ᠪᠠᠷᠪᠠᠳᠣᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠷᠪᠠᠳᠣᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: "ᠪᠠᠬᠠᠷᠬᠠᠯ᠂ ᠠᠵᠤ ᠦᠢᠯᠡᠳᠪᠦᠷᠢ"
ᠲᠥᠷᠥ ᠵᠠᠰᠠᠭ ᠫᠠᠷᠯᠠᠮᠧᠨᠲ ᠤᠨ ᠠᠷᠠᠳᠴᠢᠯᠠᠭᠰᠠᠨᠦᠨᠳᠦᠰᠦᠨ ᠬᠠᠤᠯᠢᠳᠤ ᠬᠠᠭᠠᠨᠲᠤ ᠵᠠᠰᠠᠭᠯᠠᠯ
 -  ᠬᠠᠲᠤᠨ ᠬᠠᠭᠠᠨ II ᠢᠯᠢᠽᠡᠪᠡᠢᠰ
 -  ᠶᠡᠷᠦᠩᠬᠡᠢ ᠵᠠᠬᠢᠷᠤᠭᠴᠢ ᠺᠯᠢᠹᠹᠣᠷ ᠲᠤ ᠬᠠᠽᠪᠦ ᠳᠦᠰ
 -  ᠶᠡᠷᠦᠩᠬᠡᠢ ᠰᠠᠶᠢᠳ ᠹᠷᠠᠨᠳᠧᠯ ᠰᠲ᠋ᠶᠤᠸᠠᠷᠲ
 -  ᠭᠠᠳᠠᠷᠭᠤ ᠶᠢᠨ ᠤᠰᠤ (%) ᠮᠠᠰᠢ ᠪᠠᠭ᠎ᠠ
ᠬᠦᠮᠦᠨ ᠠᠮᠠ
 -  ᠲᠣᠭᠠᠴᠠᠭ᠎ᠠ () 284,589[1] 
 -  ᠲᠣᠭᠠᠯᠠᠯᠭ᠎ᠠ () 250,012 
ᠬᠡᠦᠬᠡᠳ ᠦᠨ ᠬᠥᠭᠵᠢᠯ ᠦᠨ ᠢᠨᠳᠧᠺᠰ  0.903 (37)
ᠮᠥᠩᠭᠥᠨ ᠦ ᠨᠢᠭᠡᠴᠡ ᠪᠠᠷᠪᠠᠳᠣᠰ ᠳ᠋ᠣᠯᠯᠠᠷ ($) )
ᠴᠠᠭ ᠤᠨ ᠪᠥᠰᠡ -4
ᠤᠲᠠᠰᠤᠨ ᠤ ᠲᠣᠮᠢᠶ᠎ᠠ 1-246

ᠪᠠᠷᠪᠠᠳᠣᠰ (ᠠᠩᠭᠯᠢ ᠪᠠᠷ Barbados) ᠨᠢ ᠪᠠᠭ᠎ᠠ ᠠᠨᠲ᠋ᠢᠯ ᠤᠨ ᠠᠷᠠᠯ ᠤᠳ ᠳᠡᠭᠡᠷ᠎ᠡ ᠤᠷᠤᠰᠢᠬᠤ ᠠᠷᠠᠯ ᠤᠨ ᠤᠯᠤᠰ ᠪᠥᠭᠡᠳ ᠤᠷᠲᠤ ᠪᠠᠷ ᠢᠶᠠᠨ 34 ᠺᠢᠯᠣᠮᠧᠲ᠋ᠷ᠂ ᠥᠷᠭᠡᠨ ᠢᠶᠡᠷ ᠢᠶᠡᠨ 23 ᠺᠢᠯᠣᠮᠧᠲ᠋ᠷ᠂ ᠨᠡᠶᠢᠲᠡ 431 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠃ ᠬᠣᠶᠢᠳᠤ ᠠᠲ᠋ᠯᠠᠨᠲ ᠤᠨ ᠳᠠᠯᠠᠢᠨ ᠪᠠᠷᠠᠭᠤᠨ ᠬᠡᠰᠡᠭ ᠲᠦ᠂ ᠺᠠᠷᠠᠪ ᠤᠨ ᠲᠡᠩᠭᠢᠰᠸᠢᠨᠳᠠᠪᠤᠷ ᠲᠤ ᠠᠷᠠᠯ ᠤᠳᠠ ᠠᠴᠠ ᠵᠡᠭᠦᠨ ᠲᠡᠰᠢ 100 ᠺᠢᠯᠣᠮᠧᠲ᠋ᠷ ᠵᠠᠢ ᠳᠤ ᠣᠷᠣᠰᠢᠨ᠎ᠠ;[2] ᠰᠧᠨᠲ-ᠸᠢᠨᠰᠧᠨᠲ ᠪᠠ ᠭᠷᠧᠨᠠᠳᠢᠨᠠ ᠠᠴᠠ ᠵᠡᠭᠦᠨ ᠲᠡᠰᠢ 168 ᠺᠢᠯᠣᠮᠧᠲ᠋ᠷ᠂ ᠸᠧᠨᠧᠰᠤᠯᠡ ᠡᠴᠡ ᠵᠡᠭᠦᠨ ᠬᠣᠶᠢᠰᠢ 400 ᠺᠢᠯᠣᠮᠧᠲ᠋ᠷ ᠵᠠᠶᠢᠲᠠᠢ᠃ ᠪᠠᠷᠪᠠᠳᠣᠰ ᠨᠢ ᠠᠲᠯᠠᠨ᠋ᠲ ᠤᠨ ᠬᠤᠷᠷᠢᠺᠠᠨ ᠤ ᠪᠦᠰᠡᠯᠡᠭᠦᠷᠡᠶᠢᠨ ᠭᠠᠳᠠᠨ᠎ᠠ ᠣᠷᠣᠰᠢᠳᠠᠭ ᠶᠤᠮ᠃

ᠫᠣᠷᠲ᠋ᠤᠭᠠᠯᠴᠤᠳ ᠤᠨ ᠡᠵᠡᠮᠰᠢᠯ ᠳᠦ Os Barbados ᠭᠡᠰᠡᠨ ᠨᠡᠷ᠎ᠡ ᠪᠡᠷ ᠪᠠᠶᠢᠭᠰᠠᠨ ᠲᠤᠰ ᠠᠷᠠᠯ 1625 ᠣᠨ ᠳᠤ ᠠᠩᠭᠯᠢ ᠶᠢᠨ ᠮᠡᠳᠡᠯ ᠳᠦ ᠣᠷᠣᠵᠤ᠂ ᠤᠯᠠᠮ ᠢᠶᠠᠷ ᠪᠷᠢᠲ᠋ᠠᠨ(ᠠᠩᠭᠯᠢ) ᠤᠨ ᠺᠣᠯᠣᠨᠢ ᠪᠣᠯᠵᠠᠢ᠃[3] ᠠᠷᠠᠯ ᠳᠡᠭᠡᠷ᠎ᠡ ᠪᠠᠭᠴᠠᠭ᠎ᠠ ᠪᠠᠷ 275,338 ᠬᠦᠮᠦᠨ ᠣᠷᠣᠰᠢᠨ ᠰᠠᠭᠤᠳᠠᠭ᠂[4] ᠲᠡᠳᠡᠭᠡᠷ ᠦᠨ 80,000 ᠨᠢ ᠬᠠᠮᠤᠭ ᠤᠨ ᠲᠣᠮᠣ ᠬᠣᠲᠠ ᠪᠥᠭᠡᠳ ᠨᠡᠶᠢᠰᠯᠡᠯ ᠪᠣᠯᠬᠤ ᠪᠷᠢᠵᠢᠲᠠᠤᠨ ᠪᠣᠯᠤᠨ ᠲᠡᠭᠦᠨ ᠦ ᠣᠶᠢᠷ᠎ᠠ ᠣᠷᠴᠢᠮ ᠳᠤ ᠠᠮᠢᠳᠤᠷᠠᠳᠠᠭ ᠪᠠᠶᠢᠨ᠎ᠠ᠃[5] 1966 ᠣᠨ ᠳᠤ ᠲᠤᠰᠠᠭᠠᠷ ᠲᠣᠭᠲᠠᠨᠢᠯ ᠢᠶᠠᠨ ᠣᠯᠤᠭᠰᠠᠨ ᠪᠠᠷᠪᠠᠳᠣᠰ ᠤᠯᠤᠰ ᠪᠷᠢᠲ᠋ᠠᠨ(ᠠᠩᠭᠯᠢ) ᠤᠨ ᠬᠠᠮᠲᠤ ᠶᠢᠨ ᠨᠥᠬᠥᠷᠯᠡᠯᠡᠶᠢᠨ ᠪᠦᠷᠢᠯᠳᠦᠬᠦᠨ ᠳᠦ ᠪᠠᠭᠲᠠᠳᠠᠭ ᠪᠥᠭᠡᠳ ᠲᠥᠷᠥ ᠶᠢᠨ ᠲᠡᠷᠢᠭᠦᠨ ᠨᠢ ᠨᠢᠭᠡᠳᠦᠭᠰᠡᠨ ᠸᠠᠩᠲᠤ ᠤᠯᠤᠰ ᠤᠨ ᠬᠠᠲᠤᠨ ᠬᠠᠭᠠᠨ II ᠢᠯᠢᠽᠡᠪᠡᠢᠰ ᠶᠤᠮ᠃[6] ᠪᠠᠷᠪᠠᠳᠣᠰ ᠨᠢ ᠺᠠᠷᠠᠪ ᠤᠨ ᠪᠥᠰᠡ ᠨᠤᠲᠤᠭ ᠲᠤ ᠠᠶᠠᠯᠠᠯ ᠵᠢᠭᠤᠯᠴᠢᠯᠠᠯ ᠢᠶᠠᠷ ᠢᠶᠠᠨ ᠠᠯᠳᠠᠷᠲᠠᠢ ᠪᠥᠭᠡᠳ ᠬᠠᠮᠤᠭ ᠤᠨ ᠥᠨᠳᠥᠷ ᠬᠥᠭᠵᠢᠭᠰᠡᠨ ᠤᠯᠤᠰ ᠨᠢ ᠪᠢᠯᠡ᠃ ᠲᠤᠰ ᠤᠯᠤᠰ ᠤᠨ ᠬᠡᠦᠬᠡᠳ ᠦᠨ ᠬᠥᠭᠵᠢᠯ ᠦᠨ ᠢᠨᠳᠧᠺᠰ ᠨᠢ 0.903 ᠭᠡᠰᠡᠨ ᠦᠵᠡᠭᠦᠯᠦᠯᠲᠡ ᠲᠡᠢ ᠪᠥᠭᠡᠳ ᠪᠠᠷᠠᠭᠤᠨ ᠬᠠᠭᠠᠰ ᠪᠥᠮᠪᠥᠷᠴᠡᠭ ᠲᠤ ᠤᠷᠤᠰᠢᠬᠤ᠂ ᠥᠨᠳᠥᠷ ᠦᠵᠡᠭᠦᠯᠦᠯᠲᠡ ᠲᠡᠢ ᠬᠡᠳᠦᠬᠡᠨ ᠤᠯᠤᠰ ᠤᠨ ᠨᠢᠭᠡ ᠶᠤᠮ (ᠪᠤᠰᠤᠳ ᠨᠢ ᠺᠠᠨᠠᠳᠠᠠᠮᠧᠷᠢᠺᠠ ᠶᠢᠨ ᠨᠢᠭᠡᠳᠦᠭᠰᠡᠨ ᠤᠯᠤᠰᠠᠶᠠᠷᠯᠠᠨᠲᠫᠣᠷᠲ᠋ᠤᠭᠠᠯᠠᠶᠠᠰᠯᠠᠨᠲ).[7][8]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Barbados: People. World Factbook of CIA
  2. Chapter 4 - The Windward Islands and Barbados - U.S. Library of Congress
  3. Secretariat. Barbados - History. Commonwealth of Nations.
  4. Staff (2008). Latest Socio-Economic Indicators. Barbados Statistical Service.
  5. Staff (2008). Places of interest - BRIDGETOWN. Government of Barbados.
  6. HRM Queen Elizabeth II (2010). History and present government - Barbados. The Royal Household. 10 May 2010 ᠍ ᠳᠦ ᠬᠠᠨᠳᠤᠭᠰᠠᠨ᠃
  7. Staff writer (25 March 2010). BARBADOS: Latest figures show tourism is the lead foreign exchange earner. Caribbean Media Corporation. Caribbean Daily News. 10 May 2010 ᠍ ᠳᠦ ᠬᠠᠨᠳᠤᠭᠰᠠᠨ᠃
  8. Staff writer. "Barbados country profile", British Broadcasting Corporation. 10 May 2010 ᠍ ᠳᠦ ᠠᠪᠤᠭᠰᠠᠨ᠃ 

ᠪᠢᠴᠢᠭᠡᠰᠦ