᠬᠤ ᠶᠠᠩᠵᠤ ᠪᠦᠷᠢ ᠶᠢᠨ ᠪᠠᠭ᠎ᠠ ᠣᠪᠣᠷ ᠤᠨ ᠵᠢᠵᠢᠭ ᠲᠥᠬᠦᠭᠡᠷᠦᠮᠵᠢ ᠨᠦᠭᠦᠳ ᠢ ᠵᠣᠬᠢᠶᠠᠨ ᠪᠦᠲᠦᠭᠡᠵᠦ᠂ ᠮᠠᠯᠴᠢᠨ ᠤ ᠬᠣᠳᠠ ᠳᠤ ᠲᠤᠷᠰᠢᠵᠤ ᠪᠠᠶᠢᠭᠰᠠᠨ ᠶᠠᠪᠤᠳᠠᠯ ᠤᠳ ᠶᠤᠮ᠃ ᠡᠨᠡ ᠠᠰᠠᠭᠤᠳᠠᠯ 1990 ᠍ ᠊ᠭᠡᠳ ᠣᠨ ᠤ ᠡᠳ᠋ ᠍ ᠦᠨ ᠵᠠᠰᠠᠭ ᠤᠨ ᠰᠢᠯᠵᠢᠯᠲᠡ ᠶᠢᠨ ᠦᠶ᠎ᠡ ᠪᠡᠷ ᠮᠠᠷᠲᠠᠭᠳᠠᠭᠰᠠᠨ ᠶᠤᠮ᠃

ᠪᠢᠣ ᠬᠡᠢ ᠶᠢᠨ ᠡᠷᠴᠢᠮ ᠬᠦᠴᠦᠨ ᠦ ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2013 ᠣᠨ ᠤ ᠪᠠᠶᠢᠳᠠᠯ ᠢᠶᠠᠷ ᠭᠧᠷᠮᠠᠨᠸᠢᠯᠳᠫᠣᠯᠳᠤᠰᠷᠠᠢ ᠳᠤ ᠲᠣᠰᠬᠣᠨ ᠳᠤ ᠮᠠᠯ ᠤᠨ ᠥᠳᠬᠡ ᠪᠠ ᠬᠠᠶᠠᠭᠳᠠᠯ ᠤᠷᠭᠤᠮᠠᠯ ᠢᠶᠠᠷ ᠠᠵᠢᠯᠯᠠᠳᠠᠭ 4 ᠱ ᠪᠢᠣ ᠬᠡᠢ ᠶᠢᠨ ᠦᠢᠯᠡᠳᠪᠦᠷᠢ ᠨᠦᠭᠦᠳ ᠠᠵᠢᠯᠯᠠᠵᠤ ᠲᠣᠰᠬᠣᠨ ᠤ 2600 ᠢᠷᠭᠡᠳ ᠦᠨ ᠴᠠᠬᠢᠯᠭᠠᠨ ᠤ ᠬᠡᠷᠡᠭᠯᠡᠭᠡ ᠶᠢ ᠪᠥᠷᠢᠨ ᠬᠠᠩᠭᠠᠵᠤ ᠮᠥᠨ ᠴᠢᠨᠠᠭᠰᠢ ᠨᠠᠷᠠ ᠰᠠᠯᠬᠢᠨ ᠦ ᠡᠷᠴᠢᠮ ᠬᠦᠴᠦ ᠲᠡᠢ ᠬᠠᠪᠰᠤᠷᠴᠢ 500% ᠢᠯᠡᠭᠦᠳᠡᠯ ᠴᠠᠬᠢᠯᠭᠠᠨ ᠭᠠᠷᠭᠠᠵᠤ ᠢᠯᠡᠭᠦᠦ ᠣᠷᠣᠯᠭ᠎ᠠ ᠣᠯᠳᠠᠭ ᠪᠠᠶᠢᠨ᠎ᠠ᠃ [1]

ᠪᠢᠴᠢᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠸᠢᠳᠢᠣ᠋
  2. ᠸᠢᠳᠢᠣ᠋
  3. ᠸᠢᠳᠢᠣ᠋


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠢᠣ_ᠬᠡᠢ&oldid=401415》 ᠍  ᠡᠴᠡ ᠠᠪᠤᠭᠰᠠᠨ

ᠪᠢᠴᠢᠭᠡᠰᠦ