ᠪᠡᠭᠵᠣᠰᠦ᠋ᠷᠦᠩ ᠦᠨ ᠨᠣᠷᠪᠤᠰᠠᠮᠪᠤᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠡᠭᠵᠣᠰᠦ᠋ᠷᠦᠩ ᠦᠨ ᠨᠣᠷᠪᠤᠰᠠᠮᠪᠤᠤ
ᠲᠥᠷᠦᠭᠰᠡᠨ ᠤᠨ 1948 ᠣᠨ
ᠲᠥᠷᠦᠭᠰᠡᠨ ᠭᠠᠵᠠᠷ ᠮᠣᠩᠭᠣᠯ ᠤᠯᠤᠰ ᠍ ᠤᠨ ᠵᠠᠪᠬᠠᠨ ᠠᠶᠢᠮᠠᠭ ᠤᠨ ᠰᠠᠨᠲᠠᠮᠠᠷᠭᠠᠴᠠ ᠰᠤᠮᠤ
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠤᠷᠠᠨ ᠨᠤᠭᠤᠷᠠᠭᠠᠴᠢ

ᠪᠡᠭᠵᠣᠰᠦ᠋ᠷᠦᠩ ᠦᠨ ᠨᠣᠷᠪᠤᠰᠠᠮᠪᠤᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠥ ᠶᠢᠨ ᠱᠠᠩᠨᠠᠯᠲ᠂ ᠠᠷᠠᠳ ᠤᠨ ᠵᠦᠵᠦᠭᠡᠴᠢᠨᠠᠷᠪᠠᠨ ᠲᠠᠪᠤᠳᠤᠭᠠᠷ ᠵᠠᠭᠤᠨ ᠤ ᠮᠠᠩᠯᠠᠢ ᠼᠢᠷᠺ ᠦᠨ ᠵᠦᠵᠦᠭᠡᠴᠢᠨ᠂ ᠤᠷᠠᠨ ᠨᠤᠭᠤᠷᠠᠭᠠᠴᠢ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠷᠥᠯᠬᠢ ᠰᠤᠮᠤ ᠶᠢᠨ ᠢᠶᠠᠨ ᠰᠤᠷᠭᠠᠭᠤᠯᠢ ᠶᠢᠨ 2 ᠳ᠋ᠤᠭᠠᠷ ᠠᠩᠭᠢ ᠶᠢ ᠲᠡᠭᠦᠰ ᠢᠶᠡᠨ ᠳᠦ ᠤᠯᠤᠰ ᠤᠨ ᠼᠢᠷᠺ ᠦᠨ ᠤᠷᠢᠯᠭ᠎ᠠ ᠪᠠᠷ ᠤᠯᠠᠭᠠᠨᠪᠠᠭᠠᠲᠤᠷ ᠬᠣᠳᠠ ᠳᠤ ᠢᠷᠡᠵᠦ 10 ᠵᠢᠯ ᠦᠨ ᠲᠠᠪᠤᠳᠤᠭᠠᠷ ᠰᠤᠷᠭᠠᠭᠤᠯᠢ ᠳᠤ ᠰᠤᠷᠤᠯᠴᠠᠩᠭᠠᠨ ᠼᠢᠷᠺ ᠲᠦ УГЖ /ᠬᠣᠵᠢᠮ ᠠᠷᠠᠳ ᠤᠨ ᠵᠦᠵᠦᠭᠡᠴᠢᠨ ᠪᠣᠯᠤᠭᠰᠠᠨ/ ᠲ᠃ᠴᠢᠨ ᠳᠦ-ᠠᠶᠤᠱᠢ ᠳᠤ ᠱᠠᠪᠢ ᠣᠷᠣᠵᠤ ᠤᠷᠠᠨ ᠨᠤᠭᠤᠷᠠᠯᠲᠠ ᠵᠢᠭᠠᠯᠭᠠᠵᠤ ᠳᠠᠭᠠᠯᠳᠤᠨ ᠵᠦᠵᠦᠭᠡᠴᠢᠨ ᠢᠶᠡᠷ ᠠᠵᠢᠯᠯᠠᠵᠤ᠂ ᠤᠷᠠᠯᠢᠭ ᠤᠨ ᠠᠯᠳᠠᠷᠲᠤ ᠵᠠᠮ ᠢᠶᠠᠨ ᠡᠬᠢᠯᠡᠵᠡᠢ᠃ 1959 ᠣᠨ ᠤ ᠰᠢᠨ᠎ᠡ ᠵᠢᠯ ᠢᠶᠡᠷ ᠼᠢᠷᠺ ᠦᠨ ᠮᠠᠨᠧᠵᠢ ᠳᠤ ᠠᠩᠬ᠎ᠠ ᠭᠠᠷᠴᠤ᠂ 1960 ᠣᠨ ᠠᠴᠠ ᠮᠡᠷᠭᠡᠵᠢᠯ ᠦᠨ ᠵᠦᠵᠦᠭᠡᠴᠢᠨ ᠪᠣᠯᠤᠭᠰᠠᠨ ᠪᠠᠶᠢᠨ᠎ᠠ᠃ 1966 ᠣᠨ ᠳᠤ 10 ᠳ᠋ᠤᠭᠠᠷ ᠠᠩᠭᠢ ᠪᠠᠨ ᠠᠯᠲᠠᠨ ᠮᠧᠳᠠᠯ ᠲᠠᠢ ᠲᠡᠭᠦᠰ ᠢᠶᠡᠨ ᠳᠦ ᠮᠣᠩᠭᠣᠯ ᠤᠯᠤᠰ ᠤᠨ ᠶᠡᠬᠡ ᠰᠤᠷᠭᠠᠭᠤᠯᠢ ᠳᠦ ᠠᠩᠭᠯᠢ ᠬᠡᠯᠡᠨ ᠦ ᠠᠩᠭᠢ ᠳᠤ ᠡᠯᠰᠡᠨ ᠰᠤᠷᠤᠯᠴᠠᠵᠤ ᠲᠡᠭᠦᠰᠦᠭᠰᠡᠨ ᠪᠠᠶᠢᠨ᠎ᠠ᠃ ᠰᠤᠷᠤᠯᠴᠠᠩᠭᠠᠨ ᠵᠦᠵᠦᠭᠡᠴᠢᠨ ᠦ ᠠᠵᠢᠯ ᠢᠶᠠᠨ ᠬᠢᠭᠰᠡᠭᠡᠷ᠂ 1960-1970 ᠣᠨ ᠳᠤ ᠮᠣᠩᠭᠣᠯ ᠤᠨ ᠲᠡᠳᠦᠢ ᠦᠭᠡᠢ ᠳᠡᠯᠡᠬᠡᠢ ᠶᠢᠨ ᠤᠷᠠᠨ ᠨᠤᠭᠤᠷᠠᠯᠲᠠ ᠶᠢᠨ ᠬᠠᠮᠤᠭ ᠤᠨ ᠰᠢᠯᠢᠳᠡᠭ ᠵᠦᠵᠦᠭᠡᠴᠢᠨ ᠦ ᠨᠢᠭᠡ ᠪᠣᠯᠤᠭᠰᠠᠨ ᠠᠵᠡᠢ᠃ ᠭᠤᠷᠪᠠᠨ ᠺᠣᠮᠪᠢᠨᠠᠽᠢ᠂ ᠦᠨᠳᠦᠰᠦᠨ 21 ᠲᠷᠶᠢᠺ᠂ 10 ᠬᠣᠯᠪᠣᠭᠠᠰᠤ ᠠᠴᠠ ᠪᠦᠷᠢᠳᠦᠭᠰᠡᠨ ᠤᠷᠠᠨ ᠨᠤᠭᠤᠷᠠᠯᠲᠠ ᠶᠢᠨ ᠡᠺᠸᠢᠯᠢᠪᠷ ᠺᠠᠤᠢᠴᠤᠤᠶᠢ ᠶᠢᠨ ᠰᠢᠨ᠎ᠡ ᠲᠥᠷᠥᠯ ᠢ ᠪᠦᠲᠦᠭᠡᠭᠰᠡᠨ ᠦ ᠭᠠᠳᠠᠨ᠎ᠠ ᠲᠣᠯᠣᠭᠠᠢ ᠳᠤ ᠪᠠᠨ ᠰᠢᠯᠢᠨ ᠰᠠᠪᠠ ᠲᠣᠭᠲᠠᠭᠠᠨ ᠥᠷᠥᠭᠡᠰᠦᠨ ᠭᠠᠷ ᠳᠡᠭᠡᠷ᠎ᠡ ᠪᠡᠨ . . . . . . . ᠭᠠᠷᠭᠠᠭᠰᠠᠨ ᠮᠤᠰᠬᠢᠮᠠᠯ ᠵᠣᠭᠰᠣᠯᠲᠠ ᠬᠢᠬᠦ ᠵᠡᠷᠭᠡ ᠰᠣᠩᠭᠣᠳᠠᠭ ᠣᠯᠠᠨ ᠲᠷᠶᠢᠺ ᠪᠤᠢ ᠪᠣᠯᠭᠠᠵᠤ ᠨᠤᠭᠤᠷᠠᠯᠲᠠ ᠶᠢᠨ ᠢᠶᠠᠨ ᠦᠵᠡᠭᠦᠯᠪᠦᠷᠢ ᠶᠢ ᠪᠠᠶᠠᠵᠢᠭᠤᠯᠠᠨ ᠤᠷᠠᠨ ᠰᠠᠶᠢᠬᠠᠨ ᠤ ᠥᠨᠳᠥᠷ ᠲᠦᠪᠰᠢᠨ ᠳᠦ ᠬᠦᠷᠭᠡᠭᠰᠡᠨ ᠪᠠᠶᠢᠨ᠎ᠠ᠃ ᠳᠡᠯᠡᠬᠡᠢ ᠶᠢᠨ 45 ᠣᠷᠣᠨ ᠤ 100 ᠰᠢᠬᠠᠮ ᠬᠣᠳᠠ ᠳᠤ ᠤᠷᠠᠨ ᠪᠦᠲᠦᠭᠡᠯ ᠢᠶᠡᠨ ᠲᠣᠯᠢᠯᠠᠭᠤᠯᠵᠤ᠂ ᠮᠣᠩᠭᠣᠯ ᠤᠨ ᠤᠷᠠᠨ ᠨᠤᠭᠤᠷᠠᠯᠲᠠ ᠶᠢᠨ ᠭᠠᠶᠢᠬᠠᠮᠰᠢᠭ ᠢ ᠦᠵᠡᠭᠦᠯᠵᠡᠢ᠃

1980 ᠍ ᠊ᠭᠠᠳ ᠣᠨ ᠤ ᠳᠤᠮᠳᠠᠭᠤᠷ ᠼᠢᠷᠺ ᠦᠨ ᠰᠤᠷᠭᠠᠭᠤᠯᠢ ᠳᠤ ᠪᠠᠭᠰᠢᠯᠠᠵᠤ ᠣᠯᠠᠨ ᠵᠠᠯᠠᠭᠤ ᠤᠷᠠᠨ ᠨᠤᠭᠤᠷᠠᠭᠴᠢᠳ ᠢ ᠰᠤᠷᠭᠠᠨ ᠬᠡᠦᠮᠦᠵᠢᠭᠦᠯᠵᠦ 《ᠪᠤᠷᠬᠠᠨ ᠤ ᠰᠠᠭᠤᠳᠠᠯ》, . . . . ᠴᠢᠭᠤᠯᠭᠠᠨ》, 《ᠪᠠᠨᠳᠢᠽᠣᠣ》, 《ᠤᠷᠠᠨ ᠰᠡᠳᠬᠢᠮᠵᠢ》, 《ᠠᠭᠠᠯᠵᠢ》 ᠵᠡᠷᠭᠡ ᠦᠵᠡᠭᠦᠯᠪᠦᠷᠢ ᠨᠦᠭᠦᠳ ᠢ ᠪᠡᠯᠡᠳᠬᠡᠵᠦ ᠲᠣᠭᠯᠠᠭᠤᠯᠤᠭᠰᠠᠨ ᠨᠢ ᠳᠣᠲᠣᠭᠠᠳᠤ᠂ ᠭᠠᠳᠠᠭᠠᠳᠤ ᠳᠤ ᠶᠡᠬᠡᠳᠡ ᠦᠨᠡᠯᠡᠭᠳᠡᠵᠦ᠂ ᠣᠯᠠᠨ ᠤᠯᠤᠰ ᠤᠨ ᠼᠢᠷᠺ ᠦᠨ ᠨᠠᠭᠠᠳᠤᠮ ᠤᠳ ᠤᠨ ᠱᠠᠩᠨᠠᠯ ᠬᠦᠷᠢᠲᠦᠵᠡᠢ᠃ МХЗЭ ᠍ ᠦᠨ ᠶᠡᠬᠡ ᠬᠤᠷᠠᠯ ᠤᠳ ᠲᠤ ᠲᠥᠯᠥᠭᠡᠯᠡᠭᠴᠢ ᠪᠡᠷ ᠣᠷᠣᠯᠴᠠᠵᠠᠢ᠃

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ