ᠪᠢᠣᠯᠣᠭᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠢᠣᠯᠣᠭᠢ ᠪᠤᠶᠤ ᠠᠮᠢᠨ ᠰᠤᠳᠤᠯᠤᠯ ᠨᠢ ᠠᠮᠢᠨ ᠰᠤᠳᠤᠯᠤᠯ ᠤᠨ ᠰᠢᠨᠵᠢᠯᠡᠬᠦ ᠤᠬᠠᠭᠠᠨ ᠶᠤᠮ᠃ ᠭᠷᠧᠺ ᠬᠡᠯᠡᠨ ᠦ ᠪᠢᠣᠰ (βιος) (ᠠᠮᠢᠳᠤ) ᠪᠠ ᠯᠣᠭᠣᠰ (λογος) (ᠰᠤᠳᠤᠯᠬᠤ), ᠭᠡᠰᠡᠨ ᠦᠭᠡᠨ ᠡᠴᠡ ᠭᠠᠷᠤᠯ ᠲᠠᠢ᠃ ᠰᠤᠳᠤᠯᠬᠤ ᠵᠦᠢᠯ᠂ ᠠᠮᠢᠳᠤ ᠠᠮᠢᠳᠤᠷᠠᠯ ᠢ ᠲᠠᠨᠢᠨ ᠮᠡᠳᠡᠬᠦ ᠶᠢᠨ ᠲᠤᠯᠠᠳᠠ ᠰᠤᠳᠤᠯᠳᠠᠭ ᠪᠣᠯᠪᠠᠴᠤ ᠵᠠᠷᠢᠮ ᠠᠮᠢ ᠦᠭᠡᠢ (ᠠᠮᠢ ᠲᠠᠢ ᠪᠠ ᠠᠮᠢ ᠦᠭᠡᠢ ᠽvᠢᠯ ᠤᠨ ᠬᠣᠭᠣᠷᠣᠨᠳᠣᠬᠢ) ᠵᠦᠢᠯ ᠢ ᠴᠤ ᠪᠠᠰᠠ ᠰᠤᠳᠤᠯᠳᠠᠭ (ᠸᠢᠷᠦᠰᠸᠢᠷᠣᠶᠢᠳ᠋, ᠫᠷᠢᠨ), ᠪᠠ ᠶᠡᠷᠦ ᠨᠢ ᠪᠢᠣᠯᠣᠭᠢ ᠶᠢᠨ ᠰᠤᠳᠤᠯᠬᠤ ᠰᠤᠳᠤᠯᠤᠭᠳᠠᠬᠤᠨ ᠢ ᠶᠠᠭ ᠲᠤᠬᠠᠶᠢᠯᠠᠨ ᠲᠣᠳᠣᠷᠬᠠᠶᠢᠯᠠᠨ ᠵᠠᠭᠠᠭᠯᠠᠬᠤ ᠪᠣᠯᠤᠮᠵᠢ ᠦᠭᠡᠢ ᠶᠤᠮ᠃

ᠡᠨᠡ ᠰᠢᠨᠵᠢᠯᠡᠬᠦ ᠤᠬᠠᠭᠠᠨ ᠨᠢ ᠣᠯᠠᠨ ᠰᠠᠯᠪᠤᠷᠢ ᠤᠬᠠᠭᠠᠨ ᠢ ᠪᠠᠭᠲᠠᠭᠠᠳᠠᠭ :

ᠦᠨᠳᠦᠰᠦᠨ ᠰᠠᠯᠪᠤᠷᠢ ᠵᠢᠱᠢᠶ᠎ᠡ ᠰᠠᠯᠪᠤᠷᠢ
ᠮᠣᠯᠧᠺᠤᠯ ᠮᠣᠯᠧᠺᠤᠯ ᠪᠢᠣᠯᠣᠭᠢ : ᠤᠭᠤᠷᠠᠭᠳᠧᠽᠣᠺᠰᠢᠷᠢᠪᠨᠢᠺᠯᠧᠢᠨ ᠦ ᠬᠦᠴᠢᠯ ᠣᠷᠭᠠᠨᠢᠭ ᠬᠢᠮᠢᠪᠢᠣᠬᠢᠮᠢᠮᠣᠯᠧᠺᠤᠯ ᠪᠢᠣᠯᠣᠭᠢ
ᠪᠢᠴᠢᠯ ᠡᠰ (ᠣᠷᠭᠠᠨᠢ ᠳᠤ) ᠡᠰ ᠦᠨ ᠪᠢᠣᠯᠣᠭᠢᠴᠢᠲ᠋ᠣᠯᠣᠭᠢ
(ᠡᠰᠡ , ᠣᠷᠭᠠᠨᠢᠰᠮ ᠨᠢᠭᠡ ᠡᠰᠡᠲᠦᠨ ᠮᠢᠺᠷᠣᠪᠢᠣᠯᠣᠭᠢ
ᠡᠷᠬᠡᠲᠡᠨᠡᠳ᠋ ᠹᠢᠽᠢᠣᠯᠣᠭᠢᠭᠢᠰᠲ᠋ᠣᠯᠣᠭᠢ
ᠲᠣᠮᠣ ᠪᠡᠶᠡᠲᠡᠨ ᠣᠷᠭᠠᠨᠢᠰᠮᠪᠣᠳᠢᠭᠠᠯ ᠣᠷᠭᠠᠨᠢᠰᠮ ᠤᠨ ᠪᠢᠣᠯᠣᠭᠢᠠᠨᠠᠲ᠋ᠣᠮᠢ
ᠬᠦᠮᠦᠨ ᠠᠮᠠ ᠵᠦᠢ ᠬᠦᠮᠦᠨ ᠠᠮᠠ ᠬᠦᠮᠦᠨ ᠠᠮᠠ ᠶᠢᠨ ᠪᠢᠣᠯᠣᠭᠢᠬᠦᠮᠦᠨ ᠠᠮᠠ ᠶᠢᠨ ᠭᠧᠨᠧᠲ᠋ᠢᠭ
ᠲᠤᠰᠬᠠᠢ ᠵᠦᠢᠯ ᠵᠦᠢᠯ...
ᠳᠡᠳ᠋ ᠍ ᠲᠤᠰᠬᠠᠢ ᠽvᠢᠯ ᠫᠣᠫᠦᠶᠢᠯᠢᠶᠠᠼᠡᠺᠣᠰᠢᠰᠲ᠋ᠧᠮ ᠡᠺᠣᠯᠣᠭᠢᠹᠢᠯᠣᠭᠧᠨᠢ

ᠪᠢᠣᠯᠣᠭᠢ ᠳᠤ ᠠᠮᠢᠳᠤ ᠣᠷᠭᠠᠨᠢᠰᠮ ᠢ ᠲᠥᠷᠦᠯᠵᠢᠭᠦᠯᠦᠨ ᠦᠵᠡᠵᠦ ᠠᠯᠢᠪᠠ ᠠᠮᠢᠳᠤ ᠣᠷᠭᠠᠨᠢᠰᠮ ᠬᠡᠷᠬᠢᠨ ᠣᠷᠣᠰᠢᠨ ᠲᠣᠭᠲᠠᠨᠢᠳᠠᠭ ᠪᠣᠯᠤᠨ ᠬᠣᠭᠣᠷᠣᠨᠳᠣ ᠪᠠᠨ ᠪᠤᠶᠤ ᠪᠤᠰᠤᠳ ᠣᠷᠭᠠᠨᠢᠰᠮ ᠲᠠᠢ ᠮᠥᠨ ᠬᠦᠷᠢᠶᠡᠯᠡᠩ ᠪᠤᠢ ᠣᠷᠴᠢᠨ ᠲᠠᠢ ᠬᠡᠷᠬᠢᠨ ᠵᠣᠬᠢᠴᠠᠨ ᠣᠷᠣᠰᠢᠳᠠᠭ ᠲᠤᠬᠠᠢ ᠭᠣᠣᠯ ᠠᠩᠬᠠᠷᠤᠯ ᠢᠶᠠᠨ ᠴᠢᠭᠯᠡᠭᠦᠯᠳᠡᠭ ᠪᠠᠶᠢᠨ᠎ᠠ᠃

ᠡᠨᠡ ᠰᠢᠨᠵᠢᠯᠡᠬᠦ ᠤᠬᠠᠭᠠᠨ ᠨᠢ ᠣᠯᠠᠨ ᠰᠠᠯᠪᠤᠷᠢ ᠤᠬᠠᠭᠠᠨ ᠢ ᠪᠠᠭᠲᠠᠭᠠᠳᠠᠭ ᠪᠠ ᠲᠡᠳᠡᠭᠡᠷ ᠦᠨ ᠰᠠᠯᠪᠤᠷᠢ ᠰᠢᠨᠵᠢᠯᠡᠬᠦ ᠤᠬᠠᠭᠠᠨ ᠨᠤᠭᠤᠳ ᠤᠨ ᠵᠠᠷᠢᠮ ᠪᠣᠯᠬᠤ ᠤᠷᠭᠤᠮᠠᠯ ᠰᠤᠳᠤᠯᠤᠯᠠᠮᠢᠲᠠᠨ ᠰᠤᠳᠤᠯᠤᠯ ᠵᠡᠷᠭᠡ ᠨᠢ ᠡᠷᠲᠡᠨ ᠦ ᠰᠢᠨᠵᠢᠯᠡᠬᠦ ᠤᠬᠠᠭᠠᠨ ᠪᠣᠯᠪᠠᠴᠤ ᠠᠯᠢᠪᠠ ᠠᠮᠢᠲᠠᠳ᠂ ᠠᠮᠢᠳᠤ ᠣᠷᠭᠠᠨᠢᠰᠮ ᠨᠢ ᠦᠨᠳᠦᠰᠦᠨ ᠳᠦ ᠪᠡᠨ ᠢᠵᠢᠯ ᠪᠦᠲᠦᠴᠡ ᠲᠡᠢ ᠪᠣᠯᠬᠣᠷ ᠪᠦᠬᠦᠯᠢ ᠳᠦ ᠨᠢ ᠰᠤᠳᠤᠯᠬᠤ ᠨᠢ ᠣᠨᠣᠪᠴᠢᠲᠠᠢ ᠭᠡᠵᠦ ᠬᠡᠰᠡᠭ ᠡᠷᠳᠡᠮᠲᠡᠳ ᠦᠵᠡᠭᠰᠡᠨ ᠡᠴᠡ ᠡᠭᠦᠳᠡᠨ 19 ᠍ ᠳᠦᠭᠡᠷ ᠵᠠᠭᠤᠨ ᠤ ᠦᠶᠡᠰ ᠡᠬᠢᠯᠡᠨ ᠪᠢᠣᠯᠣᠭᠢ ᠶᠢᠨ ᠰᠢᠨᠵᠢᠯᠡᠬᠦ ᠤᠬᠠᠭᠠᠨ ᠨᠢ ᠪᠦᠷᠢᠨ ᠤᠳᠬ᠎ᠠ ᠪᠠᠷ ᠢᠶᠠᠨ ᠴᠣᠭᠴᠠ ᠪᠠᠷ ᠬᠥᠭᠵᠢᠵᠦ ᠡᠬᠢᠯᠡᠭᠰᠡᠨ ᠲᠡᠦᠬᠡ ᠲᠡᠢ᠃ ᠣᠳᠣ ᠪᠢᠣᠯᠣᠭᠢ ᠶᠢᠨ ᠰᠢᠨᠵᠢᠯᠡᠬᠦ ᠤᠬᠠᠭᠠᠨ ᠬᠠᠮᠤᠭ ᠤᠨ ᠲᠦᠭᠡᠮᠡᠯ ᠲᠣᠮᠣᠬᠠᠨ ᠰᠢᠨᠵᠢᠯᠡᠬᠦ ᠤᠬᠠᠭᠠᠨ ᠭᠡᠵᠦ ᠲᠣᠭᠠᠴᠠᠭᠳᠠᠳᠠᠭ ᠪᠣᠯᠤᠭᠰᠠᠨ᠃ ᠪᠢᠣᠯᠣᠭᠢ ᠶᠢᠨ ᠰᠢᠨᠵᠢᠯᠡᠬᠦ ᠤᠬᠠᠭᠠᠨ ᠳᠤ ᠧᠣᠣᠯᠢᠶᠦ᠋ᠼ ᠦᠨ ᠣᠨᠣᠯ ᠨᠢ ᠦᠨᠳᠦᠰᠦᠨ ᠲᠤᠭᠤᠯᠭᠠᠭᠤᠷ ᠣᠨᠣᠯ ᠶᠤᠮ᠃

ᠪᠢᠣᠯᠣᠭᠢ ᠶᠢᠨ ᠰᠠᠯᠪᠤᠷᠢ ᠰᠢᠨᠵᠢᠯᠡᠬᠦ ᠤᠬᠠᠭᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠷᠣᠫᠧᠳᠢᠶᠠ -- ᠠᠨᠠᠲ᠋ᠣᠮᠢ -- ᠪᠢᠣᠠᠷᠬᠧᠣᠯᠣᠭᠢ -- ᠪᠢᠣᠬᠢᠮᠢ -- ᠮᠣᠯᠧᠺᠤᠯ ᠪᠢᠣᠯᠣᠭᠢ -- ᠪᠢᠣᠭᠧᠣᠬᠢᠮᠢ -- ᠪᠢᠣᠮᠧᠬᠠᠨᠢᠭ -- ᠪᠢᠣᠹᠢᠽᠢᠺ -- ᠪᠢᠣᠲ᠋ᠧᠭᠨᠣᠯᠣᠭᠢ -- ᠣᠷᠭᠠᠨᠢᠭ ᠬᠢᠮᠢ -- ᠤᠷᠭᠤᠮᠠᠯ ᠰᠤᠳᠤᠯᠤᠯ -- ᠡᠰ ᠦᠨ ᠪᠢᠣᠯᠣᠭᠢ -- ᠬєᠭᠵᠢᠯ ᠦᠨ ᠪᠢᠣᠯᠣᠭᠢ -- ᠡᠺᠣᠯᠣᠭᠢ -- ᠧᠣᠣᠯᠢᠶᠦ᠋ᠼᠢ -- ᠤᠷᠭᠤᠮᠠᠯ ᠪᠠ ᠠᠮᠢᠲᠠᠨ ᠤ ᠠᠶᠢᠮᠠᠭ -- ᠭᠧᠨᠧᠲ᠋ᠢᠭ -- ᠭᠢᠰᠲ᠋ᠣᠯᠣᠭᠢ -- ᠢᠮᠮᠦᠶᠢᠨᠣᠯᠣᠭᠢ -- ᠠᠨᠠᠭᠠᠬᠤ ᠤᠬᠠᠭᠠᠨ -- ᠮᠢᠺᠷᠣᠪᠢᠣᠯᠣᠭᠢ -- ᠫᠠᠯᠧᠨᠲ᠋ᠣᠯᠣᠭᠢ -- ᠫᠠᠲ᠋ᠣᠯᠣᠭᠢ -- ᠹᠢᠯᠣᠰᠣᠹᠢ -- ᠬᠡᠪᠯᠡᠯ -- ᠲᠠᠺᠰᠣᠨᠣᠮᠢ -- ᠸᠢᠷᠦᠰᠣᠯᠣᠭᠢ -- ᠠᠮᠢᠲᠠᠨ ᠰᠤᠳᠤᠯᠤᠯ


ᠪᠢᠣᠯᠣᠭᠢ ᠨᠢ ᠭᠷᠧᠺ ᠢᠶᠡᠷ ( bios– ᠠᠮᠢᠳᠤᠷᠠᠯ᠂ logos – ᠰᠢᠨᠵᠢᠯᠡᠬᠦ ᠤᠬᠠᠭᠠᠨ᠂ ᠰᠤᠷᠭᠠᠯ ) ᠤᠳᠬ᠎ᠠ ᠲᠠᠢ ᠠᠮᠢᠳᠤᠷᠠᠯ ᠂ ᠠᠮᠢᠳᠤ ᠪᠠᠶᠢᠭᠠᠯ ᠤᠨ ᠲᠤᠬᠠᠢ ᠰᠤᠳᠤᠯᠳᠠᠭ ᠪᠠᠶᠢᠭᠠᠯ ᠤᠨ ᠰᠢᠨᠵᠢᠯᠡᠯ ᠦᠨ ᠰᠢᠨᠵᠢᠯᠡᠬᠦ ᠤᠬᠠᠭᠠᠨ ᠤ ᠨᠢᠭᠡ ᠪᠥᠭᠡᠳ ᠰᠤᠳᠤᠯᠤᠭᠳᠠᠬᠤᠨ ᠨᠢ ᠠᠮᠢᠳᠤ ᠪᠡᠶᠡᠰ ᠲᠡᠳᠡᠭᠡᠷ ᠦᠨ ᠭᠠᠳᠠᠭᠠᠳᠤ ᠣᠷᠴᠢᠨ ᠲᠠᠢ ᠬᠠᠷᠢᠯᠴᠠᠬᠤ ᠬᠠᠷᠢᠯᠴᠠᠭ᠎ᠠ ᠶᠤᠮ᠃ ᠪᠢᠣᠯᠣᠭᠢ ᠭᠡᠳᠡᠭ ᠨᠡᠷ᠎ᠡ ᠲᠣᠮᠢᠶ᠎ᠠ ᠶᠢ ᠣᠯᠠᠨ ᠡᠷᠳᠡᠮᠲᠡᠳ ᠪᠡᠶ᠎ᠡ ᠪᠡᠶ᠎ᠡ ᠪᠡᠨ ᠡᠴᠡ ᠪᠡᠨ ᠬᠠᠮᠢᠶᠠᠷᠤᠯ ᠦᠭᠡᠢ ᠪᠡᠷ ᠭᠠᠷᠭᠠᠭᠰᠠᠨ ᠪᠠ 1979 ᠤᠨ ᠳᠤ ᠨᠧᠮᠧᠼ ᠤᠨ ᠠᠨᠠᠲ᠋ᠣᠮᠢᠴᠢ ᠫᠷᠣᠹᠧᠰᠰᠣᠷ ᠲ ∙ ᠷᠦᠽ ᠂ 1802 ᠤᠨ ᠳᠤ ᠵᠠᠩ ᠪᠠᠲ᠋ᠢᠰᠲ ᠯᠠᠮᠠᠷᠺ ᠬᠡᠷᠡᠭᠯᠡᠭᠰᠡᠨ ᠬᠡᠳᠦᠢ ᠴᠤ ᠲᠡᠷᠡ ᠨᠢ ᠥᠨᠢ ᠡᠷᠲᠡᠨ ᠦ ᠰᠢᠨᠵᠢᠯᠡᠬᠦ ᠤᠬᠠᠭᠠᠨ ᠶᠤᠮ᠃

ᠪᠢᠣᠯᠣᠭᠢ ᠶᠢᠨ ᠰᠢᠨᠵᠢᠯᠡᠬᠦ ᠤᠬᠠᠭᠠᠨ ᠨᠢ ᠠᠮᠢᠳᠤ ᠪᠡᠶᠡᠰ ᠦᠨ ᠡᠭᠦᠰᠦᠯ᠂ ᠪᠦᠲᠦᠴᠡ᠂ ᠥᠰᠦᠯᠲᠡ ᠂ ᠦᠢᠯᠡ ᠠᠵᠢᠯᠯᠠᠭ᠎ᠠ᠂ ᠲᠡᠦᠬᠡᠨ ᠬᠥᠭᠵᠢᠯ᠂ ᠳᠡᠯᠡᠬᠡᠢ ᠳᠡᠭᠡᠷᠡᠬᠢ ᠠᠮᠢᠳᠤ ᠪᠡᠶᠡᠰ ᠦᠨ ᠲᠠᠷᠬᠠᠯᠲᠠ ᠵᠡᠷᠭᠡ ᠠᠮᠢᠳᠤᠷᠠᠯ ᠢ ᠲᠠᠯ᠎ᠠ ᠪᠦᠷᠢ ᠡᠴᠡ ᠨᠢ ᠰᠤᠳᠤᠯᠤᠨ ᠤᠯᠠᠮ ᠢᠶᠠᠷ ᠠᠮᠢᠳᠤ ᠪᠡᠶᠡᠰ ᠢ ᠠᠩᠭᠢᠯᠠᠨ ᠢᠯᠭᠠᠵᠤ᠂ ᠲᠣᠳᠣᠷᠬᠠᠶᠢᠯᠠᠨ ᠪᠢᠴᠢᠵᠦ᠂ ᠲᠡᠳᠡᠭᠡᠷ ᠦᠨ ᠵᠦᠢᠯ ᠦᠨ ᠡᠭᠦᠰᠦᠯ᠂ ᠥᠪᠡᠷ ᠬᠣᠭᠣᠷᠣᠨᠳᠣ ᠪᠠᠨ ᠪᠣᠯᠤᠨ ᠭᠠᠳᠠᠭᠠᠳᠤ ᠣᠷᠴᠢᠨ ᠲᠠᠢ ᠬᠡᠷᠬᠢᠨ ᠬᠠᠷᠢᠯᠴᠠᠵᠤ ᠪᠤᠢ᠂ ᠬᠠᠮᠢᠶᠠᠷᠤᠯ ᠲᠠᠢ ᠪᠠᠶᠢᠭ᠎ᠠ ᠶᠢ ᠨᠢ ᠰᠤᠳᠤᠯᠳᠠᠭ᠃

19 ᠍ ᠳᠦᠭᠡᠷ ᠵᠠᠭᠤᠨ ᠤ ᠦᠶ᠎ᠡ ᠳᠦ ᠪᠢᠣᠯᠣᠭᠢ ᠶᠢᠨ ᠰᠢᠨᠵᠢᠯᠡᠬᠦ ᠤᠬᠠᠭᠠᠨ ᠨᠢ ᠪᠠᠶᠢᠭᠠᠯ ᠤᠨ ᠰᠢᠨᠵᠢᠯᠡᠬᠦ ᠤᠬᠠᠭᠠᠨ ᠠᠴᠠ ᠪᠡᠶ᠎ᠡ ᠪᠡᠨ ᠳᠠᠭᠠᠭᠠᠵᠤ ᠭᠠᠷᠤᠭᠰᠠᠨ ᠪᠠ ᠡᠨᠡ ᠨᠢ ᠠᠮᠢᠳᠤ ᠪᠡᠶᠡᠰ ᠪᠦᠷ ᠲᠣᠳᠣᠷᠬᠠᠢ ᠨᠡᠶᠢᠲᠡᠯᠢᠭ ᠰᠢᠨᠵᠢ ᠲᠡᠢ ᠪᠠᠶᠢᠭᠰᠠᠨ ᠲᠠᠢ ᠬᠣᠯᠪᠣᠭ᠎ᠠ ᠲᠠᠢ᠃ ᠣᠷᠴᠢᠨ ᠦᠶ᠎ᠡ ᠶᠢᠨ ᠪᠢᠣᠯᠣᠭᠢ ᠶᠢᠨ ᠰᠢᠨᠵᠢᠯᠡᠬᠦ ᠤᠬᠠᠭᠠᠨ ᠨᠢ ᠦᠨᠳᠦᠰᠦᠨ ᠰᠠᠭᠤᠷᠢ ᠪᠦᠬᠦᠢ 5 ᠵᠠᠷᠴᠢᠮ ᠳᠡᠭᠡᠷ᠎ᠡ ᠲᠤᠯᠭᠠᠭᠤᠷᠢᠯᠠᠳᠠᠭ ᠪᠠ ᠡᠨᠡ ᠨᠢ 1.ᠡᠰ ᠦᠨ ᠣᠨᠣᠯ᠂ 2. ᠲᠡᠦᠬᠡᠨ ᠬᠥᠭᠵᠢᠯ᠂ 3. ᠤᠳᠤᠮ ᠵᠦᠢ ᠂ 4. ᠪᠡᠶ᠎ᠡᠮᠠᠬᠠᠪᠣᠳ ᠤᠨ ᠳᠣᠲᠣᠭᠠᠳᠤ ᠵᠣᠬᠢᠴᠠᠭᠤᠯᠭ᠎ᠠ᠂ 5. ᠡᠨᠧᠷᠭᠢ ᠶᠢᠨ ᠰᠣᠯᠢᠯᠴᠠᠭ᠎ᠠ ᠶᠤᠮ᠃ ᠥᠨᠥᠳᠥᠷ ᠪᠢᠣᠯᠣᠭᠢ ᠶᠢᠨ ᠰᠢᠨᠵᠢᠯᠡᠬᠦ ᠤᠬᠠᠭᠠᠨ ᠨᠢ ᠳᠡᠯᠡᠬᠡᠢ ᠶᠢᠨ ᠪᠦᠬᠦ ᠳᠤᠮᠳᠠ ᠪᠣᠯᠤᠨ ᠳᠡᠭᠡᠳᠦ ᠪᠣᠯᠪᠠᠰᠤᠷᠠᠯ ᠤᠨ ᠰᠤᠷᠭᠠᠭᠤᠯ ᠤᠳ ᠤᠨ ᠵᠠᠪᠠᠯ ᠰᠤᠳᠤᠯᠬᠤ ᠬᠢᠴᠢᠶᠡᠯ ᠪᠣᠯᠤᠭᠰᠠᠨ ᠪᠥᠭᠡᠳ ᠵᠢᠯ ᠪᠦᠷᠢ ᠪᠢᠣᠯᠣᠭᠢ᠂ ᠠᠨᠠᠭᠠᠬᠤ᠂ ᠪᠢᠣᠢᠨᠠᠭᠠᠬᠤ ᠶᠢᠨ ᠲᠠᠯ᠎ᠠ ᠪᠠᠷ ᠣᠯᠠᠨ ᠮᠢᠩᠭᠠᠨ ᠨᠡᠶᠢᠯᠡᠲᠡᠯ᠎ᠡ᠂ ᠨᠣᠮ ᠬᠡᠪᠯᠡᠭᠳᠡᠵᠦ ᠪᠠᠶᠢᠨ᠎ᠠ᠃

ᠪᠢᠣᠯᠣᠭᠢ ᠨᠢ ᠠᠮᠢᠳᠤ ᠪᠡᠶ᠎ᠡ ᠶᠢᠨ ᠪᠦᠲᠦᠴᠡ ᠵᠣᠬᠢᠶᠠᠨ ᠪᠠᠶᠢᠭᠤᠯᠤᠯᠲᠠ ᠶᠢᠨ ᠳᠠᠷᠠᠭᠠᠬᠢ ᠲᠦᠪᠰᠢᠨᠡᠭ ᠦᠳ ᠲᠡᠢ᠃

ᠡᠰ ᠦᠨ ᠪᠣᠯᠤᠨ ᠮᠣᠯᠧᠺᠤᠯ ᠤᠨ ᠲᠦᠪᠰᠢᠨ᠄ ᠡᠰ ᠢ ᠨᠢᠺᠯᠧᠢ ᠶᠢᠨ ᠬᠦᠴᠢᠯ᠂ ᠤᠭᠤᠷᠠᠭ᠂ ᠨᠡᠭᠦᠷᠡᠰᠦ ᠤᠰᠤ᠂ ᠥᠭᠡᠬᠦ ᠲᠣᠰ᠂ ᠰᠲ᠋ᠧᠷᠣᠶᠢᠳ᠋ ᠵᠡᠷᠭᠡ ᠮᠣᠯᠧᠺᠤᠯ ᠤᠳ ᠡᠭᠦᠰᠭᠡᠬᠦ ᠪᠠ ᠮᠣᠯᠧᠺᠤᠯ ᠤᠨ ᠲᠦᠪᠰᠢᠨ ᠦ ᠪᠦᠬᠦ ᠦᠢᠯᠡ ᠶᠠᠪᠤᠴᠠ ᠠᠮᠢᠳᠤ ᠡᠰ ᠦᠨ ᠳᠣᠲᠣᠷ᠎ᠠ ᠶᠠᠪᠤᠭᠳᠠᠳᠠᠭ ᠪᠠ ᠡᠰ ᠦᠳ ᠢᠯᠭᠠᠷᠠᠨ ᠬᠥᠭᠵᠢᠳᠡᠭ᠃ ᠡᠳ᠋᠂ ᠡᠷᠬᠡᠲᠡᠨ᠂ ᠪᠡᠶ᠎ᠡᠮᠠᠬᠠᠪᠣᠳ ᠤᠨ ᠲᠦᠪᠰᠢᠨ᠄ ᠲᠣᠳᠣᠷᠬᠠᠢ ᠪᠦᠲᠦᠴᠡ᠂ ᠬᠡᠮᠵᠢᠶ᠎ᠡ᠂ ᠪᠠᠶᠢᠷᠢᠯᠠᠯ ᠲᠠᠢ᠂ ᠢᠵᠢᠯ ᠲᠥᠰᠲᠡᠢ ᠡᠭᠦᠷᠭᠡ ᠭᠦᠢᠴᠡᠳᠭᠡᠳᠡᠭ ᠡᠰ ᠦᠳ ᠨᠡᠶᠢᠯᠡᠵᠦ ᠡᠳ᠋᠂ ᠡᠳᠡ ᠨᠦᠭᠦᠳ ᠨᠡᠶᠢᠯᠡᠵᠦ ᠡᠷᠬᠡᠲᠡᠨ᠂ ᠡᠷᠬᠡᠲᠡᠨ ᠨᠦᠭᠦᠳ ᠨᠡᠶᠢᠯᠡᠵᠦ ᠪᠡᠶ᠎ᠡ ᠮᠠᠬᠠᠪᠣᠳ ᠢ ᠡᠭᠦᠰᠬᠡᠨ᠎ᠡ.ᠣᠯᠠᠨ ᠡᠰᠲᠦ ᠪᠡᠶ᠎ᠡᠮᠠᠬᠠᠪᠣᠳ ᠤᠨ ᠡᠰ ᠨᠢ ᠡᠳ᠋᠂ ᠡᠷᠬᠡᠲᠡᠨ ᠢ ᠡᠭᠦᠰᠬᠡᠳᠡᠭ᠃ ᠫᠣᠫᠦᠶᠢᠯᠢᠶᠠᠼ ᠤᠨ ᠲᠦᠪᠰᠢᠨ᠄ ᠤᠷᠭᠤᠮᠠᠯ᠂ ᠠᠮᠢᠲᠠᠨ ᠭᠠᠭᠴᠠ ᠨᠢᠭᠡ ᠪᠡᠷ ᠢᠶᠡᠨ ᠲᠤᠰᠠᠭᠠᠷᠯᠠᠭᠳᠠᠮᠠᠯ ᠣᠷᠣᠰᠢᠳᠠᠭ ᠦᠭᠡᠢ ᠂ ᠫᠣᠫᠦᠶᠢᠯᠢᠶᠠᠼᠢ ᠳᠤ ᠨᠢᠭᠡᠳᠳᠡᠭ᠃ ᠵᠦᠢᠯ ᠦᠨ ᠲᠦᠪᠰᠢᠨ᠄ ᠪᠡᠶ᠎ᠡ ᠪᠡᠶᠡᠲᠡᠢ ᠪᠡᠨ ᠪᠦᠲᠦᠴᠡ᠂ ᠦᠢᠯᠡ ᠠᠵᠢᠯᠯᠠᠭ᠎ᠠ᠂ ᠪᠢᠣᠬᠢᠮᠢ ᠶᠢᠨ ᠰᠢᠨᠵᠢ ᠪᠡᠷ ᠢᠶᠡᠨ ᠲᠥᠰ ᠲᠠᠢ᠂ ᠬᠣᠭᠣᠷᠣᠨᠳᠣ ᠪᠠᠨ ᠴᠢᠯᠦᠭᠡᠲᠡᠢ ᠦᠷᠡᠵᠢᠵᠦ᠂ ᠲᠣᠳᠣᠷᠬᠠᠢ ᠨᠢᠭᠡᠨ ᠭᠠᠵᠠᠷ ᠨᠤᠲᠤᠭ ᠢ ᠡᠵᠡᠯᠡᠨ ᠠᠮᠢᠳᠤᠷᠠᠵᠤ ᠪᠢᠣᠯᠣᠭᠢ ᠶᠢᠨ ᠵᠦᠢᠯ ᠢ ᠡᠭᠦᠰᠬᠡᠳᠡᠭ᠃ ᠪᠢᠣᠭᠧᠣᠼᠧᠨᠦᠽᠢ ᠶᠢᠨ (ᠡᠺᠣᠰᠢᠰᠲ᠋ᠧᠮ)᠂ ᠪᠢᠣᠰᠹᠧᠷ ᠤᠨ ᠲᠦᠪᠰᠢᠨ᠄ ᠪᠡᠶ᠎ᠡ ᠪᠡᠶᠡᠰ ᠢᠶᠡᠨ ᠬᠠᠷᠢᠯᠴᠠᠨ ᠬᠠᠮᠢᠶᠠᠷᠳᠠᠭ ᠪᠡᠶ᠎ᠡ ᠮᠠᠬᠠᠪᠣᠳ ᠤᠨ ᠪᠦᠯᠦᠭ(ᠪᠢᠣᠼᠧᠨᠦᠽ) ᠬᠦᠷᠢᠶᠡᠯᠡᠩ ᠪᠤᠢ ᠣᠷᠴᠢᠨ ᠤ ᠪᠢᠣᠯᠣᠭᠢ ᠶᠢᠨ᠂ ᠪᠢᠣᠯᠣᠭᠢ ᠶᠢᠨ ᠪᠤᠰᠤ ᠬᠦᠴᠦᠨ ᠵᠦᠢᠯ ᠦᠳ ᠦᠨ ᠨᠢᠭᠡᠳᠦᠮᠡᠯ ᠨᠢᠭᠡ ᠰᠢᠰᠲ᠋ᠧᠮ ᠶᠤᠮ᠃ ᠪᠢᠣᠯᠣᠭᠢ ᠶᠢᠨ ᠰᠢᠨᠵᠢᠯᠡᠬᠦ ᠤᠬᠠᠭᠠᠨ ᠬᠥᠭᠵᠢᠬᠦ ᠶᠢᠨ ᠬᠢᠷᠢ ᠪᠡᠷ ᠣᠯᠠᠨ ᠰᠢᠨ᠎ᠡ ᠰᠠᠯᠪᠠᠷ ᠤᠳ ᠡᠭᠦᠰᠦᠨ ᠂ ᠥᠷᠭᠡᠵᠢᠨ ᠲᠡᠯᠡᠵᠦ᠂ ᠮᠠᠰᠢ ᠨᠠᠷᠢᠰᠴᠢ ᠪᠠᠶᠢᠭ᠎ᠠ ᠪᠠ ᠰᠤᠳᠤᠯᠵᠤ ᠪᠠᠶᠢᠭ᠎ᠠ ᠪᠡᠶ᠎ᠡ ᠮᠠᠬᠠᠪᠣᠳᠢ ᠪᠠᠷ ᠢᠶᠠᠨ ᠤᠷᠭᠤᠮᠠᠯ ᠰᠤᠳᠤᠯᠤᠯ᠂ ᠠᠮᠢᠲᠠᠨ ᠰᠤᠳᠤᠯᠤᠯ᠂ ᠪᠢᠴᠢᠯ ᠠᠮᠢ ᠰᠤᠳᠤᠯᠤᠯ (ᠨᠢᠭᠡ ᠡᠰ ᠲᠦ ᠪᠢᠴᠢᠯ ᠠᠮᠢᠳᠤ ᠪᠡᠶᠡᠰ ᠢ) ᠭᠡᠵᠦ ᠠᠩᠭᠢᠯᠠᠭᠳᠠᠳᠠᠭ᠃ ᠮᠥᠨ ᠰᠤᠳᠤᠯᠵᠤ ᠪᠤᠢ ᠠᠷᠭ᠎ᠠ᠂ ᠰᠤᠳᠤᠯᠭᠠᠨ ᠤ ᠬᠦᠷᠢᠶᠡᠨ ᠡᠴᠡ ᠬᠠᠮᠢᠶᠠᠷᠤᠨ ᠪᠢᠣᠬᠢᠮᠢ᠂ ᠮᠣᠯᠧᠺᠤᠯ ᠪᠢᠣᠯᠣᠭᠢ ᠂ ᠡᠰ ᠦᠨ ᠪᠢᠣᠯᠣᠭᠢ᠂ᠡᠳ᠋ ᠰᠤᠳᠤᠯᠤᠯ᠂ ᠭᠢᠰᠲ᠋ᠣᠯᠣᠭᠢ᠂ ᠠᠨᠠᠲ᠋ᠣᠮᠢ᠂ ᠹᠢᠽᠢᠣᠯᠣᠭᠢ᠂ ᠡᠲ᠋ᠣᠯᠣᠭᠢ᠂ ᠡᠺᠣᠯᠣᠭᠢ ᠵᠡᠷᠭᠡ ᠦᠨᠳᠦᠰᠦᠨ ᠰᠠᠯᠪᠠᠷ ᠤᠳ ᠲᠤ ᠬᠤᠪᠢᠶᠠᠭᠳᠠᠳᠠᠭ ᠪᠠ ᠰᠡᠭᠦᠯ ᠦᠨ 15-20 ᠵᠢᠯ ᠳᠦ ᠪᠢᠣᠯᠣᠭᠢ ᠳᠤ ᠭᠠᠷᠤᠭᠰᠠᠨ ᠳᠡᠪᠰᠢᠯ ᠨᠢ ᠲᠡᠭᠦᠨ ᠢ ᠪᠠᠶᠢᠭᠠᠯ ᠤᠨ ᠰᠢᠨᠵᠢᠯᠡᠯ ᠦᠨ ᠰᠠᠯᠪᠤᠷᠢ ᠶᠢᠨ ᠲᠡᠷᠢᠭᠦᠨ ᠡᠩᠨᠡᠭᠡᠨ ᠳᠦ ᠭᠠᠷᠭᠠᠭᠰᠠᠨ᠃ ᠡᠨᠡ ᠨᠢ ᠪᠢᠣᠯᠣᠭᠢ ᠶᠢᠨ ᠢᠳᠡᠪᠬᠢᠲᠦ ᠳᠧᠽᠣᠺᠰᠢᠷᠢᠪᠨᠢᠺᠯᠧᠢᠨ ᠦ ᠬᠦᠴᠢᠯ ᠭᠠᠷᠭᠠᠨ ᠠᠪᠴᠤ᠂ ᠲᠡᠭᠦᠨ ᠢ ᠥᠪᠡᠷ ᠪᠡᠶ᠎ᠡ ᠳᠦ ᠰᠢᠯᠵᠢᠭᠦᠯᠦᠨ ᠰᠠᠭᠤᠯᠭᠠᠬᠤ ᠪᠣᠯᠤᠭᠰᠠᠨ ᠲᠠᠢ ᠬᠣᠯᠪᠣᠭ᠎ᠠ ᠲᠠᠢ ᠪᠢᠣᠲ᠋ᠧᠭᠨᠣᠯᠣᠭ ᠤᠨ ᠰᠠᠯᠪᠤᠷᠢ ᠶᠢᠨ ᠬᠥᠭᠵᠢᠯ ᠶᠤᠮ᠃

ᠪᠢᠣᠯᠣᠭᠢ ᠶᠢᠨ ᠰᠢᠨᠵᠢᠯᠡᠬᠦ ᠤᠬᠠᠭᠠᠨ ᠤ ᠬᠥᠭᠵᠢᠯᠳᠦ ᠣᠯᠠᠨ ᠣᠷᠣᠨ ᠤ ᠣᠯᠠᠨ ᠰᠤᠤᠲᠤ ᠡᠷᠳᠡᠮᠲᠡᠳ ᠴᠢᠬᠤᠯᠠ ᠡᠭᠦᠷᠭᠡ ᠭᠦᠢᠴᠡᠳᠭᠡᠭᠰᠡᠨ ᠪᠠ ᠡᠳᠡᠭᠡᠷ ᠡᠴᠡ ᠺ ∙ ᠯᠢᠨᠡᠨᠢ᠂ ᠴ ∙ ᠳᠠᠷᠪᠢᠨ᠂ ᠲ ∙ ᠮᠣᠷᠭᠠᠨ ᠂ ᠭ ∙ ᠮᠧᠨᠳᠧᠯ᠂ ᠤᠣᠲᠣᠭᠰᠠᠨ ᠂ᠺᠷᠢᠺ ᠨᠠᠷ ᠢ ᠨᠡᠷᠡᠯᠡᠵᠦ ᠪᠣᠯᠬᠤ

[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠢᠣᠯᠣᠭᠢ&oldid=483736》 ᠍  ᠡᠴᠡ ᠠᠪᠤᠭᠰᠠᠨ

ᠪᠢᠴᠢᠭᠡᠰᠦ