ᠪᠡᠭᠡᠵᠢᠩ ᠤᠨ ᠯᠦᠩ ᠴᠢᠦᠸᠠᠨ ᠰᠧ ᠬᠡᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠡᠭᠡᠵᠢᠩ ᠤᠨ ᠯᠦᠩ ᠴᠢᠤᠸᠠᠨ ᠰᠧ ᠬᠡᠢᠳ ᠪᠡᠭᠡᠵᠢᠩ ᠤᠨ ᠯᠦᠩ ᠴᠢᠦᠸᠠᠨ ᠰᠧ ᠬᠡᠢᠳ ᠪᠣᠯ ᠮᠢᠩᠭᠠᠨ ᠵᠢᠯ  ᠤᠨ ᠲᠡᠦᠬᠡ ᠲᠠᠢ᠂ ᠲᠡᠯᠡᠭᠡᠢ ᠨᠡᠢᠲᠡ ᠳᠤ ᠮᠡᠳᠡᠷᠡᠭᠳᠡᠵᠦ᠂ ᠰᠤᠳᠤᠨ ᠬᠤᠸᠠᠷᠠᠭᠴᠤᠤᠯ ᠴᠤᠭᠯᠠᠷᠠᠭᠰᠠᠨ ᠰᠢᠨ᠎ᠡ ᠴᠠᠭ ᠤᠨ ᠬᠢᠳᠠᠳ  ᠤᠯᠠᠮᠵᠢᠯᠠᠯ ᠤᠨ ᠪᠤᠷᠬᠠᠨ ᠱᠠᠰᠢᠨ ᠤ ᠰᠦᠮ᠎ᠡ ᠪᠤᠯᠤᠨ᠎ᠠ᠃

ᠲᠡᠦᠬᠡ ᠬᠢᠭᠡᠳ ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠨ ᠯᠦᠩ ᠴᠢᠶᠤᠤ ᠬᠥᠭᠦᠷᠭᠡ
ᠮᠥᠩᠭᠦᠨ ᠭᠦᠢᠯᠡᠰᠦᠨ ᠮᠤᠳᠤ

ᠯᠦᠩ ᠴᠢᠤᠸᠠᠨ ᠰᠧ ᠬᠡᠢᠳ ᠨᠢ ᠨᠡᠢᠳᠠ ᠶᠢᠨ ᠤᠨ ᠲᠣᠭᠠᠯᠠᠯ ᠤᠨ 951 ᠤᠨ(ᠯᠢᠶᠤᠥ ᠤᠯᠤᠰ ᠤᠨ ᠶᠢ᠍ᠩ ᠯᠢ ᠶᠢᠨ ᠠᠩᠬᠠᠨ ᠤ ᠤᠨ) ᠳᠦ ᠡᠬᠢᠯᠠᠨ ᠪᠠᠢᠭᠤᠯᠤᠳᠠᠵᠤ᠂ ᠠᠩᠬᠠᠳᠠᠭᠴᠢ ᠬᠠᠮᠪᠦ ᠨᠢ ᠵᠢᠢ ᠱᠸᠩ ᠠᠬᠠᠮᠠᠳ ᠲᠣᠢᠨ ᠪᠣᠯᠤᠨ᠎ᠠ᠃ ᠮᠢᠩᠭ᠎ᠠ ᠭᠠᠷᠤᠢ ᠵᠢᠯ ᠦᠨ ᠲᠥᠷᠦ ᠭᠦᠷᠦᠨ ᠤ ᠡᠭᠡᠯᠵᠢᠯᠡᠯ ᠰᠤᠯᠢᠭᠳᠠᠯ ᠢ ᠳᠠᠮᠵᠢᠵᠤ᠂ 2005 ᠤᠨ ᠤ ᠲᠦᠷᠪᠡᠨ ᠰᠠᠷ᠎ᠠ ᠶᠢᠨ 11 ᠤ ᠡᠳᠦᠷ ᠡᠴᠡ ᠯᠦᠩ ᠴᠢᠦᠸᠠᠨ ᠰᠧ ᠬᠡᠢᠳ ᠨᠢ ᠱᠠᠰᠢᠨ ᠰᠤᠷᠳᠠᠬᠤᠨ ᠤ ᠬᠥᠳᠡᠯᠭᠡᠭᠡᠨ ᠤ ᠲᠠᠯᠠᠪᠠᠢ ᠪᠡᠷ ᠰᠡᠷᠭᠦᠭᠡᠭᠳᠡᠨ᠂ ᠰᠢᠦᠸᠠᠢ ᠴᠸᠩ ᠶᠡᠬᠡ ᠬᠤᠤᠱᠠᠩ ᠬᠠᠮᠪᠦ ᠶᠢᠨ ᠲᠤᠰᠢᠶᠠᠯ ᠢ ᠡᠭᠦᠷᠭᠡᠯᠡᠪᠡ᠃ ᠲᠤᠰ ᠰᠦᠮ᠎ᠡ ᠨᠢ ᠳᠤᠮᠳᠠᠳᠤ ᠤᠯᠤᠰ ᠤᠨ ᠨᠡᠢᠰᠯᠡᠯ ᠪᠡᠭᠡᠵᠢᠩ ᠤᠨ ᠪᠠᠷᠠᠭᠤᠨ ᠬᠣᠢᠨᠠᠬᠢ ᠹᠧᠩ ᠬᠤᠸᠠᠩ ᠯᠢᠩ ᠳᠠᠪᠠᠭ᠎ᠠ ᠳᠤ ᠪᠠᠢᠷᠢᠯᠠᠵᠤ᠂ ᠲᠡᠦᠬᠡᠨ ᠳᠤ ᠠᠯᠳᠠᠷᠲᠠᠢ ᠠᠷᠢᠭᠤᠨ ᠳᠠᠭᠱᠠᠨ ᠪᠢᠰᠢᠯᠭᠠᠯ  ᠶᠢᠨ ᠣᠷᠤᠨ ᠪᠠᠢᠵᠤ᠂ ᠡᠳᠦᠭᠡ ᠬᠦᠷᠲᠡᠯ᠎ᠡ ᠦᠢ ᠤᠯᠠᠨ ᠪᠢᠰᠢᠯᠭᠠᠭᠴᠢᠳ ᠤᠨ ᠤᠯᠠ ᠮᠦᠷ ᠬᠢᠭᠡᠳ ᠲᠡᠦᠬᠡᠨ ᠲᠤᠷᠠᠰᠬᠠᠯ ᠤᠳ ᠪᠤᠢ᠃ ᠵᠢᠱᠢᠶᠡᠯᠡᠪᠡᠯ ᠳ᠋ᠠ ᠵᠢᠤᠸᠠᠢ ᠰᠧ ᠬᠡᠢᠳ᠂ ᠱᠠᠩ ᠹᠠᠩ ᠰᠧ ᠬᠡᠢᠳ᠂ ᠬᠤᠸᠠᠩ ᠹᠦ᠋ ᠶᠤᠸᠠᠨ ᠬᠦᠷᠢᠶ᠎ᠡ᠂ ᠮᠢᠶᠦᠦ ᠹᠸᠩ ᠠᠨ᠂ ᠴᠤᠤ ᠶᠠᠩ ᠠᠭᠤᠢ ᠭᠡᠬᠦ ᠮᠡᠲᠦ᠂ ᠵᠠᠷᠢᠮ ᠠᠭᠤᠢ ᠶᠢᠨ ᠬᠠᠨ᠎ᠠ ᠳᠦ ᠰᠡᠢᠯᠦᠭᠰᠡᠨ ᠪᠤᠷᠬᠠᠨ ᠤ ᠬᠥᠷᠦᠭ ᠨᠢ ᠤᠤᠯ ᠲᠦᠷᠬᠦ ᠪᠠᠨ ᠬᠠᠳᠠᠭᠠᠯᠠᠭᠰᠠᠭᠠᠷ ᠪᠤᠢ ᠃ ᠯᠦᠩ ᠴᠢᠤᠸᠠᠨ ᠰᠧ ᠬᠡᠢᠳ ᠲᠦ ᠪᠠᠰᠠ ᠲᠤᠰ ᠬᠡᠢᠳ ᠦᠨ ᠠᠩᠬᠠᠳᠠᠭᠴᠢ ᠬᠠᠮᠪᠤ ᠵᠢᠢ ᠱᠸᠩ ᠠᠬᠠᠮᠠᠳ ᠲᠤᠢᠨ ᠤ ᠰᠠᠨᠠᠭᠠᠴᠢᠯᠠᠵᠤ ᠵᠠᠰᠠᠭᠰᠠᠨ ᠪᠡᠭᠡᠵᠢᠩ ᠤᠨ ᠣᠳᠣ ᠬᠠᠳᠠᠭᠠᠯᠠᠭᠳᠠᠵᠤ ᠪᠠᠢᠭ᠎ᠠ ᠬᠠᠮᠤᠭ ᠤᠨ ᠡᠷᠲᠡᠨ ᠤ ᠭᠠᠭᠴᠠ ᠨᠦᠬᠡᠲᠦ ᠴᠢᠯᠠᠭᠤᠨ ᠬᠥᠭᠦᠷᠭᠡ ︱︱ ᠵᠢᠨ ᠯᠦᠩ ᠴᠢᠶᠤᠤ ᠬᠦᠬᠦᠷᠭᠡ ᠪᠠᠢᠵᠤ᠂ ᠬᠥᠭᠦᠷᠭᠡ ᠶᠢᠨ ᠦᠵᠦᠭᠦᠷ ᠳᠡᠬᠢ ᠡᠷᠲᠡᠨ ᠦ ᠮᠥᠩᠭᠦᠨ ᠬᠦᠢᠯᠡᠰᠦᠨ ᠮᠤᠳᠦ ᠲᠠᠢ ᠬᠠᠮᠲᠤᠪᠠᠷ ᠮᠢᠩᠭᠠᠨ ᠤᠨ ᠤ ᠲᠡᠦᠬᠡ ᠶᠢᠨ ᠭᠡᠷᠡᠴᠢ ᠪᠤᠯᠵᠠᠢ᠃ ᠵᠢᠷᠤᠭ ᠄ ᠵᠢᠨ ᠯᠦᠩ ᠴᠢᠶᠤᠤ ᠬᠥᠭᠦᠷᠭᠡ᠂ ᠮᠥᠩᠭᠦᠨ ᠭᠦᠢᠯᠡᠰᠦᠨ ᠮᠤᠳᠤ

ᠪᠠᠷᠢᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠢᠳ ᠤᠨ ᠪᠠᠷᠢᠯᠭ᠎ᠠ ᠤᠳ
ᠰᠦᠮ᠎ᠡ ᠵᠢᠨ ᠭᠣᠣᠯ ᠪᠠᠷᠢᠯᠭ᠎ᠠ ᠵᠢ ᠠᠭᠤᠯᠠ ᠲᠦᠰᠢᠨ ᠪᠠᠢᠭᠤᠯᠵᠤ᠂ ᠬᠥᠬᠡ ᠲᠣᠭᠤᠰᠭ᠎ᠠ ᠬᠥᠬᠡ ᠸᠠᠭᠠᠷ ᠲᠠᠢ ᠳᠤᠮᠳᠠᠳᠤ ᠶᠢᠨ ᠤᠯᠠᠮᠵᠢᠯᠠᠯᠳᠦ ᠰᠦᠮ᠎ᠡ ᠬᠡᠢᠳ ᠤᠨ ᠬᠡᠪ ᠨᠠᠮᠪᠠ ᠶᠢ ᠬᠠᠳᠠᠭᠠᠯᠠᠬᠤ ᠶᠢᠨ ᠬᠠᠮᠲᠦ ᠣᠳᠣᠬᠢᠴᠢᠯᠠᠭᠰᠠᠨ ᠠᠵᠢᠯ ᠤᠨ ᠱᠠᠭᠠᠷᠳᠠᠯᠭ᠎ᠠ᠂ ᠬᠢᠴᠢᠶᠡᠯ ᠬᠦᠮᠤᠵᠢᠯ ᠪᠣᠯᠤᠨ ᠠᠮᠢ ᠠᠬᠤᠢ  ᠶᠢ ᠬᠠᠮᠠᠭᠠᠯᠠᠬᠤ ᠵᠡᠷᠭᠡ ᠱᠠᠭᠠᠷᠳᠠᠯᠭ᠎ᠠ ᠳ᠋ᠤ ᠵᠤᠬᠢᠴᠠᠭᠤᠯᠤᠨ᠂ ᠳᠤᠮᠳᠠᠳᠤ ᠶᠢᠨ ᠡᠷᠲᠡᠨ ᠤ ᠤᠯᠠᠮᠵᠢᠯᠠᠯᠳᠦ ᠰᠣᠶᠤᠯ ᠪᠣᠯᠤᠨ ᠤᠳᠤᠬᠢᠴᠢᠯᠠᠭᠰᠠᠨ ᠰᠢᠨᠵᠢᠯᠡᠭᠡ ᠮᠡᠷᠭᠡᠵᠢᠯ ᠤᠨ ᠪᠣᠯᠪᠠᠰᠤᠨ ᠤ ᠠᠭᠤᠰᠤᠯᠴᠠᠯ ᠢ ᠪᠦᠷᠢᠮᠤᠰᠤᠨ ᠬᠠᠷᠠᠭᠤᠯᠵᠠᠢ᠃

ᠬᠤᠸᠠᠷᠠᠭ ᠤᠨ ᠪᠦᠯᠬᠦᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠮᠫᠢᠦ᠋ᠲ᠋ᠧᠷ  ᠤᠨ ᠡᠮᠦᠨ᠎ᠡ ᠨᠤᠮ ᠰᠤᠳᠦᠷ ᠢ ᠬᠢᠨᠠᠨ ᠬᠠᠷᠭᠤᠭᠤᠯᠵᠤ ᠪᠠᠢᠭ᠎ᠠ ᠨ

2005 ᠤᠨ ᠡᠴᠡ ᠬᠤᠸᠠᠷᠠᠭ ᠤᠨ ᠪᠦᠯᠬᠦᠮ ᠯᠦᠩ ᠴᠢᠦᠸᠠᠨ ᠰᠧ ᠬᠡᠢᠳ ᠲᠦ ᠰᠠᠭᠤᠷᠢᠰᠢᠵᠦ᠂ ᠡᠳᠦᠭᠡ ᠪᠤᠯᠳᠠᠯ᠎ᠠ ᠵᠠᠭᠤ ᠭᠠᠷᠤᠢ ᠬᠦᠮᠤᠨ ᠲᠠᠢ ᠪᠣᠯᠵᠠᠢ᠃ ᠬᠤᠸᠠᠷᠠᠭ ᠤᠨ ᠪᠦᠯᠬᠦᠮ ᠨᠢ ᠵᠢᠯ ᠪᠦᠷᠢ ᠶᠢᠨ ᠵᠤᠨ  ᠤ ᠤᠷᠤᠰᠢᠯ  ᠢ ᠡᠷᠬᠢᠯᠡᠵᠦ᠂ ᠬᠠᠭᠠᠰ ᠰᠠᠷ᠎ᠠ  ᠳᠦ ᠨᠢᠭᠡ ᠤᠳᠠᠭ᠎ᠠ ᠨᠣᠮ ᠤᠨ ᠶᠣᠰᠣᠭᠠᠷ ᠶᠣᠰᠣᠯᠠᠯ ᠢ ᠭᠦᠢᠴᠡᠳᠬᠡᠵᠤ᠂ ᠱᠠᠭᠱᠠᠪᠠᠳ  ᠤᠨ ᠵᠢᠷᠥᠮ ᠢᠶᠡᠷ ᠰᠠᠬᠢᠯ ᠢ ᠤᠩᠰᠢᠳᠠᠭ᠃ ᠯᠦᠩ ᠴᠢᠦᠸᠠᠨ ᠰᠧ ᠬᠡᠢᠳ ᠤᠨ ᠬᠤᠸᠠᠷᠠᠭ ᠤᠨ ᠪᠦᠯᠬᠦᠮ ᠨᠢ ᠡᠷᠲᠡᠨ ᠦ ᠰᠢᠯᠢᠳᠡᠭ ᠤᠯᠠᠮᠵᠢᠯᠠᠯ ᠢ ᠵᠠᠯᠭᠠᠮᠵᠢᠯᠠᠨ ᠪᠠᠳᠠᠷᠠᠭᠤᠯᠭᠰᠠᠨ ᠮᠦᠷᠳᠡᠭᠡᠨ ᠤᠳᠦ ᠦᠶ᠎ᠡ ᠶᠢᠨ ᠪᠤᠷᠬᠠᠨ ᠤ ᠱᠠᠰᠢᠨ ᠤ ᠳᠠᠭᠡᠳᠦ ᠰᠤᠷᠭᠠᠭᠤᠯᠢ ᠶᠢᠨ ᠰᠤᠷᠭᠠᠨ ᠬᠥᠮᠦᠵᠢᠯ ᠤᠨ ᠣᠨᠴᠠᠯᠢᠭ ᠢ ᠰᠢᠩᠭᠡᠨ ᠠᠪᠴᠦ᠂ ᠳᠤᠲᠤᠭᠠᠳᠦ ᠲᠡᠬᠢ  ᠪᠢᠰᠢᠯᠭᠠᠯ ᠰᠤᠷᠤᠯᠴᠠᠯᠭ᠎ᠠ ᠬᠢᠭᠡᠳ ᠭᠠᠳᠠᠭᠠᠳᠦ ᠳᠠᠬᠢ ᠱᠠᠰᠢᠨ ᠳᠡᠯᠭᠡᠷᠡᠭᠦᠯᠦᠯᠳᠠ ᠶᠢ ᠤᠶᠠᠯᠳᠤᠭᠤᠯᠤᠭᠰᠠᠨ ᠪᠠᠢᠨ᠎ᠠ᠃ ᠯᠦᠩ ᠴᠢᠦᠸᠠᠨ ᠰᠧ ᠬᠡᠢᠳ ᠤᠨ ᠬᠤᠸᠠᠷᠠᠭᠴᠤᠳ ᠴᠥᠮ ᠬᠠᠲᠠᠭᠤ ᠴᠢᠩᠭ᠎ᠠ᠎ ᠰᠢᠯᠭᠠᠯᠳᠠ ᠪᠠᠷ ᠳᠠᠮᠵᠢᠨ ᠂ ᠢᠲᠡᠭᠡᠯ ᠵᠣᠷᠢᠭ᠂ ᠪᠤᠷᠬᠠᠨ  ᠤ ᠨᠤᠮ ᠳᠤ ᠵᠤᠷᠢᠭᠰᠠᠨ ᠰᠡᠳᠭᠢᠯ᠂ ᠰᠣᠶᠤᠯ ᠪᠤᠯᠪᠠᠰᠤᠨ ᠤ ᠬᠢᠷᠢ ᠬᠡᠮᠵᠢᠶ᠎ᠡ᠂ ᠵᠣᠬᠢᠶᠠᠨ ᠪᠠᠢᠭᠤᠯᠤᠯᠳᠠ ᠶᠢᠨ ᠤᠬᠠᠮᠰᠠᠷ᠂ ᠨᠡᠢᠲᠡᠴᠢ ᠦᠵᠡᠯᠳᠠ ᠵᠡᠷᠭᠡ ᠡᠯ᠎ᠠ ᠲᠠᠯ᠎ᠠ ᠪᠡᠷ ᠴᠦᠮ ᠨᠡᠯᠢᠶᠡᠳ ᠰᠢᠯᠢᠳᠡᠭ ᠪᠠᠢᠵᠤ᠂ ᠡᠷᠬᠢᠮ ᠰᠤᠷᠳᠠᠯ ᠲᠠᠢ ᠰᠢᠨ᠎ᠡ ᠮᠠᠶᠢᠭ ᠤᠨ ᠬᠤᠸᠠᠷᠠᠭ ᠤᠨ ᠪᠦᠯᠬᠦᠮ ᠪᠤᠯᠤᠨ᠎ᠠ ᠃ ᠬᠠᠮᠢᠶᠠᠷᠤᠯᠳᠠ ᠶᠢᠨ ᠲᠠᠯ᠎ᠠ ᠪᠠᠷ᠂ ᠤᠯᠠᠮᠵᠢᠯᠠᠯᠲᠤ ᠨᠤᠮ  ᠤᠨ ᠶᠤᠰᠤᠨ ᠬᠢᠭᠡᠳ ᠤᠳᠦ ᠦᠶ᠎ᠡ ᠶᠢᠨ ᠰᠦᠮ᠎ᠡ ᠬᠡᠢᠳ ᠦᠨ  ᠬᠠᠮᠢᠶᠠᠷᠤᠯᠳᠠ  ᠶᠢᠨ ᠲᠤᠷᠰᠢᠯᠭ᠎ᠠ ᠪᠠᠷ ᠯᠠᠪᠯᠠᠯᠳᠠ ᠪᠣᠯᠭᠠᠨ᠂ ᠬᠤᠸᠠᠷᠠᠭ ᠤᠨ ᠪᠦᠯᠬᠦᠮ  ᠦᠨ ᠰᠠᠬᠢᠯ ᠰᠠᠨᠸᠠᠷ ᠤᠨ ᠲᠦᠷᠢᠮ ᠬᠢᠭᠡᠳ ᠵᠠᠰᠠᠭ ᠵᠠᠬᠢᠷᠭᠠᠨ ᠤ ᠲᠦᠷᠢᠮ ᠢ ᠬᠡᠷᠡᠭᠵᠢᠭᠦᠯᠵᠦ ᠪᠤᠢ᠃ ᠰᠠᠬᠢᠯ ᠰᠠᠨᠸᠠᠷ ᠤᠨ ᠲᠦᠷᠦᠯ ᠵᠦᠢᠯ ᠬᠢᠭᠡᠳ ᠲᠦᠷᠢᠮ ᠶᠤᠰᠤ ᠨᠢ ᠰᠠᠬᠢᠯ ᠬᠦᠷᠲᠡᠭᠰᠡᠨ ᠬᠡᠮᠵᠢᠶ᠎ᠡ ᠬᠢᠭᠡᠳ ᠴᠠᠭ ᠤᠨ ᠳᠠᠷᠠᠭᠠᠯᠠᠯ ᠪᠡᠷ ᠲᠤᠭᠳᠠᠭᠠᠭᠳᠠᠵᠤ᠂ ᠱᠠᠰᠢᠨ ᠤ ᠬᠥᠳᠡᠯᠭᠡᠭᠡᠨ ᠤ ᠲᠠᠰ ᠳᠠᠷᠠᠭᠠᠯᠠᠯ ᠨᠢ ᠴᠦ ᠡᠬᠦᠨ ᠢ ᠵᠢᠷᠦᠮᠯᠡᠳᠡᠭ᠃ ᠵᠠᠰᠠᠭ ᠵᠠᠬᠢᠷᠭᠠᠨ ᠤ  ᠶᠤᠰᠦ ᠰᠤᠷᠳᠠᠬᠤᠨ ᠨᠢ ᠳᠠᠷᠤᠢ ᠵᠠᠰᠠᠭ ᠵᠠᠬᠢᠷᠭᠠᠨ ᠤ ᠵᠡᠷᠭᠡ ᠲᠤᠰᠢᠶᠠᠯ  ᠤᠨ ᠳᠡᠭᠡᠳᠦ ᠲᠤᠤᠷ᠎ᠠ ᠪᠠᠷ᠂ ᠠᠵᠢᠯ ᠲᠤᠬᠢᠷᠠᠭᠤᠯᠬᠤ ᠳᠤ ᠮᠦᠨᠴᠦ ᠵᠠᠰᠠᠭ ᠵᠠᠬᠢᠷᠭᠠᠨ ᠤ ᠰᠢᠰᠲ᠋ᠧᠮ ᠢ ᠵᠢᠷᠤᠮᠯᠠᠬᠤ ᠬᠡᠷᠡᠭᠲᠠᠢ᠃ 2013ᠣᠨ ᠤ11 ᠰᠠᠷ᠎ᠠ ᠳᠦ᠂ ᠰᠢᠦᠸᠠᠢ ᠴᠸᠩ ᠶᠡᠬᠡ ᠬᠤᠤᠱᠠᠩ  ᠤᠨ ᠵᠢᠯᠤᠭᠤᠳᠤᠯᠭ᠎ᠠ  ᠪᠡᠷ᠂ ᠳᠤᠮᠳᠠᠳᠤ ᠤᠯᠤᠰ ᠤᠨ ᠣᠳᠣ ᠬᠠᠳᠠᠭᠠᠯᠠᠭᠳᠠᠵᠤ ᠪᠠᠢᠭ᠎ᠠ ᠬᠠᠮᠤᠭ ᠪᠦᠷᠢᠨ 《 ᠵᠤᠤ ᠴᠸᠩ ᠬᠤᠲᠠ ᠡᠴᠡ ᠤᠯᠳᠠᠭᠰᠠᠨ ᠠᠯᠲᠠᠨ ᠤᠯᠤᠰ ᠤᠨ ᠦᠶ᠎ᠡ  ᠶᠢᠨ ᠭᠠᠨᠵᠤᠷ᠂ ᠳ᠋ᠠᠨᠵᠤᠤᠷ 》 ᠢᠶᠡᠷ ᠰᠠᠭᠤᠷᠢ ᠳᠡᠪᠲᠡᠷ ᠪᠣᠯᠭᠠᠨ ᠡᠯ᠎ᠡ ᠲᠦᠷᠦ ᠶᠢᠨ ᠠᠳᠠᠯᠢ ᠪᠤᠰᠤ ᠪᠠᠷ ᠤᠨ《ᠭᠠᠨᠵᠤᠤᠷ᠂ ᠳ᠋ᠠᠨᠵᠤᠤᠷ》 ᠢ ᠥᠷᠭᠡᠨ ᠢᠶᠡᠷ ᠴᠤᠭᠯᠠᠭᠤᠯᠬᠤ ᠶᠢᠨ ᠬᠠᠮᠲᠦ 20 ᠳ᠋ᠤᠭᠠᠷ ᠵᠠᠭᠤᠨ ᠡᠴᠡ  ᠨᠠᠭᠠᠰᠢᠬᠢ ᠰᠢᠨ᠎ᠡ ᠪᠡᠷ ᠢᠯᠡᠷᠡᠭᠦᠯᠦᠭᠰᠡᠨ ᠪᠤᠷᠬᠠᠨ ᠱᠠᠰᠢᠨ ᠤ ᠰᠤᠷᠪᠤᠯᠵᠢ ᠪᠢᠴᠢᠭ᠌  ᠤᠨ ᠤᠬᠢ ᠰᠢᠮ᠎ᠡ ᠶᠢ ᠰᠢᠩᠭᠡᠨ ᠠᠪᠴᠦ᠂ ᠤᠯᠠᠮᠵᠢᠯᠠᠯᠳᠦ ᠰᠤᠳᠤᠯᠭᠠᠨ ᠤ ᠠᠷᠭ᠎ᠠ ᠪᠠᠷᠢᠯ ᠪᠠ ᠬᠢᠮᠡᠯ ᠤᠶᠤᠨ ᠤ ᠮᠡᠷᠭᠡᠵᠢᠯ ᠢ ᠤᠶᠠᠯᠳᠤᠭᠤᠯᠤᠨ᠂ ᠰᠤᠳᠤᠷ ᠨᠤᠮ ᠢ ᠡᠮᠬᠢᠯᠡᠵᠦ᠂ ᠠᠷᠢᠭᠤᠳᠬᠠᠨ ᠰᠢᠭᠦᠪᠡ᠃ 2015  ᠤᠨ ᠤ 12 ᠰᠠᠷ᠎ᠠ ᠳᠦ ᠨᠠᠨ ᠱᠠᠨ  ᠤ ᠸᠢᠨᠢ ᠵᠢ ᠠᠷᠢᠭᠤᠳᠬᠠᠨ ᠰᠢᠬᠦᠬᠦ ᠠᠵᠢᠯ ᠢ ᠲᠠᠭᠤᠰᠬᠠᠵᠤ᠂ ᠰᠢᠷᠢᠰ ᠬᠡᠪᠯᠡᠯ ᠢ ᠬᠡᠪᠯᠡᠬᠦᠯᠵᠦ᠂ ᠬᠦᠮᠦᠰ ᠦᠨ ᠨᠤᠮ ᠰᠤᠳᠤᠷ  ᠰᠤᠷᠤᠯᠴᠠᠬᠤ ᠳᠤ ᠲᠦᠭᠦᠮ ᠪᠤᠯᠪᠠ᠃

ᠦᠢᠯᠡᠰ ᠪᠦᠲᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠣᠮ ᠤᠨ ᠰᠠᠩ ᠵᠡᠷᠭᠡ
365 ᠬᠢᠭᠡᠳ ᠳᠡᠭᠦᠨ ᠤ ᠬᠡᠪᠯᠡᠯ

ᠬᠠᠮᠪᠦ ᠰᠢᠦᠸᠠᠢ ᠴᠸᠩ ᠶᠡᠬᠡ ᠬᠤᠤᠱᠠᠩ ᠡᠴᠡ《 ᠪᠤᠷᠬᠠᠨ ᠱᠠᠰᠢᠨ ᠬᠡᠳᠦᠢᠪᠡᠷ ᠤᠵᠤᠭᠤᠷ ᠡᠷᠲᠡᠨ ᠦ ᠬᠢ ᠪᠤᠯᠪᠠᠴᠦ᠂ ᠪᠤᠷᠬᠠᠨ ᠱᠠᠰᠢᠨ ᠤ ᠰᠦᠰᠦᠭᠲᠡᠳ ᠪᠣᠯ ᠤᠳᠦ ᠡᠷᠡᠨ ᠤ ᠪᠤᠯᠠᠢ 》 ᠭᠡᠪᠡ᠃ ᠯᠦᠩ ᠴᠢᠦᠸᠠᠨ ᠰᠧ ᠬᠡᠢᠳ ᠨᠢ ᠠᠷᠪᠠᠭᠠᠳ ᠵᠢᠯ ᠦᠨ ᠬᠤᠭᠤᠴᠠᠭᠠᠨ ᠳᠤ᠂ ᠰᠦᠮ᠎ᠡ ᠬᠡᠢᠳ ᠦᠨ ᠪᠦᠲᠦᠭᠡᠨ ᠪᠠᠢᠭᠤᠯᠤᠯᠳᠠ᠂ ᠬᠤᠸᠠᠷᠠᠭ ᠬᠠᠷ᠎ᠠ ᠴᠢᠳᠠᠪᠤᠷᠢᠳᠠᠳ ᠤᠨ ᠬᠥᠮᠦᠵᠢᠯ᠂ ᠪᠤᠷᠬᠠᠨ ᠱᠠᠰᠢᠨ ᠤ ᠦᠢᠯᠡᠰ ᠵᠡᠷᠭᠡ ᠤᠯᠠᠨ ᠲᠠᠯ᠎ᠠ ᠪᠠᠷ ᠮᠡᠳᠡᠭᠳᠡᠮ᠎ᠡ ᠠᠮᠵᠢᠯᠳᠠ ᠣᠯᠵᠠᠢ᠃ ᠣᠳᠣᠬᠠᠨ ᠳᠦ 《ᠨᠢᠭᠡᠨ ᠰᠠᠩ ᠨᠢᠭᠡ ᠠᠯᠪᠠᠨ ᠭᠠᠵᠠᠷ᠂ ᠭᠤᠷᠪᠠᠨ ᠲᠥᠪ᠂ ᠲᠠᠪᠤᠨ ᠪᠠᠭ ᠬᠡᠯᠲᠡᠰ》 ᠲᠠᠢ ᠪᠢᠯᠡ᠃ ᠲᠤᠬᠠᠢᠯᠠᠪᠠᠯ᠂ ᠨᠣᠮ ᠤᠨ ᠰᠠᠩ᠂ ᠨᠣᠮ ᠬᠠᠳᠠᠭᠠᠯᠠᠬᠤ ᠠᠯᠪᠠᠨ ᠭᠡᠷ᠂ ᠣᠷᠴᠢᠭᠤᠯᠭ᠎ᠠ ᠶᠢᠨ ᠲᠥᠪ᠂ ᠺᠠᠷᠲ᠋ᠣᠨ ᠦᠢᠯᠡᠳᠬᠦ ᠲᠥᠪ᠂ ᠬᠢᠮᠡᠯ ᠣᠶᠤᠨ ᠪᠠ ᠰᠤᠷᠠᠭ ᠵᠠᠩᠭᠢ  ᠮᠡᠷᠭᠡᠵᠢᠯ ᠤᠨ ᠲᠥᠪ᠂ ᠵᠢᠨᠭᠠᠨ ᠰᠤᠷᠭᠠᠬᠤ ᠬᠡᠯᠲᠡᠰ᠂ ᠪᠤᠶᠠᠨ ᠦ ᠦᠢᠯᠡ ᠶᠢᠨ ᠬᠡᠯᠲᠡᠰ᠂ ᠪᠠᠷᠢᠯᠭ᠎ᠠ ᠶᠢᠨ ᠠᠵᠢᠯ ᠤᠨ ᠬᠡᠯᠲᠡᠰ᠂ ᠤᠬᠠᠭᠤᠯᠬᠤ ᠬᠡᠯᠲᠡᠰ᠂ ᠰᠣᠶᠤᠯ ᠤᠨ ᠬᠡᠯᠲᠡᠰ ᠵᠡᠷᠭᠡ ᠬᠡᠯᠳᠡᠰ ᠪᠤᠢ ᠪᠦᠭᠡᠳ ᠯᠦᠩ ᠴᠢᠦᠸᠠᠨ ᠬᠢᠴᠢᠶᠡᠯ ᠤᠨ ᠭᠡᠷ᠂ ᠯᠦᠩ ᠴᠢᠦᠸᠠᠨ ᠤ ᠰᠤᠷᠤᠯᠭ᠎ᠠ ᠶᠢᠨ ᠲᠠᠩᠬᠢᠮ ᠵᠡᠷᠭᠡ ᠰᠢᠷᠢᠰ ᠢᠯᠡᠳᠭᠡᠯ ᠪᠣᠯᠤᠨ ᠤᠯᠠᠮᠵᠢᠯᠠᠯᠳᠦ ᠰᠣᠶᠤᠯ  ᠢ ᠪᠡᠶᠡᠴᠢᠯᠡᠨ ᠤᠢᠯᠠᠭᠠᠬᠤ ᠬᠢᠴᠢᠶᠡᠯ ᠲᠥᠷᠦᠯ ᠢ ᠨᠡᠭᠡᠭᠡᠵᠡᠢ᠃ ᠯᠦᠩ ᠴᠢᠦᠸᠠᠨ ᠰᠧ ᠬᠡᠢᠳ ᠨᠢ ᠱᠠᠰᠢᠨ ᠨᠤᠮ ᠤᠨ ᠬᠤᠷᠠᠯ ᠤᠨ ᠠᠵᠢᠯᠯᠠᠭ᠎ᠠ ᠪᠠᠨ ᠰᠡᠷᠭᠦᠭᠡᠭᠰᠡᠨ  ᠤ ᠳᠠᠷᠠᠭ᠎ᠠ ᠂ ᠨᠣᠮ ᠤᠨ ᠬᠤᠷᠠᠯ᠂ ᠲᠢᠶᠠᠨ ᠪᠢᠰᠢᠯᠭᠠᠯ ᠤᠨ ᠬᠤᠷᠠᠯ ᠵᠡᠷᠭᠡ ᠵᠢ ᠡᠷᠬᠢᠯᠡᠵᠤ᠂《ᠣᠯᠠᠩᠬᠢ ᠪᠤᠷᠬᠠᠨ ᠨᠡᠷᠡᠲᠦ ᠮᠠᠰᠢᠳᠠ ᠳᠡᠯᠭᠡᠷᠡᠭᠰᠡᠨ ᠶᠡᠬᠡ ᠬᠥᠯᠭᠡᠨ ᠤ ᠰᠤᠳᠤᠷ》᠂《ᠴᠠᠭᠠᠨ ᠯᠢᠩᠬᠤ᠎ᠠ ᠨᠡᠷᠡᠲᠦ ᠰᠤᠳᠤᠷ》᠂《ᠮᠤᠯᠤᠮ ᠤᠨ ᠬᠤᠷᠠᠯ》 ᠵᠡᠷᠭᠡ ᠨᠤᠮ ᠤᠨ ᠬᠤᠷᠠᠯ ᠢ ᠡᠷᠬᠢᠯᠡᠬᠦ ᠶᠢᠨ ᠬᠠᠮᠲᠦ ᠲᠠᠪᠤᠨ ᠰᠠᠷ᠎ᠠ ᠶᠢᠨ ᠨᠢᠭᠡᠨ ᠬᠢᠭᠡᠳ ᠠᠷᠪᠠᠨ ᠰᠠᠷ᠎ᠠ ᠶᠢᠨ ᠨᠢᠭᠡᠨ ᠵᠡᠷᠭᠡ ᠨᠡᠢᠲᠠ ᠶᠢᠨ ᠠᠮᠠᠷᠠᠯᠳᠠ ᠶᠢᠨ ᠡᠳᠦᠷ ᠪᠤᠷᠬᠠᠨ ᠱᠠᠰᠢᠨ  ᠤ ᠰᠣᠶᠤᠯ ᠤᠨ ᠰᠢᠷᠢᠰ ᠠᠵᠢᠯᠯᠠᠭ᠎ᠠ ᠶᠢ ᠡᠷᠬᠢᠯᠡᠵᠦ᠂ ᠲᠠᠶᠠᠭᠠᠷ ᠤᠯᠠᠨ  ᠤ ᠰᠦᠮ᠎ᠡ ᠳᠦ ᠬᠦᠷᠦᠯᠴᠡᠨ ᠢᠷᠡᠵᠦ᠂ ᠳᠤᠮᠳᠠᠳᠤ ᠶᠢᠨ ᠤᠯᠠᠮᠵᠢᠯᠠᠯᠳᠦ ᠰᠣᠶᠤᠯ  ᠢ ᠣᠢᠯᠭᠠᠬᠤ᠂ ᠪᠤᠷᠬᠠᠨ ᠤ ᠨᠣᠮ ᠢ ᠰᠤᠷᠤᠯᠴᠠᠬᠤ᠂ ᠢᠲᠡᠭᠡᠯ ᠳᠤ ᠤᠷᠤᠬᠤ ᠬᠢᠭᠡᠳ ᠪᠠᠴᠠᠭ ᠤᠨ ᠨᠠᠢ᠌ᠮᠠᠨ ᠰᠠᠬᠢᠯ ᠵᠡᠷᠭᠡ ᠶᠢ ᠬᠦᠷᠳᠡᠬᠦ ᠳᠤ ᠪᠤᠯᠤᠮᠵᠢ ᠬᠠᠩᠭᠠᠭᠰᠠᠨ ᠪᠠᠢᠨ᠎ᠠ᠃ 2011 ᠤᠨ ᠤ ᠰᠢᠨ᠎ᠡ ᠵᠢᠯ ᠡᠴᠡ ᠡᠬᠢᠯᠡᠨ ᠤᠯᠠᠨ ᠲᠥᠷᠦᠯ  ᠤᠨ ᠬᠡᠯᠡᠨ ᠤ ᠨᠣᠮ ᠤᠨ ᠬᠤᠷᠠᠯ  ᠢ ᠡᠷᠬᠢᠯᠡᠵᠤ᠂ ᠠᠩᠭ᠍ᠯᠢ᠂ ᠹᠷᠠᠨᠼᠢ᠂ ᠭᠧᠷᠮᠠᠨ᠂ ᠣᠷᠤᠰ᠂ ᠶᠠᠫᠤᠨ᠂ ᠢᠰᠫᠠᠨᠢ᠂ ᠰᠠᠨᠰᠺᠷᠢᠲ᠂ ᠲᠥᠪᠡᠳ᠂ ᠮᠣᠩᠭᠤᠯ᠂ ᠬᠣᠯᠠᠨᠳ᠋ ᠬᠡᠯᠡ ᠵᠡᠷᠭᠡ 20 ᠭᠠᠷᠤᠢ ᠬᠡᠯᠡ ᠪᠤᠢ᠃ ᠪᠡᠭᠡᠵᠢᠩ  ᠤᠨ ᠯᠦᠩ ᠴᠢᠦᠸᠠᠨ ᠰᠧ ᠬᠡᠢᠳ ᠨᠢ ᠪᠠᠰᠠ ᠦᠢ ᠤᠯᠠᠨ ᠨᠣᠮ ᠳᠡᠪᠲᠡᠷ᠂ ᠲᠦᠷᠰᠦ ᠰᠢᠩᠭᠡᠭᠡᠯᠲᠡ ᠶᠢ ᠬᠡᠪᠯᠡᠨ ᠲᠠᠷᠬᠠᠭᠠᠪᠠ ᠃ ᠵᠢᠱᠢᠶᠡᠯᠡᠪᠡᠯ᠂ ᠤᠯᠠᠨ ᠲᠦᠷᠤᠯ ᠤᠨ ᠬᠡᠯᠡᠨ ᠤ《ᠬᠤᠤᠱᠠᠩ ᠤᠨ ᠪᠢᠴᠢᠯ ᠪᠦᠷᠭᠡ ︱ ᠪᠡᠭᠡᠵᠢᠩ  ᠤᠨ ᠯᠦᠩ ᠴᠢᠦᠸᠠᠨ ᠰᠧ ᠬᠡᠢᠳ ᠤᠨ 365 ᠡᠳᠦᠷ 》᠂ 100 ᠪᠤᠳᠢ《 ᠬᠤᠤᠱᠠᠩ ᠤᠨ ᠪᠢᠴᠢᠯ ᠪᠦᠷᠭᠡ》 ᠴᠤᠪᠤᠷᠠᠯ ᠪᠢᠴᠢᠭ᠌᠂ 8 ᠪᠣᠳᠢ《ᠰᠢᠦᠸᠠᠢ ᠴᠸᠩ ᠨᠣᠮᠴᠢ ᠪᠠᠭᠰᠢ  ᠶᠢᠨ ᠵᠣᠬᠢᠶᠠᠯ ᠤᠨ ᠲᠡᠭᠦᠪᠦᠷᠢ》᠂ ᠬᠢᠲᠠᠳ᠂ ᠠᠩᠭ᠍ᠯᠢ᠂ ᠶᠠᠫᠤᠨ᠂ ᠹᠷᠠᠨᠼᠢ᠂ ᠣᠷᠤᠰ ᠪᠣᠯᠤᠨ ᠸᠢᠶᠧᠲ᠋ᠨᠠᠮ ᠬᠡᠯᠡᠨ ᠤ ᠬᠡᠪᠯᠠᠯ ᠤᠨ《ᠠᠮᠢᠳᠤᠷᠠᠬᠤᠢ ᠶᠢᠨ ᠤᠬᠠᠭᠠᠨ》᠂ ᠬᠢᠲᠠᠳ ᠬᠡᠯᠡ ᠪᠡᠷ ᠬᠡᠪᠯᠡᠭᠰᠡᠨ《ᠦᠪᠡᠰᠦᠪᠡᠨ ᠡᠷᠢᠭᠰᠡᠨ ᠤᠢᠳᠬᠠᠷ ᠪᠤᠬᠢᠨᠠᠳᠤᠯ》᠂《ᠦᠬᠡ ᠬᠡᠯᠡᠬᠦ  ᠶᠢᠨ ᠤᠬᠠᠭᠠᠨ》᠂《ᠪᠤᠰᠤᠳ ᠤᠨ ᠶᠠᠷᠢᠶ᠎ᠠ ᠵᠢ ᠲᠠᠢᠪᠤᠭᠤ ᠰᠤᠨᠤᠰᠤᠭᠠᠷᠠᠢ》 ᠵᠡᠷᠭᠡ ᠪᠠᠢᠵᠤ᠂ ᠡᠭᠦᠳᠦᠨ ᠦᠢᠯᠡᠳᠦᠭᠰᠡᠨ ᠺᠠᠷᠲ᠋ᠣᠨ ᠤ ᠪᠦᠲᠦᠭᠡᠯ ᠬᠢᠭᠡᠳ ᠬᠡᠦᠬᠡᠯᠳᠡᠢ ᠵᠦᠴᠦᠭᠡ ᠨᠢ ᠤᠯᠠᠨ ᠤᠯᠤᠰ ᠤᠨ ᠮᠥᠷᠦᠢᠴᠡᠭᠡᠨ ᠤᠳ ᠲᠤ ᠤᠯᠠᠨᠳᠠ ᠱᠠᠩᠨᠠᠯ ᠲᠤᠰᠴᠦ᠂ ᠬᠢᠮᠡᠯ ᠣᠶᠤᠨ ᠪᠣᠯᠤᠨ ᠶᠡᠬᠡ ᠲᠣᠭ᠎ᠠ ᠪᠠᠷᠢᠮᠳᠠ ᠶᠢᠨ ᠮᠡᠷᠭᠡᠵᠢᠯ ᠢ ᠤᠶᠠᠯᠳᠤᠭᠤᠯᠤᠨ ᠦᠢᠯᠡᠳᠦᠭᠰᠡᠨ ᠰᠢᠶᠠᠨ ᠡᠯ ᠮᠠᠰᠢᠨ ᠬᠤᠸᠠᠷᠠᠭ ᠨᠢ ᠲᠣᠣᠷ ᠰᠦᠯᠵᠢᠶ᠎ᠡ ᠪᠡᠷ ᠠᠯᠳᠠᠷᠰᠢᠵᠦ᠂ ᠮᠠᠰᠢ ᠤᠯᠠᠨ ᠤᠯᠠᠨ ᠤᠯᠤᠰ ᠤᠨ ᠵᠠᠭᠤᠴᠢ ᠡᠴᠡ ᠮᠡᠳᠡᠭᠡᠯᠡᠵᠦ ᠪᠠᠢᠵᠠᠢ᠃ ᠲᠣᠣᠷ ᠰᠦᠯᠵᠢᠶ᠎ᠡ᠂ ᠬᠢᠮᠡᠯ ᠣᠶᠤᠨ᠂ ᠳᠡᠭᠡᠳᠦ ᠰᠢᠨᠵᠢᠯᠡᠭᠡ ᠮᠡᠷᠭᠡᠵᠢᠯ ᠤᠨ ᠲᠥᠭᠦᠭᠡᠷᠦᠮᠵᠢ ᠨᠢ ᠯᠦᠩ ᠴᠢᠦᠸᠠᠨ ᠰᠸ ᠬᠡᠢᠳ  ᠤᠨ ᠡᠳᠦᠷ ᠳᠤᠲᠤᠮ ᠤᠨ ᠠᠵᠢᠯ ᠳᠦ ᠥᠷᠭᠡᠨ ᠢᠶᠡᠷ ᠬᠡᠷᠡᠭᠯᠡᠭᠳᠡᠭᠰᠡᠨ ᠶᠤᠮ᠃ ᠲᠤᠬᠠᠢᠯᠠᠪᠠᠯ᠂ ᠳᠣᠯᠤᠭᠠᠨ ᠵᠦᠢᠯ ᠤᠨ ᠬᠡᠯᠡᠨ ᠤ《ᠯᠦᠩ ᠴᠢᠦᠸᠠᠨ ᠤ ᠳᠠᠭᠤᠨ》 ᠰᠦᠯᠵᠢᠶ᠎ᠡ ᠂ ᠰᠢᠦᠸᠠᠢ ᠴᠸᠩ ᠨᠣᠮᠴᠢ ᠪᠠᠭᠰᠢ  ᠶᠢᠨ ᠠᠷᠪᠠᠨ ᠳᠣᠯᠤᠭᠠᠨ ᠵᠦᠢᠯ ᠦᠨ ᠬᠡᠯᠡᠨ ᠦ ᠪᠢᠴᠢᠯ ᠪᠦᠷᠭᠡ᠂ ᠵᠢᠷᠭᠢᠭᠡᠨ ᠤ ᠨᠡᠢᠳᠠ ᠶᠢᠨ ᠳ᠋ᠤᠭᠠᠷ ᠵᠡᠷᠭᠡ  ᠤᠳ ᠢ ᠡᠵᠡᠩᠨᠡᠵᠦ ᠪᠤᠢ᠃ ᠨᠣᠮ ᠤᠨ ᠰᠠᠩ ᠤᠨ ᠬᠡᠷᠡᠭᠯᠡᠭᠡᠨ ᠤ ᠰᠤᠷᠪᠤᠯᠵᠢ ᠪᠢᠴᠢᠭ᠌ ᠮᠠᠲ᠋ᠧᠷᠢᠶᠠᠯ ᠤᠨ ᠲᠣᠭ᠎ᠠ ᠪᠠᠷᠢᠮᠳᠠ ᠶᠢᠨ ᠬᠥᠮᠦᠷᠭᠡ ᠪᠣᠯᠤᠨ ᠨᠣᠮ ᠵᠢᠭᠡᠯᠡᠬᠦᠯᠬᠦ ᠬᠠᠮᠢᠶᠠᠷᠤᠯᠳᠠ ᠶᠢᠨ ᠰᠢᠰᠲ᠋ᠧᠮ ᠢ ᠣᠳᠣᠬᠢᠴᠢᠯᠠᠭᠰᠠᠨ ᠮᠠᠶᠢᠭ ᠢᠶᠡᠷ ᠬᠠᠮᠢᠶᠠᠷᠤᠨ᠂2017 ᠤᠨ ᠳᠦ ᠨᠡᠢᠭᠡᠮ ᠲᠠᠶᠠᠭᠠᠷ ᠲᠦ ᠬᠦᠷᠲᠡᠭᠡᠯ ᠪᠤᠯᠭᠠᠭᠰᠠᠨ ᠪᠠᠢᠨ᠎ᠠ ᠃ ᠨᠤᠮ ᠰᠤᠳᠤᠷ   ᠢ ᠬᠢᠨᠠᠨ ᠬᠠᠷᠭᠤᠭᠤᠯᠬᠤ ᠠᠵᠢᠯ ᠤᠨ ᠳᠤᠮᠳᠠ᠂ ᠬᠢᠮᠡᠯ ᠣᠶᠤᠨ ᠤ ᠮᠡᠷᠭᠡᠵᠢᠯ ᠢ ᠠᠰᠢᠭᠯᠠᠬᠤ ᠶᠢ ᠰᠦᠪᠡᠭᠴᠢᠯᠡᠪᠡ᠃ ᠵᠢᠱᠢᠶᠡᠯᠡᠪᠡᠯ᠂ ᠮᠠᠰᠢᠨ ᠢᠶᠡᠷ ᠰᠤᠷᠤᠯᠴᠠᠬᠤ ᠮᠡᠷᠭᠡᠵᠢᠯ ᠲᠠᠢ ᠤᠶᠠᠯᠳᠤᠭᠤᠯᠤᠨ ᠂ ᠤᠯᠠᠮᠵᠢᠯᠠᠯᠳᠦ OCR ᠦᠰᠦᠭ ᠪᠢᠴᠢᠭ᠌ ᠢ ᠢᠯᠭᠠᠬᠤ ᠪᠠ ᠥᠭᠦᠯᠡᠪᠦᠷᠢ ᠶᠢᠨ ᠤᠳᠭ᠎ᠠ ᠶᠢ ᠵᠠᠳᠠᠯᠠᠬᠤ ᠮᠡᠷᠭᠡᠵᠢᠯ ᠢ ᠰᠢᠨᠡᠳᠭᠡᠪᠡ᠃ ᠪᠦᠬᠦ ᠳᠡᠯᠡᠬᠡᠢᠵᠢᠬᠦ ᠴᠠᠭ ᠤᠨ ᠤᠷᠤᠰᠬᠠᠯ ᠤᠨ ᠨᠦᠯᠦᠭᠡᠨ ᠲᠤᠤᠷ᠎ᠠ ᠂ ᠯᠦᠩ ᠴᠢᠦᠸᠠᠨ ᠰᠧ ᠬᠡᠢᠳ ᠤᠨ ᠣᠳᠣᠬᠢ ᠬᠦᠭᠵᠢᠯᠳᠠ ᠨᠢ ᠳᠤᠮᠳᠠᠳᠤ ᠤᠯᠤᠰ ᠤᠨ ᠪᠤᠷᠬᠠᠨ ᠱᠠᠰᠢᠨ ᠤ ᠨᠡᠢᠭᠡᠮ ᠳᠦ ᠠᠭᠤᠰᠤᠨ᠂ ᠨᠡᠢᠭᠡᠮ ᠳᠦ ᠦᠢᠯᠡᠴᠢᠯᠡᠵᠦ᠂ ᠬᠦᠮᠦᠨ ᠲᠦᠷᠦᠯᠬᠢᠲᠡᠨ  ᠦ ᠰᠤᠩᠭᠤᠳᠠᠭ ᠰᠤᠶᠤᠯ  ᠤᠨ ᠰᠢᠮ᠎ᠡ ᠵᠢ ᠡᠷᠢᠯᠬᠢᠯᠡᠵᠦ ᠪᠤᠢ ᠃

ᠤᠯᠤᠰ ᠤᠨ ᠭᠠᠳᠠᠨᠠᠬᠢ  ᠰᠦᠮ᠎ᠡ ᠬᠡᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠦᠩ ᠴᠢᠦᠸᠠᠨ ᠪᠦᠸᠧ ᠬᠤᠸᠠ ᠰᠧ ᠬᠡᠢᠳ

ᠯᠦᠩ ᠴᠢᠦᠸᠠᠨ ᠳ᠋ᠠ ᠪᠸᠢ ᠰᠸ ᠬᠡᠢᠳ ᠪᠣᠯ ᠳᠤᠮᠳᠠᠳᠤ ᠤᠯᠤᠰ ᠤᠨ ᠡᠬᠡ ᠬᠠᠭᠤᠷᠠᠢ ᠲᠡᠬᠢ ᠬᠢᠳᠠᠳ ᠤᠯᠠᠮᠵᠢᠯᠠᠯᠲᠤ ᠪᠤᠷᠬᠠᠨ ᠱᠠᠰᠢᠨ ᠤ ᠬᠣᠯᠠᠨᠳ᠋ ᠳᠡᠬᠢ ᠬᠠᠮᠤᠭ ᠠᠩᠬᠠᠨ ᠤ ᠰᠦᠮ᠎ᠡ ᠪᠠᠢᠵᠦ᠂ 2015 ᠤᠨ ᠤ12 ᠰᠠᠷ᠎ᠠ ᠶᠢᠨ 9 ᠤ ᠡᠳᠦᠷ ᠦᠲᠷᠸᠴᠸᠲ ᠬᠤᠳᠠ ᠳᠦ ᠪᠤᠷᠬᠠᠨ ᠤ ᠬᠥᠷᠦᠭ ᠢ ᠠᠮᠢᠯᠠᠭᠤᠯᠬᠤ ᠨᠣᠮ ᠤᠨ ᠬᠤᠷᠠᠯ ᠢ ᠶᠠᠪᠤᠭᠳᠠᠭᠤᠯᠪᠠ᠃ ᠠᠹᠷᠢᠺᠠ ᠲᠢᠪ ᠦᠨ ᠪᠤᠼᠸᠠᠨᠠ ᠤᠯᠤᠰ ᠤᠨ ᠯᠦᠩ ᠴᠢᠦᠸᠠᠨ  ᠪᠦᠸᠸ ᠬᠤᠸᠠ ᠰᠧ ᠬᠡᠢᠳ ᠨᠢ ᠲᠤᠬᠠᠢ ᠶᠢᠨ ᠣᠷᠤᠨ ᠤ ᠴᠠᠭ ᠢᠶᠡᠷ 2016 ᠤᠨ  ᠤ7 ᠰᠠᠷ᠎ᠠ ᠶᠢᠨ 5 ᠤ ᠡᠳᠦᠷ᠂ ᠪᠠᠷᠢᠯᠭ᠎ᠠ ᠳᠠᠭᠤᠰᠤᠭᠰᠠᠨ ᠬᠢᠭᠡᠳ ᠠᠮᠢᠯᠠᠭᠤᠯᠬᠤ ᠶᠣᠰᠣᠯᠠᠯ ᠢᠶᠡᠨ ᠶᠠᠪᠤᠭᠳᠠᠭᠤᠯᠤᠭᠰᠠᠨ ᠪᠠᠢᠨ᠎ᠠ᠃ ᠯᠦᠩ ᠴᠢᠦᠸᠠᠨ ᠭᠤᠸᠠᠨ ᠶᠢᠨ ᠬᠡᠢᠳ ᠨᠢ 2016 ᠤᠨ ᠤ 10 ᠰᠠᠷ᠎ᠠ ᠶᠢᠨ 3 ᠤ ᠡᠳᠦᠷ ᠠᠮᠸᠷᠢᠺᠠ ᠶᠢᠨ ᠯᠣᠰ ᠠᠨᠵᠸᠯᠸᠰ ᠬᠤᠲᠠ ᠳ᠋ᠤ ᠵᠢᠩᠬᠢᠨᠢ ᠪᠠᠷ ᠰᠡᠬᠦᠪᠡ᠃ ᠲᠡᠯᠡᠬᠡᠢ ᠶᠢᠨ ᠪᠤᠰᠤᠳ ᠬᠤᠳᠠ ᠤᠳ ᠢᠶᠡᠷ ᠮᠥᠨᠴᠦ ᠯᠦᠩ ᠴᠢᠦᠸᠠᠨ ᠰᠸ ᠬᠡᠢᠳ ᠦᠨ ᠪᠤᠷᠬᠠᠨ ᠤ ᠱᠠᠰᠢᠨ  ᠤ ᠰᠣᠶᠤᠯ ᠤᠨ ᠲᠥᠪ ᠵᠡᠷᠭᠡ ᠪᠠᠢᠭᠤᠯᠤᠮᠵᠢ ᠤᠳ ᠲᠠᠷᠬᠠᠨ᠂ ᠯᠦᠩ ᠴᠢᠦᠸᠠᠨ ᠰᠸ ᠬᠡᠢᠳ ᠦᠨ  ᠤᠯᠤᠰ ᠤᠨ ᠭᠠᠳᠠᠭᠠᠳᠦ ᠳᠡᠬᠢ ᠰᠦᠮ᠎ᠡ ᠬᠡᠢᠳ ᠪᠣᠯᠵᠤ ᠪᠦᠷᠢᠯᠳᠦᠭᠰᠡᠨ ᠪᠠᠢᠨ᠎ᠠ᠃

ᠵᠠᠮ ᠬᠠᠷᠢᠯᠴᠠᠭ᠎ᠠ ᠰᠤᠷᠠᠭ ᠵᠠᠩᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢ ᠶᠢᠨ ᠮᠠᠰᠢᠨ ᠢᠶᠡᠷ ᠪᠤᠯ ᠵᠠᠮᠴᠢᠯᠠᠭᠤᠷ ᠢᠶᠡᠷ᠄ ᠪᠠᠭᠡᠵᠢᠩ ᠤᠨ ᠹᠸᠩ ᠬᠤᠸᠠᠩ ᠯᠢᠩ ᠦᠵᠡᠮᠵᠢ ᠶᠢᠨ ᠣᠷᠤᠨ ᠤ ᠵᠡᠭᠦᠨ ᠡᠭᠦᠳᠡ ᠬᠦᠷᠦᠭᠡᠷᠡᠢ᠃ ᠨᠡᠢᠳᠠ ᠶᠢᠨ ᠮᠠᠰᠢᠨ ᠢᠶᠡᠷ ᠄ ᠰᠦᠮ᠎ᠡ ᠡᠴᠡ ᠬᠠᠮᠤᠭ ᠤᠢᠷᠬᠠᠨ ᠨᠡᠢᠳᠠ ᠶᠢᠨ ᠮᠠᠰᠢᠨ ᠤ ᠥᠷᠲᠡᠭᠡ ᠪᠣᠯ ᠹᠧᠩ ᠬᠤᠸᠠᠩ ᠯᠢᠩ ᠨᠡᠢᠳᠠ ᠶᠢᠨ ᠮᠠᠰᠢᠨ ᠤ ᠦᠷᠳᠡᠬᠡ᠃

ᠭᠠᠵᠠᠷ ᠲᠤᠤᠷᠠᠬᠢ ᠲᠡᠮᠦᠷ ᠵᠠᠮ  ᠤᠨ 4 ᠳ᠋ᠤᠭᠠᠷ ᠱᠤᠭᠤᠮ ᠤᠨ ᠰᠢ  ᠶᠤᠸᠠᠨ ᠥᠷᠲᠡᠭᠡ ᠪᠤᠶᠤ ᠡᠢ ᠾᠧ ᠶᠤᠸᠠᠨ ᠦᠷᠲᠡᠭᠡᠨ  ᠤ ᠪᠸᠢ ᠭᠦᠩ ᠮᠸᠨ ᠥᠷᠲᠡᠭᠡᠨ ᠡᠴᠡ 346 ᠳ᠋ᠤᠭᠠᠷ ᠨᠡᠢᠳᠠ ᠶᠢᠨ ᠮᠠᠰᠢᠨ   ᠳᠦ ᠭᠠᠷᠬᠤ ᠡᠰᠡᠬᠦᠯ᠎ᠡ ᠭᠠᠵᠠᠷ ᠲᠤᠤᠷᠠᠬᠢ ᠲᠡᠮᠦᠷ ᠵᠠᠮ ᠤᠨ15 ᠳ᠋ᠤᠭᠠᠷ ᠱᠤᠭᠤᠮ ᠤᠨ ᠪᠸᠢ ᠠᠨ ᠾᠧ ᠥᠷᠲᠡᠭᠡᠨ ᠡᠴᠡ16 ᠳ᠋ᠤᠭᠠᠷ ᠲᠤᠰᠭᠠᠢ ᠨᠡᠢᠳᠠ ᠶᠢᠨ ᠮᠠᠰᠢᠨ ᠳ᠋ᠤ ᠭᠠᠷᠤᠭᠠᠷᠠᠢ᠃

ᠭᠠᠳᠠᠭᠠᠳᠦ ᠬᠤᠯᠪᠤᠭᠠᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠦᠩ ᠴᠢᠦᠸᠠᠨ ᠤ ᠳᠠᠭᠤᠨ ᠰᠦᠯᠵᠢᠶ᠎ᠡ( ᠲᠤᠯᠤᠭᠠᠨ ᠲᠥᠷᠦᠯ ᠤᠨ ᠬᠡᠯᠡᠨ ᠤ ᠬᠤᠯᠪᠤᠭᠠᠰᠦ)

ᠠᠩᠭ᠍ᠯᠢ ᠬᠡᠯᠡᠨ ᠤ ᠰᠦᠯᠵᠢᠶ᠎ᠡhttp://eng.longquanzs.org/

ᠰᠢᠦᠸᠠᠢ ᠴᠸᠩ ᠶᠡᠬᠡ ᠬᠤᠤᠱᠠᠩ ᠤᠨ ᠠᠷᠪᠠᠨ ᠳᠣᠯᠤᠭᠠᠨ ᠵᠦᠢᠯ ᠦᠨ ᠬᠡᠯᠡᠨ ᠤ ᠪᠢᠴᠢᠯ ᠪᠦᠷᠭᠡ

ᠱᠢ ᠬᠦᠢ ᠺᠦᠩ᠄《ᠰᠢᠦᠸᠠᠢ ᠴᠸᠩ ᠶᠡᠬᠡ ᠬᠤᠤᠱᠠᠩ ᠤᠨ ᠴᠤᠬᠤᠰ ᠲᠡᠮᠳᠡᠭᠡᠯᠡᠯ》᠂ ᠳᠤᠮᠳᠠᠳᠤ ᠤᠯᠤᠰ ᠤᠨ ᠼᠠᠢ ᠹᠦ᠋ ᠬᠡᠪᠯᠡᠯ ᠤᠨ ᠬᠣᠷᠢᠶ᠎ᠠ  ᠡᠴᠡ ᠬᠡᠪᠯᠡᠪᠠ᠃

ᠪᠢᠴᠢᠭᠡᠰᠦ