ᠪᠠᠾᠷᠧᠶᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠾᠷᠧᠢᠨ ᠤ ᠸᠠᠩᠲᠤ ᠤᠯᠤᠰ
مملكة البحرين</br> ᠮᠠᠮᠯᠠᠺᠠᠲ ᠠᠯᠠ-ᠪᠠᠾᠷᠧᠶᠢᠨ
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠫᠧᠷᠰ ᠦᠨ ᠪᠤᠯᠤᠨ ᠳᠠᠬᠢ ᠪᠠᠾᠷᠧᠢᠨ ᠤ ᠪᠠᠶᠢᠷᠢᠰᠢᠯ
ᠫᠧᠷᠰ ᠦᠨ ᠪᠤᠯᠤᠨ ᠳᠠᠬᠢ ᠪᠠᠾᠷᠧᠢᠨ ᠤ ᠪᠠᠶᠢᠷᠢᠰᠢᠯ
ᠨᠡᠶᠢᠰᠯᠡᠯᠮᠠᠨᠠᠮᠠ (155 ᠮᠢᠩᠭ᠎ᠠ)
ᠲᠣᠮᠣ ᠬᠣᠲᠠ ᠮᠠᠨᠠᠮᠠ᠂ ᠷᠢᠹᠹᠠ
ᠠᠯᠪᠠᠨ ᠬᠡᠯᠡ ᠠᠷᠠᠪ ᠬᠡᠯᠡ
ᠲᠥᠷᠥ ᠵᠠᠰᠠᠭ ᠨᠢᠭᠡᠳᠦᠮᠡᠯ ᠪᠠᠶᠢᠭᠤᠯᠤᠮᠵᠢ᠂ ᠫᠠᠷ-
ᠯᠮᠧᠨᠲ᠋ᠠᠲ ᠶᠣᠰᠣ᠂ ᠬᠡᠮᠵᠢᠶ᠎ᠡ ᠳᠦ
ᠡᠷᠬᠡᠲᠦ ᠬᠠᠭᠠᠨᠲᠤ ᠵᠠᠰᠠᠭᠲᠠᠢ
 -  ᠸᠠᠩ ᠬᠠᠮ ᠳᠤ ᠢᠪᠨ ᠢᠰᠠ
ᠠᠯᠢ-ᠬᠠᠯᠢᠹᠠ
(1999)
 -  ᠶᠡᠷᠦᠩᠬᠡᠢ ᠰᠠᠶᠢᠳ ᠬᠠᠯᠢᠹᠠ ᠢᠪᠨ ᠰᠠᠯᠮᠠᠩ
ᠠᠯᠢ-ᠬᠠᠯᠢᠹᠠ
(1970)
ᠲᠤᠰᠠᠭᠠᠷ ᠲᠣᠭᠲᠠᠨᠢᠭᠰᠠᠨ ᠲᠡᠦᠬᠡ
 -  1783 ᠣᠨ ᠫᠧᠷᠰᠡ ᠡᠴᠡ 
 -  1971-08-15 ᠶᠡᠬᠡ ᠪᠷᠢᠲ᠋ᠠᠨ(ᠠᠩᠭᠯᠢ)ᠠᠰ 
ᠨᠤᠲᠤᠭ ᠳᠡᠪᠢᠰᠬᠡᠷ
 -  ᠪᠦᠬᠦ ᠲᠠᠯᠠᠪᠠᠢ 765.3 km2 (187)
 -  ᠭᠠᠳᠠᠷᠭᠤ ᠶᠢᠨ ᠤᠰᠤ (%) 0 ᠬᠤᠪᠢ
ᠬᠦᠮᠦᠨ ᠠᠮᠠ
 -  ᠲᠣᠭᠠᠴᠠᠭ᠎ᠠ (2010) 1,234,571 ᠬᠦᠮᠦᠨ[1] (155)
 -  ᠨᠢᠭᠲᠠᠴᠠ ᠰᠡᠶᠢᠷᠡᠭ 1,626.6 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $31.101 ᠲᠡᠷᠪᠤᠮ[1] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 91  ᠳᠦ
 -  ᠨᠢᠭᠡ ᠬᠦᠨᠳᠦ $27,556[1] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ33 ᠳᠦ
GDP (ᠨᠡᠷᠡᠯᠡᠭᠰᠡᠨ) 2013 ᠣᠨ ᠤ ᠲᠣᠭᠠᠴᠠᠭ᠎ᠠ
 -  ᠨᠡᠶᠢᠲᠡ ᠳ᠋ᠦᠩ $26.108 ᠲᠡᠷᠪᠤᠮ[1]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ91 ᠳᠦ
 -  ᠨᠢᠭᠡ ᠬᠦᠨᠳᠦ $23,132[1] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ33]])
ᠬᠡᠦᠬᠡᠳ ᠦᠨ ᠬᠥᠭᠵᠢᠯ ᠦᠨ ᠢᠨᠳᠧᠺᠰ (2013) 0.796[2] (ᠰᠠᠶᠢᠨ) (48)
ᠮᠥᠩᠭᠥᠨ ᠦ ᠨᠢᠭᠡᠴᠡ ᠪᠠᠾᠷᠧᠢᠨ ᠤ ᠳ᠋ᠢᠨᠠᠷ (BHD)
ᠴᠠᠭ ᠤᠨ ᠪᠥᠰᠡ ᠠᠷᠠᠪ ᠤᠨ ᠴᠠᠭ (GMT+3)
ᠤᠲᠠᠰᠤ᠂ ᠳᠣᠮᠡᠢ ᠶᠢᠨ +973 / .bh
ᠨᠡᠷ᠎ᠡ ᠲᠣᠮᠢᠶ᠎ᠠ BD, BHR / ᠪᠠᠬᠪᠤ

ᠪᠠᠾᠷᠧᠶᠢᠨ ᠤᠯᠤᠰ ᠪᠠᠷᠠᠭᠤᠨ ᠡᠮᠦᠨᠡᠲᠦ ᠠᠽᠢᠶ᠎ᠠ ᠳᠤ ᠫᠧᠷᠰ ᠦᠨ ᠪᠤᠯᠤᠨᠭᠡᠶᠢᠨ ᠣᠯᠲᠣᠷᠢᠭ ᠳᠡᠭᠡᠷ᠎ᠡ ᠣᠷᠣᠰᠢᠨ᠎ᠠ᠃ ᠡᠷᠭᠢᠨ ᠲᠣᠭᠣᠷᠢᠨ ᠤᠰᠤ ᠪᠠᠷ ᠬᠦᠷᠢᠶᠡᠯᠡᠭᠳᠡᠭᠰᠡᠨ ᠲᠤᠯᠠ ᠳᠡᠯᠡᠬᠡᠢ ᠶᠢᠨ ᠪᠤᠰᠤᠳ ᠣᠷᠣᠨ ᠲᠠᠢ ᠤᠰᠤᠨ ᠵᠠᠮ ᠢᠶᠠᠷ ᠬᠠᠷᠢᠯᠴᠠᠨ᠎ᠠ᠃ ᠪᠠᠾᠷᠧᠢᠨ ᠤ ᠨᠤᠲᠤᠭ ᠳᠡᠪᠢᠰᠬᠡᠷ 30 ᠭᠠᠷᠤᠢ ᠠᠷᠠᠯ ᠠᠴᠠ ᠪᠥᠷᠢᠳᠬᠦ ᠪᠥᠭᠡᠳ ᠬᠠᠮᠤᠭ ᠤᠨ ᠲᠣᠮᠣ ᠨᠢ ᠪᠠᠾᠷᠧᠶᠢᠨ ᠠᠷᠠᠯ ᠶᠤᠮ᠃ ᠭᠣᠣᠯ ᠪᠠᠶᠠᠯᠢᠭ ᠨᠢ ᠨᠧᠹᠲᠪᠠᠶᠢᠭᠠᠯᠢ ᠶᠢᠨ ᠬᠡᠢ.

ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ I ᠰᠠᠷ᠎ᠠ ᠳᠤ +16 °C, VII—VIII ᠰᠠᠷ᠎ᠠ ᠳᠤ +37 °C. ᠵᠢᠯ ᠳᠤ 90 ᠮᠢᠯᠯᠢᠮᠧᠲ᠋ᠷ ᠣᠷᠴᠢᠮ ᠲᠤᠨᠤᠳᠠᠰᠤ ᠤᠨᠠᠨ᠎ᠠ᠃ ᠲᠷᠣᠫᠢᠺ ᠤᠨ ᠴᠥᠯ ᠦᠨ ᠯᠠᠨᠳ᠋ᠱᠠᠹᠲ ᠲᠠᠢ᠃

ᠬᠦᠮᠦᠨ ᠠᠮᠠ ᠶᠢᠨ 85 ᠬᠤᠪᠢ ᠨᠢ ᠠᠷᠠᠪᠴᠤᠳ᠂ ᠮᠥᠨ ᠢᠷᠡᠨᠡᠨᠡᠳᠬᠡᠭᠫᠠᠺᠢᠰᠲᠠᠨ ᠭᠠᠷᠤᠯ ᠲᠠᠢ ᠬᠦᠮᠦᠰ ᠪᠤᠢ᠃ ᠠᠯᠪᠠᠨ ᠶᠣᠰᠣᠨ ᠤ ᠬᠡᠯᠡ ᠨᠢ ᠠᠷᠠᠪ.

ᠤᠯᠤᠰ ᠣᠷᠣᠨ ᠤ ᠡᠳ᠋ ᠍ ᠍ ᠦᠨ ᠵᠠᠰᠠᠭ ᠨᠢ ᠠᠮᠧᠷᠢᠺᠠ᠂ ᠶᠡᠬᠡ ᠪᠷᠢᠲ᠋ᠠᠨᠢ᠂ ᠥᠷᠥᠨᠡᠲᠦ ᠭᠧᠷᠮᠠᠨ ᠵᠡᠷᠭᠡ ᠣᠷᠣᠨ ᠤ ᠺᠠᠫᠢᠲ᠋ᠠᠯ ᠠᠴᠠ ᠶᠡᠬᠡᠬᠡᠨ ᠬᠠᠮᠢᠶᠠᠷᠤᠨ᠎ᠠ᠃ ᠬᠠᠷᠢᠨ ᠭᠣᠣᠯᠯᠯᠠᠬᠤ ᠰᠠᠯᠪᠤᠷᠢ ᠨᠤᠭᠤᠳ ᠨᠢ ᠤᠯᠤᠰ ᠤᠨ ᠬᠢᠨᠠᠯᠲᠠ ᠳᠤ ᠪᠠᠶᠢᠳᠠᠭ᠃ 1979 ᠣᠨ ᠳᠤ ᠪᠠᠶᠢᠭᠤᠯᠤᠭᠳᠠᠭᠰᠠᠨ ᠪᠠᠾᠷᠧᠢᠨ ᠤ ᠨᠧᠹᠲ ᠦᠨ ᠦᠨᠳᠦᠰᠦᠨ ᠦ ᠺᠣᠮᠫᠠᠨᠢ ᠨᠧᠹᠲ᠂ ᠪᠠᠶᠢᠭᠠᠯᠢ ᠶᠢᠨ ᠬᠡᠢ ᠶᠢᠨ ᠣᠷᠳᠣ ᠭᠠᠵᠠᠷ ᠢ ᠠᠰᠢᠭᠯᠠᠵᠤ ᠪᠠᠶᠢᠨ᠎ᠠ᠃ ᠬᠥᠩᠭᠡᠨᠴᠠᠭᠠᠨ ᠬᠠᠶᠢᠯᠠᠭᠤᠯᠬᠤ ᠦᠢᠯᠡᠳᠪᠦᠷᠢ᠂ ᠬᠥᠯᠥᠭ ᠣᠩᠭᠣᠴᠠ ᠵᠠᠰᠠᠪᠤᠷᠢ ᠶᠢᠨ ᠭᠠᠵᠠᠷ ᠲᠠᠢ᠂ ᠬᠤᠪᠢ ᠤᠨ ᠭᠠᠷ ᠤᠷᠠᠯᠠᠯ ᠬᠥᠭᠵᠢᠵᠡᠢ᠃

ᠬᠥᠳᠡᠭᠡ ᠠᠵᠤ ᠠᠬᠤᠢ ᠨᠢ ᠬᠥᠭᠵᠢᠯ ᠢᠶᠡᠷ ᠳᠣᠷᠣᠢ᠃ ᠪᠠᠶᠠᠨ ᠪᠦᠷᠢᠳᠦ ᠪᠡᠷ ᠭᠠᠵᠠᠷ ᠲᠠᠷᠢᠶᠠᠯᠠᠩ ᠡᠷᠬᠢᠯᠡᠵᠦ᠂ ᠡᠷᠳᠡᠨᠢ ᠰᠢᠰᠢ᠂ ᠪᠤᠭᠤᠳᠠᠢ᠂ ᠠᠷᠪᠠᠢ᠂ ᠨᠠᠨᠵᠢᠩ ᠴᠢᠪᠠᠭ᠎ᠠ᠂ ᠬᠦᠨᠡᠰᠦᠨ ᠦ ᠨᠣᠭᠣᠭ᠎ᠠ ᠲᠠᠷᠢᠶᠠᠯᠠᠨ᠎ᠠ᠃ ᠮᠠᠯ ᠠᠵᠤ ᠠᠬᠤᠢ ᠳᠤ ᠨᠢ ᠦᠬᠡᠷ᠂ ᠲᠡᠮᠡᠭᠡ᠂ ᠡᠯᠵᠢᠭᠡ ᠵᠣᠩᠬᠢᠯᠠᠨ᠎ᠠ᠃ ᠲᠡᠩᠭᠢᠰ ᠡᠴᠡ ᠰᠤᠪᠤᠳ ᠣᠯᠪᠤᠷᠢᠯᠠᠳᠠᠭ᠃

ᠭᠠᠳᠠᠭᠠᠳᠤ ᠳᠤ ᠨᠧᠹᠲ ᠦᠨ ᠪᠦᠲᠦᠭᠡᠭᠳᠡᠬᠦᠨ᠂ ᠬᠥᠩᠭᠡᠨ ᠴᠠᠭᠠᠨ᠂ ᠲᠡᠷᠡᠴᠢᠯᠡᠨ ᠨᠠᠨᠵᠢᠩ ᠴᠢᠪᠠᠭ᠎ᠠ᠂ ᠰᠤᠪᠳᠠᠨ ᠡᠳ᠋ᠯᠡᠯ ᠭᠠᠷᠭᠠᠵᠤ᠂ ᠭᠠᠳᠠᠭᠠᠳᠤ ᠠᠴᠠ ᠠᠵᠤ ᠦᠢᠯᠡᠳᠪᠦᠷᠢ ᠶᠢᠨ ᠪᠠᠷᠠᠭ᠎ᠠ᠂ ᠲᠣᠨᠣᠭ ᠲᠥᠬᠥᠭᠡᠷᠦᠮᠵᠢ᠂ ᠪᠠᠷᠢᠯᠭ᠎ᠠ ᠶᠢᠨ ᠮᠠᠲ᠋ᠧᠷᠢᠶᠠᠯ᠂ ᠬᠦᠨᠡᠰᠦᠨ ᠦ ᠵᠦᠢᠯ ᠠᠪᠳᠠᠭ᠃

ᠪᠠᠾᠷᠧᠶᠢᠨ ᠨᠢ 19 ᠵᠠᠭᠤᠨ ᠤ II ᠬᠠᠭᠠᠰ ᠠᠴᠠ ᠠᠩᠭᠯᠢ ᠶᠢᠨ ᠢᠪᠡᠭᠡᠯ ᠳᠦ ᠪᠠᠶᠢᠭᠰᠠᠨ ᠢᠶᠠᠨ 1971 ᠣᠨ ᠤ VIII ᠰᠠᠷ᠎ᠠ ᠳᠤ ᠲᠤᠰᠠᠭᠠᠷ ᠲᠣᠭᠲᠠᠨᠢᠭᠰᠠᠨ ᠤᠯᠤᠰ ᠪᠣᠯᠵᠠᠢ᠃

ᠪᠠᠾᠷᠧᠶᠢᠨ ᠨᠢ ᠦᠨᠳᠦᠰᠦᠨ ᠬᠠᠤᠯᠢ ᠳᠤ ᠬᠠᠭᠠᠨᠲᠤ ᠤᠯᠤᠰ ᠶᠤᠮ᠃

ᠮᠥᠩᠭᠥᠨ ᠦ ᠨᠢᠭᠡᠴᠡ ᠨᠢ ᠪᠠᠾᠷᠧᠶᠢᠨ ᠳ᠋ᠢᠨᠠᠷ᠃[3]

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

  1. 1.0 1.1 1.2 1.3 1.4 《Bangladesh》. International Monetary Fund.
  2. 《Human Development Report 2010. Human development index trends: Table G》. The United Nations
  3. ᠬᠡᠦᠬᠡᠳ ᠵᠠᠯᠠᠭᠤᠴᠤᠳ ᠤᠨ ᠨᠡᠪᠲᠡᠷᠬᠡᠢ ᠲᠣᠯᠢ᠃ III ᠪᠣᠲᠢ᠃ «ᠳᠡᠯᠡᠬᠡᠢ᠂ ᠬᠦᠮᠦᠨ ᠲᠥᠷᠥᠯᠬᠢᠲᠡᠨ» (1988). 71 ᠍ ᠍ ᠳᠦᠭᠡᠷ ᠲᠠᠯ᠎ᠠ᠃ «ᠪᠠᠾᠷᠧᠢ ᠶᠢᠨ»

ᠪᠢᠴᠢᠭᠡᠰᠦ