ᠪᠠᠷᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Bargu.PNG
ᠪᠠᠷᠭᠤ ᠶᠠᠰᠤᠲᠠᠨ
ᠥᠨᠥ ᠶᠢᠨ ᠪᠠᠶᠢᠳᠠᠯ
ᠨᠤᠲᠤᠭ ᠣᠷᠣᠨᠪᠦᠭᠦᠳᠡ — 90 ᠮᠢᠩᠭ᠎ᠠ. ᠡᠭᠦᠨ ᠡᠴᠡ:
Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ) — 85,803
ᠮᠣᠩᠭᠣᠯ ᠮᠣᠩᠭᠣᠯ (ᠮᠣᠩᠭᠣᠯ ᠤᠯᠤᠰ) — 2,989 (2010)[1]
ᠬᠡᠯᠡ ᠠᠶᠠᠯᠭᠤᠮᠣᠩᠭᠣᠯ ᠬᠡᠯᠡ (ᠲᠥᠪ ᠤᠮᠠᠷᠠᠳᠤ ᠶᠢᠨ ᠵᠠᠪᠰᠠᠷ ᠤᠨ ᠠᠶᠠᠯᠭᠤ)
ᠪᠢᠴᠢᠭ ᠦᠰᠦᠭᠬᠤᠳᠤᠮ ᠮᠣᠩᠭᠣᠯ ᠦᠰᠦᠭᠮᠣᠩᠭᠣᠯ ᠺᠢᠷᠢᠯ ᠦᠰᠦᠭ
ᠰᠢᠲᠦᠯᠭᠡDharma Wheel.svg ᠪᠤᠳ᠋ᠳ᠋ᠾᠠ ᠶᠢᠨ ᠱᠠᠰᠢᠨ ᠤ ᠪᠤᠶᠠᠨ ᠤ ᠶᠣᠰᠣ (ᠰᠢᠷ᠎ᠠ ᠶᠢᠨ ᠱᠠᠰᠢᠨ),
ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ
ᠲᠥᠷᠥᠯ ᠬᠣᠯᠪᠣᠭ᠎ᠠ
ᠣᠶᠢᠷ᠎ᠠ ᠲᠥᠷᠥᠯᠪᠤᠷᠢᠶᠠᠳ ᠮᠡᠲᠦ ᠶᠢᠨ ᠪᠤᠰᠤᠳ ᠮᠣᠩᠭᠣᠯ ᠦᠨᠳᠦᠰᠦᠲᠡᠨ
ᠬᠡᠯᠡ ᠤᠭᠰᠠᠭ᠎ᠠᠮᠣᠩᠭᠣᠯ ᠤᠭᠰᠠᠭᠠᠲᠠᠨ / ᠮᠣᠩᠭᠣᠯ ᠬᠡᠯᠡᠲᠡᠨ

ᠪᠠᠷᠭᠤ - ᠬᠠᠭᠤᠴᠢᠨ ᠤ ᠨᠢᠭᠡᠨ ᠮᠣᠩᠭᠣᠯ ᠠᠶᠢᠮᠠᠭ᠂ ᠣᠳᠣ ᠶᠢᠨ ᠮᠣᠩᠭᠣᠯ ᠦᠨᠳᠦᠰᠦᠲᠡᠨ ᠦ ᠨᠢᠭᠡᠨ ᠶᠠᠰᠤᠲᠠᠨ. ᠡᠳᠦᠭᠡ ᠶᠡᠬᠡᠩᠬᠢ ᠪᠠᠷᠤᠭ ᠤᠳ ᠥᠪᠥᠷ ᠮᠣᠩᠭᠣᠯ ᠍ ᠍ ᠤᠨ ᠬᠥᠯᠦᠨ ᠪᠤᠶᠢᠷᠲ᠂ ᠴᠥᠭᠡᠩᠬᠢ ᠬᠡᠰᠡᠭ ᠮᠣᠩᠭᠣᠯ ᠤᠯᠤᠰ ᠍ ᠍ ᠤᠨ ᠳᠣᠷᠣᠨᠠᠲᠤᠲᠥᠪ ᠠᠶᠢᠮᠠᠭ ᠲᠤ ᠲᠥᠪᠯᠡᠨ ᠰᠠᠭᠤᠷᠢᠰᠢᠵᠠᠢ᠃ ᠪᠠᠷᠤᠭ ᠤᠳ ᠤᠨ ᠬᠡᠯᠡᠯᠴᠡᠬᠦ ᠠᠶᠠᠯᠭᠤ ᠨᠢ ᠪᠤᠷᠢᠶᠠᠳ ᠠᠶᠠᠯᠭᠤᠲᠠᠢ ᠢᠯᠡᠭᠦᠦ ᠣᠶᠢᠷ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠭᠤ ᠨᠢ 11, 12 ᠍ ᠍ ᠳᠦᠭᠡᠷ ᠵᠠᠭᠤᠨ ᠤ ᠦᠶ᠎ᠡ ᠳᠦ ᠪᠠᠶᠢᠭᠠᠯ ᠨᠠᠭᠤᠷ ᠍ ᠍ ᠤᠨ ᠵᠡᠭᠦᠨ ᠪᠡᠶ᠎ᠡ ᠪᠠᠷᠭᠠᠵᠢᠨ ᠲᠥᠬᠥᠮ ᠢᠶᠡᠷ ᠨᠤᠲᠤᠭᠯᠠᠵᠤ ᠪᠠᠶᠢᠭᠰᠠᠨ ᠲᠤᠬᠠᠢ ᠰᠤᠳᠤᠯᠤᠭᠠᠴᠢᠳ ᠪᠢᠴᠢᠭᠰᠡᠨ ᠪᠠᠶᠢᠳᠠᠭ᠃ ᠮᠣᠩᠭᠣᠯ ᠤᠨ ᠨᠢᠭᠤᠴᠠ ᠲᠣᠪᠴᠢᠶᠠᠨ ᠳᠤ ᠲᠡᠮᠳᠡᠭᠯᠡᠭᠰᠡᠨ ᠢᠶᠡᠷ ᠪᠠᠷᠭᠠᠵᠢᠨ ᠠᠶᠢᠮᠠᠭ ᠢ ᠪᠠᠷᠭᠤᠳᠠᠢ ᠮᠡᠷᠭᠡᠨ ᠵᠠᠬᠢᠷᠴᠢ ᠪᠠᠶᠢᠭᠰᠠᠨ ᠪᠥᠭᠡᠳ ᠲᠡᠭᠦᠨ ᠦ ᠥᠬᠢᠨ ᠪᠠᠷᠭᠤᠵᠢᠨ ᠭᠤᠸ᠎ᠠ ᠠᠴᠠ ᠲᠦᠷᠦᠭᠰᠡᠨ ᠴᠢᠩᠭᠢᠰ ᠬᠠᠭᠠᠨ ᠤ ᠳᠡᠭᠡᠳᠦ ᠤᠳᠤᠮ ᠤᠨ ᠠᠯᠤᠩᠭᠤᠸ᠎ᠠ ᠡᠬᠡ ᠪᠣᠯᠤᠨ᠎ᠠ᠃

ᠪᠠᠷᠭᠤ ᠨᠢ 13 ᠍ ᠍ ᠳᠦᠭᠡᠷ ᠵᠠᠭᠤᠨ ᠤ ᠦᠶ᠎ᠡ ᠳᠦ ᠶᠡᠬᠡ ᠮᠣᠩᠭᠣᠯ ᠤᠯᠤᠰ ᠍ ᠍ ᠤᠨ ᠪᠦᠷᠢᠯᠳᠦᠬᠦᠨ ᠳᠦ ᠪᠠᠭᠳᠠᠵᠣ ᠪᠠᠶᠢᠭᠰᠠᠨ᠂ 15 ᠍ ᠍ ᠳᠦᠭᠡᠷ ᠵᠠᠭᠤᠨ ᠤ ᠦᠶ᠎ᠡ ᠳᠦ ᠣᠶᠢᠷᠠᠳ ᠍ ᠍ ᠤᠨ ᠪᠦᠷᠢᠯᠳᠦᠬᠦᠨ ᠳᠦ ᠪᠠᠭᠳᠠᠵᠣ ᠪᠠᠶᠢᠭᠰᠠᠨ ᠪᠠ ᠣᠶᠢᠷᠠᠳ ᠢ ᠪᠠᠷᠠᠭᠤᠨ ᠵᠦᠭ ᠨᠡᠭᠦᠳᠡᠯᠯᠡᠬᠦ ᠳᠦ ᠵᠡᠭᠦᠨ ᠮᠣᠩᠭᠣᠯ ᠳᠤ ᠦᠯᠡᠳᠡᠭᠰᠡᠨ᠃ 17-18 ᠍ ᠍ ᠳᠦᠭᠡᠷ ᠵᠠᠭᠤᠨ ᠤ ᠦᠶ᠎ᠡ ᠳᠦ ᠣᠷᠣᠰ ᠤᠨ ᠡᠵᠡᠨᠲᠦ ᠭᠦᠷᠦᠨ ᠭᠠᠵᠠᠷ ᠨᠤᠲᠤᠭ ᠢᠶᠠᠨ ᠲᠡᠯᠡᠬᠦ ᠳᠦ ᠲᠦᠷᠢᠭᠳᠡᠨ ᠪᠠᠷᠭᠠᠵᠢᠨ ᠲᠥᠬᠥᠮ ᠨᠤᠲᠤᠭ ᠢᠶᠠᠨ ᠣᠷᠬᠢᠨ᠂ ᠬᠠᠯᠬ᠎ᠠ ᠍ ᠍ ᠤᠨ ᠰᠡᠴᠡᠨ ᠬᠠᠨ ᠠᠶᠢᠮᠠᠭ ᠤᠨ ᠪᠡᠶᠢᠰᠡ ᠵᠠᠩᠴᠢᠪᠦᠳᠣᠷᠵᠢ᠂ ᠪᠡᠶᠢᠯᠡ ᠸᠠᠩᠴᠢᠨ᠂ ᠸᠠᠩ ᠳᠣᠷᠵᠢᠵᠠᠨ᠂ ᠵᠠᠰᠠᠭ ᠱᠠᠭᠳᠤᠷᠵᠠᠪ ᠤᠨ ᠵᠡᠷᠭᠡ ᠬᠡᠳᠦᠨ ᠬᠣᠰᠢᠭᠤᠨ ᠳᠤ ᠬᠠᠷᠢᠶᠠᠯᠠᠭᠳᠠᠵᠤ ᠪᠠᠶᠢᠭᠠᠳ ᠨᠣᠶᠠᠳ ᠤᠨ ᠳᠠᠷᠤᠯᠠᠯ ᠠᠴᠠ ᠵᠠᠶᠢᠯᠠᠨ 1734 ᠣᠨ ᠳᠤ ᠮᠠᠨᠵᠤ ᠶᠢᠨ ᠨᠠᠶᠢᠷᠠᠯᠲᠤ ᠲᠥᠪ ᠬᠠᠭᠠᠨ ᠳᠤ ᠡᠷᠭᠦᠨ ᠮᠡᠳᠡᠭᠦᠯᠦᠭᠰᠡᠨ ᠢᠶᠡᠷ ᠬᠥᠯᠦᠨ ᠪᠤᠶᠢᠷ ᠲᠤ ᠨᠡᠭᠦᠳᠡᠯᠯᠡᠨ ᠢᠷᠡᠵᠦ ᠰᠢᠨ᠎ᠡ ᠪᠠᠷᠭᠤ ᠬᠡᠮᠡᠨ ᠨᠡᠷᠡᠯᠡᠭᠳᠡᠬᠦ ᠪᠣᠯᠤᠭᠰᠠᠨ ᠠᠵᠡᠢ᠃

1911 ᠣᠨ ᠤ 12 ᠍ ᠍ ᠳᠦᠭᠡᠷ ᠰᠠᠷ᠎ᠠ ᠶᠢᠨ 29 ᠍ ᠍ ᠳᠦ ᠣᠯᠠᠨ᠎ᠠ ᠡᠷᠭᠦᠭᠳᠡᠭᠰᠡᠨ ᠪᠣᠭᠳᠠ ᠬᠠᠭᠠᠨ ᠲᠤ ᠮᠣᠩᠭᠣᠯ ᠤᠯᠤᠰ ᠲᠤᠩᠬᠠᠭᠯᠠᠭᠰᠠᠨ ᠠᠴᠠ 15 ᠬᠣᠨᠣᠭ ᠤᠨ ᠳᠠᠷᠠᠭ᠎ᠠ ᠬᠥᠯᠦᠨ ᠪᠤᠶᠢᠷ ᠲᠤ ᠦᠨᠳᠦᠰᠦᠨ ᠦ ᠡᠷᠬᠡ ᠴᠢᠯᠦᠭᠡᠨ ᠦ ᠲᠡᠮᠡᠴᠡᠯ ᠭᠠᠷᠴᠤ᠂ ᠬᠠᠶᠢᠯᠠᠷ ᠬᠣᠲᠠ ᠶᠢ ᠬᠢᠲᠠᠳ ᠲᠦᠰᠢᠮᠡᠯ ᠡᠴᠡ ᠴᠢᠯᠦᠭᠡᠯᠡᠵᠦ᠂ ᠪᠠᠷᠭᠤ ᠶᠢᠨ ᠨᠣᠶᠠᠳ ᠬᠤᠷᠠᠯᠳᠤᠨ᠂ ᠪᠣᠭᠳᠠ ᠬᠠᠭᠠᠨᠲᠤ ᠮᠣᠩᠭᠣᠯ ᠤᠯᠤᠰ ᠲᠤ ᠨᠢᠭᠡᠳᠬᠦ ᠪᠡᠷ ᠰᠢᠢᠳᠪᠦᠷᠢᠯᠡᠵᠦ᠂ ᠲᠡᠮᠡᠴᠡᠯ ᠢ ᠮᠠᠩᠯᠠᠶᠢᠯᠠᠭᠴᠢᠳ ᠤᠨ ᠨᠢᠭᠡ ᠰᠤᠮᠤᠨ ᠵᠠᠩᠭᠢ ᠵ᠃ ᠳᠠᠮᠳᠢᠨᠰᠦ᠋ᠷᠦᠩ (ᠮᠠᠩᠯᠠᠶᠢᠪᠠᠭᠠᠲᠤᠷ ᠳᠠᠮᠳᠢᠨᠰᠦ᠋ᠷᠦᠩ) ᠵᠢᠷᠭᠤᠭᠠᠨ ᠨᠥᠬᠥᠷ ᠦᠨ ᠬᠠᠮᠲᠤ ᠶᠡᠬᠡ ᠬᠦᠷᠢᠶ᠎ᠡᠨᠳ ᠢᠷᠡᠵᠦ ᠨᠢᠭᠡ ᠳᠦ ᠬᠢ ᠪᠢᠴᠢᠭ ᠢ ᠪᠠᠷᠢᠭᠰᠠᠨ ᠪᠠᠶᠢᠳᠠᠭ᠃ 1912 ᠣᠨ ᠤ ᠬᠣᠪᠳᠣ ᠶᠢᠨ ᠪᠠᠶᠢᠯᠳᠤᠭᠠᠨ᠂ 1913 ᠣᠨ ᠤ ᠥᠪᠥᠷ ᠮᠣᠩᠭᠣᠯ ᠍ ᠍ ᠢ ᠴᠢᠯᠦᠭᠡᠯᠡᠬᠦ ᠲᠠᠪᠤᠨ ᠵᠠᠮ ᠤᠨ ᠪᠠᠶᠢᠯᠳᠤᠭᠠᠨ ᠳᠤ ᠪᠠᠷᠤᠭ ᠤᠳ ᠤᠨ ᠳᠤᠮᠳᠠ ᠠᠴᠠ ᠨᠢᠭᠡ ᠴᠡᠷᠢᠭ ᠦᠨ ᠵᠠᠩᠵᠤᠨ᠂ 10 ᠭᠠᠷᠤᠢ ᠪᠠᠭᠠᠲᠤᠷ ᠲᠦᠷᠦᠭᠰᠡᠨ ᠪᠠᠶᠢᠨ᠎ᠠ᠃

1928 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠪᠠᠷ ᠳᠡᠮᠵᠢᠭᠳᠡᠵᠦ ᠡᠳᠦᠭᠡᠭᠳᠡᠭᠰᠡᠨ᠂ ᠳᠠᠭᠤᠷ ᠬᠦᠮᠦᠨ ᠮᠡᠷᠰᠡ ᠪᠡᠨᠭᠡᠷ᠎ᠡ ᠤᠳᠤᠷᠢᠳᠤᠭᠤᠯᠤᠭᠰᠠᠨ ᠪᠠᠷᠭᠤ ᠶᠢᠨ ᠵᠡᠪᠰᠡᠭᠲᠦ ᠪᠣᠰᠤᠯᠭ᠎ᠠ ᠭᠣᠮᠢᠨᠳᠠᠨ ᠤ ᠵᠠᠰᠠᠭ ᠤᠨ ᠪᠣᠳᠣᠯᠭ᠎ᠠ ᠶᠢ ᠡᠰᠡᠷᠭᠦᠴᠡᠨ ᠬᠥᠯᠦᠨ ᠪᠤᠶᠢᠷ ᠲᠤ ᠳᠡᠭᠳᠡᠵᠦ᠂ ᠤᠳᠠᠯ ᠦᠭᠡᠢ ᠬᠦᠴᠦᠩᠳᠡ ᠠᠪᠲᠠᠭᠳᠠᠨ ᠳᠠᠷᠤᠭᠳᠠᠵᠤ ᠪᠠᠶᠢᠭᠰᠠᠨ᠃

ᠪᠠᠷᠤᠭ ᠤᠳ ᠬᠥᠯᠦᠨ ᠪᠤᠶᠢᠷ ᠠᠴᠠ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠳᠦ 1912, 1916-1917, 1928, 1946 ᠣᠨ ᠨᠤᠭᠤᠳ ᠲᠤ ᠲᠤᠰ ᠲᠤᠰ ᠨᠡᠭᠦᠳᠡᠯᠯᠡᠨ ᠢᠷᠡᠵᠦ᠂ ᠳᠣᠷᠣᠨᠠᠲᠤ ᠠᠶᠢᠮᠠᠭ ᠤᠨ ᠭᠤᠷᠪᠠᠨᠵᠠᠭᠠᠯᠬᠥᠯᠦᠨ ᠪᠤᠶᠢᠷ᠂ ᠲᠥᠪ ᠠᠶᠢᠮᠠᠭ ᠤᠨ ᠪᠠᠶᠠᠨᠰᠡᠷᠭᠦᠯᠡᠩ ᠰᠤᠮᠤ ᠳᠤ᠂ ᠤᠯᠠᠭᠠᠨᠪᠠᠭᠠᠲᠤᠷ ᠬᠣᠲᠠ ᠪᠣᠯᠤᠨ ᠪᠤᠰᠤᠳ ᠠᠶᠢᠮᠠᠭ᠂ ᠬᠣᠲᠠ ᠨᠤᠭᠤᠳ ᠲᠤ ᠠᠵᠤ ᠲᠥᠷᠥᠨ ᠠᠮᠢᠳᠤᠷᠠᠵᠤ ᠪᠠᠶᠢᠨ᠎ᠠ᠃

1949 ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠵᠤ᠂ ᠵᠠᠰᠠᠭ ᠵᠠᠬᠢᠷᠭᠠᠨ ᠤ ᠬᠤᠪᠢᠶᠠᠷᠢ ᠰᠢᠨᠡᠴᠢᠯᠡᠭᠳᠡᠬᠦ ᠳᠦ ᠬᠠᠭᠤᠴᠢᠨ᠂ ᠰᠢᠨ᠎ᠡ ᠪᠠᠷᠭᠤ ᠨᠡᠶᠢᠯᠡᠵᠦ ᠨᠢᠭᠡᠨ ᠬᠣᠰᠢᠭᠤ ᠶᠢ ᠪᠦᠷᠢᠳᠦᠭᠦᠯᠬᠦ ᠪᠣᠯᠵᠠᠢ᠃ ᠬᠠᠭᠤᠴᠢᠨ ᠪᠠᠷᠭᠤ ᠶᠢ ᠡᠪᠡᠩᠬᠡᠣᠷᠴᠢᠭᠠᠨᠳᠠᠭᠤᠷ ᠶᠠᠰᠤᠲᠠᠨ ᠨᠤᠭᠤᠳ ᠤᠨ ᠬᠠᠮᠲᠤ ᠰᠣᠯᠤᠭᠠᠨ ᠬᠣᠰᠢᠭᠤᠨ ᠳᠤ ᠬᠠᠷᠢᠶᠠᠯᠠᠭᠤᠯᠤᠭᠰᠠᠨ ᠪᠠᠶᠢᠨ᠎ᠠ᠃ᠪᠠᠷᠤᠭ ᠤᠳ ᠤᠨ ᠳ᠋ᠢᠢᠯᠦᠩᠬᠢ ᠬᠦᠮᠦᠨ ᠠᠮᠠ ᠥᠪᠥᠷ ᠮᠣᠩᠭᠣᠯ ᠤᠨ ᠬᠥᠯᠦᠨ ᠪᠤᠶᠢᠷ ᠠᠶᠢᠮᠠᠭ ᠲᠤ ᠪᠠᠷᠭᠤ 3 ᠬᠣᠰᠢᠭᠤᠨ ᠳᠤ ᠠᠵᠤ ᠲᠥᠷᠦᠵᠢ ᠪᠠᠶᠢᠨ᠎ᠠ᠃ᠰᠢᠨ᠎ᠡ ᠪᠠᠷᠭᠤ ᠶᠢᠨ 2 ᠬᠣᠰᠢᠭᠤ᠂ᠬᠠᠭᠤᠴᠢᠨ ᠪᠠᠷᠭᠤ ᠶᠢᠨ 1 ᠬᠣᠰᠢᠭᠤ ᠪᠠᠶᠢᠳᠠᠭ᠃ᠰᠢᠨ᠎ᠡ ᠪᠠᠷᠤᠭ ᠤᠳ ᠨᠢ ᠰᠢᠨ᠎ᠡ ᠪᠠᠷᠭᠤ ᠵᠡᠭᠦᠨ ᠬᠣᠰᠢᠭᠤᠨ ᠳᠤ 31.530 ᠬᠦᠮᠦᠨ᠂ᠰᠢᠨ᠎ᠡ ᠪᠠᠷᠭᠤ ᠪᠠᠷᠠᠭᠤᠨ ᠬᠣᠰᠢᠭᠤᠨ ᠳᠤ 28.370 ᠬᠦᠮᠦᠨ ᠠᠵᠤ ᠲᠥᠷᠦᠵᠢ ᠨᠡᠶᠢᠲᠡ 60.000 ᠠᠭ᠎ᠠ ᠳᠤ ᠪᠠᠶᠢᠨ᠎ᠠ᠃ᠬᠠᠷᠢᠨ ᠬᠠᠭᠤᠴᠢᠨ ᠪᠠᠷᠤᠭ ᠤᠳ ᠬᠠᠭᠤᠴᠢᠨ ᠪᠠᠷᠭᠤ ᠬᠣᠰᠢᠭᠤᠨ ᠳᠤ 26.000 ᠪᠠᠶᠢᠨ᠎ᠠ᠃

2009 ᠣᠨ ᠤ 1 ᠰᠠᠷ᠎ᠠ ᠶᠢᠨ 9 ᠍ ᠍ ᠤ ᠮᠡᠳᠡᠭᠡ ᠪᠡᠷ ᠳᠣᠷᠣᠨᠠᠲᠤ ᠠᠶᠢᠮᠠᠭ ᠤᠨ ᠭᠤᠷᠪᠠᠨᠵᠠᠭᠠᠯ ᠰᠤᠮᠤᠨ ᠳᠤ 400 ᠡᠷᠦᠬᠡ᠂ 1351 ᠬᠦᠮᠦᠨ ᠠᠮᠠ᠂ ᠬᠥᠯᠦᠨ ᠪᠤᠶᠢᠷ ᠰᠤᠮᠤᠨ ᠳᠤ 464 ᠡᠷᠦᠬᠡ ᠶᠢᠨ 1758 ᠬᠦᠮᠦᠨ ᠠᠮᠠ ᠪᠠᠷᠭᠤ ᠶᠠᠰᠤᠲᠠᠨ ᠳᠤ ᠲᠣᠭᠠᠯᠠᠭᠳᠠᠵᠠᠢ[2]᠃ ᠣᠳᠣ ᠪᠠᠷ ᠪᠠᠷᠤᠭ ᠤᠳ ᠨᠢ ᠮᠣᠩᠭᠣᠯ ᠤᠯᠤᠰ ᠤᠨ 13 ᠠᠶᠢᠮᠠᠭ᠂ 47 ᠰᠤᠮᠤᠨ ᠳᠤ 15 ᠪᠠᠷᠭᠤ ᠣᠪᠤᠭ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ 7 ᠮᠤᠵᠢ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ 19 ᠬᠣᠰᠢᠭᠤ᠂ 15 ᠭᠠᠴᠠᠭ᠎ᠠ᠂ ᠰᠢᠶᠠᠩ᠂ ᠬᠣᠲᠠ ᠨᠤᠭᠤᠳ ᠲᠤ 25 ᠪᠠᠷᠭᠤ ᠣᠪᠤᠭ ᠪᠣᠯᠤᠨ ᠲᠦᠺᠮᠧᠨ ᠤᠯᠤᠰ ᠲᠤ ᠪᠠᠶᠥᠷᠭᠤ ᠪᠠᠷᠭᠤ᠂ ᠬᠠᠰᠠᠺᠰᠲᠠᠨ ᠤᠯᠤᠰ ᠪᠤᠶᠤ ᠺᠠᠰᠭᠢᠷᠲ ᠪᠠᠶ ᠡᠦᠺᠣ ᠶᠢᠨ ᠪᠠᠷᠭᠤ ᠣᠪᠤᠭ ᠤᠳ ᠪᠠᠶᠢᠨ᠎ᠠ᠃[3]

ᠠᠯᠳᠠᠷᠲᠠᠢ ᠪᠠᠷᠭᠤ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠠᠩᠯᠠᠢ ᠪᠠᠭᠠᠲᠤᠷ ᠳᠠᠮᠳᠢᠨᠰᠦ᠋ᠷᠦᠩ
  • ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ᠂ ᠢᠷᠠᠭᠤ ᠨᠠᠶᠢᠷᠠᠭᠴᠢ ᠱ᠃ᠳᠤᠯᠮ᠎ᠠ ᠪᠠᠨ (ᠲᠥᠪ ᠠᠶᠢᠮᠠᠭ)

ᠪᠤᠰᠤᠳ ᠬᠣᠯᠪᠣᠭᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠠᠷᠭᠤ ᠰᠤᠳᠤᠯᠤᠭᠠᠴᠢ ᠰᠢᠷᠠᠢ ᠳᠤ ᠴ᠃ ᠲᠦᠮᠡᠨ᠃ ᠮᠣᠩᠭᠣᠯ ᠭᠣᠯᠣᠮᠲᠠ ᠪᠠᠨ ᠭᠡᠰᠡᠨ ᠪᠠᠷᠭᠤ ᠶᠢᠨ ᠠᠷᠠᠳ ᠲᠦᠮᠡᠨ ᠦ ᠲᠡᠮᠡᠴᠡᠯ᠂ ᠬᠤᠪᠢ ᠵᠠᠶᠠᠭ᠎ᠠ [2]
  • ᠴ᠃ᠨᠣᠷᠵᠢᠨ᠃ ᠬᠠᠭᠤᠴᠢᠨ ᠪᠠᠷᠭᠤ ᠬᠠᠮᠢᠭ᠎ᠠ ᠠᠴᠠ ᠢᠷᠡᠭᠰᠡᠨ ᠪᠤᠢ? [3]
http://wiki.uhaan.com/index.php?title=ᠪᠠᠷᠭᠤ&oldid=443251》 ᠍  ᠡᠴᠡ ᠠᠪᠤᠭᠰᠠᠨ

ᠪᠢᠴᠢᠭᠡᠰᠦ