ᠪᠠᠷᠰᠧᠯᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠪᠠᠷᠰᠧᠯᠤᠨᠠ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠢᠰᠫᠠᠨᠢ ᠤᠯᠤᠰ ᠤᠨ ᠬᠣᠶᠠᠳᠤᠭᠠᠷ ᠶᠡᠬᠡ ᠬᠣᠲᠠ᠂ ᠰᠠᠶᠠᠲᠠᠨ ᠬᠣᠲᠠ᠂ ᠣᠷᠣᠨ ᠤ ᠲᠥᠪ
 Ciudad de Barcelona
 Ciutat de Barcelona
ᠪᠠᠷᠰᠧᠯᠠᠨ ᠬᠣᠲᠠ
ᠰᠦᠯᠳᠡ ᠲᠤᠭ ᠰᠦᠯᠳᠡ ᠲᠡᠮᠳᠡᠭ
ᠰᠦᠯᠳᠡ ᠲᠤᠭ ᠰᠦᠯᠳᠡᠲᠡᠮᠳᠡᠭ
ᠤᠯᠤᠰ ᠣᠷᠣᠨ Flag of Spain.svg ᠢᠰᠫᠠᠨᠢ
ᠡᠷᠬᠡᠲᠦ ᠣᠷᠣᠨ ᠺᠠᠲ᠋ᠠᠯᠣᠨ
ᠵᠠᠰᠠᠭ ᠵᠠᠬᠢᠷᠭᠠᠨ ᠤ ᠨᠢᠭᠡᠴᠡ ᠰᠠᠭᠤᠷᠢᠨ ᠭᠠᠵᠠᠷ
ᠨᠤᠲᠤᠭ ᠤᠨ ᠬᠤᠪᠢᠶᠠᠷᠢ 10 ᠳᠡᠭᠦᠷᠭᠡ ᠳᠦ ᠬᠤᠪᠢᠶᠠᠭᠳᠠᠨ᠎ᠠ
ᠭᠠᠵᠠᠷ ᠨᠤᠲᠤᠭ 100 км²
ᠬᠦᠮᠦᠨ ᠠᠮᠠ (2011) 1,615,448 ᠬᠦᠮᠦᠨ[1]

ᠪᠠᠷᠰᠧᠯᠠᠨ [ᠪᠠᠷᠰᠧᠯᠠ́ᠨ] (ᠺᠠᠲ᠋ᠠᠯᠤᠨ ᠢᠶᠠᠷ Barcelona [bəɾsəˈɫonə], ᠢᠰᠫᠠᠨᠢ ᠪᠠᠷ Barcelona [baɾθeˈlona]) → ᠪᠠᠷᠰᠧᠯᠤᠨᠠ) — ᠢᠰᠫᠠᠨᠢ ᠤᠯᠤᠰ ᠤᠨ ᠺᠠᠲ᠋ᠠᠯᠣᠨ ᠣᠷᠣᠨ ᠤ ᠵᠠᠰᠠᠭ ᠵᠠᠬᠢᠷᠭᠠᠨ ᠤ ᠲᠥᠪ᠂ 1 ᠰᠠᠶ᠎ᠠ 600 ᠮᠢᠩᠭᠠᠨ ᠬᠦᠮᠦᠨ ᠲᠡᠢ᠂ 100 км² ᠭᠠᠵᠠᠷ ᠨᠤᠲᠤᠭ ᠲᠠᠢ ᠬᠣᠲᠠ.[1] ᠪᠠᠷᠰᠧᠯᠠᠨ ᠬᠣᠲᠠ ᠶᠢ ᠠᠭᠤᠯᠠᠭᠰᠠᠨ ᠪᠠᠷᠰᠧᠯᠠᠨ ᠠᠶᠢᠮᠠᠭ ᠬᠣᠲᠠ ᠠᠴᠠ ᠪᠠᠨ 70 ᠳ᠋ᠠᠬᠢᠨ ᠲᠣᠮᠣ ᠭᠠᠵᠠᠷ᠂ 3 ᠳ᠋ᠠᠬᠢᠨ ᠣᠯᠠᠨ ᠣᠷᠣᠰᠢᠨ ᠰᠠᠭᠤᠭᠴᠢ ᠲᠠᠢ᠃ ᠡᠭᠦᠨ ᠡᠴᠡ 3 ᠰᠠᠶ᠎ᠠ ᠨᠢ ᠪᠠᠷᠰᠧᠯᠠᠨ ᠪᠠ ᠲᠡᠭᠦᠨ ᠦ ᠡᠷᠭᠢᠨ ᠲᠣᠭᠣᠷᠢᠨ ᠳᠤ ᠪᠤᠶᠤ ᠪᠠᠷᠰᠧᠯᠠᠨ ᠬᠣᠲᠠ ᠶᠢᠨ ᠪᠥᠭᠡᠭᠡᠨᠡᠷᠡᠯ ᠳᠤ ᠣᠷᠣᠰᠢᠨ ᠰᠠᠭᠤᠳᠠᠭ᠃

ᠬᠥᠯᠪᠥᠮᠪᠥᠭᠡ ᠶᠢᠨ «ᠪᠠᠷᠰᠧᠯᠤᠨᠠ»᠂ «ᠡᠰᠫᠠᠨᠣᠯ»᠂ ᠰᠠᠭᠰᠤᠨ ᠪᠥᠮᠪᠥᠭᠡ ᠶᠢᠨ «ᠪᠠᠷᠰᠧᠯᠤᠨᠠ» ᠵᠡᠷᠭᠡ ᠪᠠᠭ ᠬᠣᠲᠠ ᠶᠢᠨ ᠢᠶᠠᠨ ᠨᠡᠷ᠎ᠡ ᠶᠢ ᠥᠨᠳᠦᠷ ᠲᠦ ᠡᠷᠭᠦᠵᠦ ᠶᠠᠪᠤᠳᠠᠭ᠃ ᠮᠥᠨ 1992 ᠣᠨ ᠤ ᠵᠤᠨ ᠤ ᠣᠯᠢᠮᠫᠢᠺ ᠤᠨ XXV ᠨᠠᠭᠠᠳᠤᠮ ᠪᠠᠷᠰᠧᠯᠤᠨ ᠳᠤ ᠪᠣᠯᠵᠤ᠂ 170 ᠣᠷᠣᠨ ᠤ 9356 ᠲᠠᠮᠢᠷᠴᠢᠨ 286 ᠪᠠᠭᠴᠠ ᠮᠧᠳᠠᠯ ᠤᠨ ᠲᠥᠯᠦᠭᠡ ᠥᠷᠢᠰᠦᠯᠳᠦᠵᠦ ᠪᠠᠶᠢᠴᠠᠢ᠃

ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠰᠧᠯᠠᠨ ᠬᠣᠲᠠ ᠨᠢ ᠵᠤᠨ ᠤ ᠣᠯᠢᠮᠫᠢᠺ ᠵᠣᠬᠢᠶᠠᠨ ᠪᠠᠶᠢᠭᠤᠯᠤᠭᠰᠠᠨ ᠠᠴᠠ ᠬᠣᠶᠢᠰᠢ ᠳᠡᠯᠡᠬᠡᠢ ᠶᠢᠨ ᠠᠶᠠᠯᠠᠯ ᠵᠢᠭᠤᠯᠴᠢᠯᠠᠯ ᠤᠨ ᠬᠠᠷᠠᠭᠠᠨ ᠳᠤ ᠥᠷᠲᠦᠵᠦ 1990 ᠣᠨ ᠳᠤ 1,7 ᠰᠠᠶ᠎ᠠ ᠢᠷᠡᠳᠡᠭ ᠪᠠᠶᠢᠭᠰᠠᠨ ᠭᠠᠳᠠᠨ᠎ᠠ ᠶᠢᠨ ᠵᠢᠭᠤᠯᠴᠢᠳ 2012 ᠣᠨ ᠳᠤ 7,4 ᠰᠠᠶ᠎ᠠ ᠳᠤ ᠬᠦᠷᠴᠦ ᠬᠣᠲᠠ ᠶᠢᠨ ᠬᠦᠮᠦᠨ ᠠᠮᠠ ᠠᠴᠠ 5 ᠳ᠋ᠠᠬᠢᠨ ᠳᠠᠪᠠᠵᠠᠢ᠃ ᠠᠶᠠᠯᠠᠯ ᠵᠢᠭᠤᠯᠴᠢᠯᠠᠯ ᠪᠠᠷᠰᠧᠯᠤᠨ ᠳᠤ ᠪᠠᠭ ᠦᠭᠡᠢ ᠣᠷᠣᠯᠭ᠎ᠠ ᠶᠢᠨ ᠡᠬᠢ ᠡᠭᠦᠰᠪᠦᠷᠢ ᠪᠣᠯᠵᠤ ᠬᠣᠲᠠ ᠶᠢᠨ ᠬᠥᠭᠵᠢᠯᠳᠦ ᠨᠡᠮᠡᠷᠢ ᠪᠣᠯᠤᠭᠰᠠᠨ ᠪᠣᠯᠪᠠᠴᠤ ᠰᠡᠭᠦᠯ ᠦᠨ ᠵᠢᠯ ᠤᠨᠳ ᠲᠤ ᠢᠯᠠᠩᠭᠤᠶ᠎ᠠ ᠧᠦ᠋ᠷᠣᠫᠠ ᠶᠢᠨ ᠵᠢᠭᠤᠯᠴᠢᠳ ᠬᠣᠲᠠ ᠶᠢᠨ ᠢᠷᠭᠡᠳ ᠦᠨ ᠠᠮᠤᠭᠤᠯᠠᠩ ᠲᠠᠶᠢᠪᠤᠩ ᠪᠠᠶᠢᠳᠠᠯ ᠢ ᠠᠯᠳᠠᠭᠳᠠᠭᠤᠯᠤᠨ ᠠᠷᠢᠬᠢᠳᠠᠬᠤ᠂ ᠲᠠᠩᠬᠠᠶᠢᠷᠠᠬᠤ᠂ ᠬᠣᠭ ᠲᠠᠷᠢᠬᠤ ᠪᠠᠶᠢᠳᠠᠯ ᠭᠠᠵᠠᠷ ᠠᠪᠴᠤ ᠢᠷᠭᠡᠳ ᠦᠨ ᠳᠤᠷᠭᠤᠶᠢᠴᠡᠯ ᠢ ᠲᠥᠷᠦᠭᠦᠯᠬᠦ ᠪᠣᠯᠤᠭᠰᠠᠨ ᠪᠠᠶᠢᠨ᠎ᠠ᠃ 2014 ᠣᠨ ᠤ ᠵᠤᠨ ᠬᠡᠰᠡᠭ ᠢᠲ᠋ᠠᠯᠢ ᠵᠢᠭᠤᠯᠴᠢᠨ ᠵᠠᠯᠠᠭᠤᠰ ᠬᠣᠲᠠ ᠪᠠᠷ ᠨᠢᠴᠦᠭᠦᠨ ᠣᠭᠲᠣ ᠬᠤᠪᠴᠠᠰᠤ ᠦᠭᠡᠢ ᠶᠠᠪᠤᠵᠤ ᠲᠠᠩᠬᠠᠶᠢᠷᠠᠭᠰᠠᠨ ᠨᠢ ᠪᠠᠷᠰᠧᠯᠠᠨᠴᠢ ᠨᠤᠭᠤᠳ ᠤᠨ ᠲᠡᠪᠴᠢᠶᠡᠷᠢ ᠶᠢ ᠵᠠᠳᠠ ᠲᠠᠯᠪᠢᠬᠤ ᠳᠤ ᠬᠦᠷᠭᠡᠵᠦ ᠢᠷᠭᠡᠳ ᠣᠯᠠᠨ ᠵᠤᠭ᠎ᠠ ᠪᠠᠷ ᠢᠶᠠᠨ ᠪᠣᠰᠴᠢ ᠵᠢᠭ᠌ᠰᠠᠵᠠᠢ᠃ [2] ᠮᠥᠨ ᠧᠦ᠋ᠷᠣᠫᠠ ᠶᠢᠨ ᠵᠢᠭᠤᠯᠴᠢᠯᠠᠯ ᠤᠨ ᠪᠠᠶᠢᠭᠤᠯᠤᠯᠭ᠎ᠠ ᠠᠴᠠ ᠭᠠᠷᠭᠠᠭᠰᠠᠨ ᠠᠩᠬᠠᠷᠠᠭᠤᠯᠭ᠎ᠠ ᠪᠠᠷ ᠪᠠᠷᠰᠧᠯᠠᠨ ᠬᠣᠲᠠ ᠨᠢ ᠧᠦ᠋ᠷᠣᠫᠠ ᠶᠢᠨ ᠬᠠᠮᠤᠭ ᠤᠨ ᠶᠡᠬᠡ ᠬᠠᠯᠠᠭᠠᠰᠤᠨ ᠤ ᠬᠤᠯᠠᠭᠠᠢ ᠲᠠᠢ ᠬᠣᠲᠠ ᠪᠠᠷ 2012 ᠣᠨ ᠳᠤ ᠲᠣᠳᠣᠷᠠᠵᠠᠢ᠃[3] ᠪᠠᠷᠰᠧᠯᠤᠨ ᠤ ᠳᠠᠷᠠᠭ᠎ᠠ ᠫᠠᠷᠢᠰᠯᠣᠨᠳᠣᠨ ᠬᠣᠲᠠ ᠨᠤᠭᠤᠳ ᠬᠠᠯᠠᠭᠠᠰᠤᠨ ᠤ ᠬᠤᠯᠠᠭᠠᠢ ᠶᠢᠨ ᠭᠡᠮᠲᠦ ᠬᠡᠷᠡᠭ ᠢᠶᠡᠷ ᠢᠶᠡᠨ ᠵᠢᠭ᠌ᠰᠠᠵᠠᠢ᠃[4] [5]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠪᠠᠷᠰᠧᠯᠠᠨ

ᠪᠢᠴᠢᠭᠡᠰᠦ