ᠪᠠᠷᠠᠺ ᠣᠪᠠᠮᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠷᠠᠺ ᠣᠪᠠᠮᠠ
Barack Hussein Obama, Jr.
ᠪᠠᠷᠠᠺ ᠣᠪᠠᠮᠠ
<small/></center>

ᠪᠦᠷᠢᠨ ᠡᠷᠬᠡ ᠶᠢᠨ ᠬᠤᠭᠤᠴᠠᠭ᠎ᠠ: 2009 ᠣᠨ ᠤ 1 ᠰᠠᠷ᠎ᠠ ᠶᠢᠨ 20
ᠳᠡᠳ᠋ ᠶᠡᠷᠦᠩᠬᠡᠶᠢᠯᠡᠭᠴᠢ: ᠵᠣᠽᠧᠹ ᠪᠠᠶᠢᠳᠧᠨ

ᠲᠦᠷᠦᠭᠰᠡᠨ: 1961 ᠣᠨ ᠤ 8 ᠰᠠᠷ᠎ᠠ ᠶᠢᠨ 4
ᠬᠠᠸᠠᠶᠢ ᠮᠤᠵᠢ᠂ ᠬᠣᠨᠣᠯᠤᠯᠤ
ᠤᠯᠤᠰ ᠲᠥᠷᠥ ᠶᠢᠨ ᠨᠠᠮ: ᠠᠷᠠᠳᠴᠢᠯᠠᠭᠰᠠᠨ ᠨᠠᠮ
ᠡᠬᠡᠨᠡᠷ (ᠨᠥᠬᠥᠷ): ᠮᠥᠱᠧᠯ ᠣᠪᠠᠮᠠ
ᠭᠠᠷ ᠤᠨ ᠦᠰᠦᠭ Barack Obama signature.svg
ᠨᠣᠪᠧᠯ ᠤᠨ ᠱᠠᠩᠨᠠᠯᠲᠠᠨ ᠨᠣᠪᠧᠯ ᠤᠨ ᠱᠠᠩᠨᠠᠯ
ᠬᠦᠷᠲᠡᠭᠰᠡᠨ ᠣᠨ : 2009
ᠬᠦᠷᠲᠡᠭᠰᠡᠨ ᠰᠠᠯᠪᠤᠷᠢ : ᠡᠩᠬᠡ ᠲᠠᠶᠢᠪᠤᠩ
ᠬᠦᠷᠲᠡᠭᠰᠡᠨ ᠰᠢᠯᠲᠠᠭᠠᠨ : ᠴᠥᠮ᠎ᠡ ᠶᠢᠨ ᠵᠡᠪᠰᠡᠭ ᠢ ᠬᠣᠷᠣᠭᠳᠠᠭᠤᠯᠬᠤ᠂ ᠰᠥᠷᠭᠡᠯᠳᠦᠭᠡᠨ ᠢ (冲突) ᠡᠩᠬᠡ ᠶᠢᠨ ᠠᠷᠭ᠎ᠠ ᠪᠠᠷ ᠵᠣᠬᠢᠴᠠᠭᠤᠯᠬᠤ ᠲᠠᠯ᠎ᠠ ᠪᠠᠷ ᠭᠠᠷᠭᠠᠭᠰᠠᠨ ᠬᠦᠴᠦᠨ ᠴᠢᠷᠮᠠᠶᠢᠯᠲᠠ᠂ ᠠᠮᠵᠢᠯᠲᠠ ᠶᠢᠨ ᠬᠢᠨᠢ ᠲᠥᠯᠥᠭᠡ

ᠪᠠᠷᠠᠺ ᠬᠤᠰᠰᠧᠢᠨ ᠣᠪᠠᠮᠠ II (ᠠᠩᠭᠯᠢ ᠪᠠᠷ Barack Hussein Obama, Jr., 1961 ᠣᠨ ᠤ 8 ᠰᠠᠷ᠎ᠠ ᠶᠢᠨ 4 ᠍ ᠳᠦ ᠲᠦᠷᠦᠭᠰᠡᠨ) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ 44 ᠳ᠋ᠡᠬᠢ ᠪᠤᠶᠤ ᠣᠳᠣ ᠶᠢᠨ ᠶᠡᠷᠦᠩᠬᠡᠶᠢᠯᠡᠭᠴᠢ ᠶᠤᠮ᠃ ᠶᠡᠷᠦᠩᠬᠡᠶᠢᠯᠡᠭᠴᠢ ᠪᠡᠷ ᠰᠣᠩᠭᠣᠭᠳᠠᠬᠤ ᠠᠴᠠ ᠪᠠᠨ ᠡᠮᠦᠨ᠎ᠡ ᠰᠧᠨᠠᠲ ︵参议院︶ ᠲᠤ ᠢᠯᠯᠢᠨᠣᠢ ᠮᠤᠵᠢ ︵伊利诺伊州︶ ᠠᠴᠠ ᠰᠣᠩᠭᠣᠭᠳᠠᠨ ᠠᠵᠢᠯᠯᠠᠵᠤ ᠪᠠᠶᠢᠴᠠᠢ᠃ ᠲᠡᠷᠡᠪᠡᠷ 2008 ᠣᠨ ᠤ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠠᠷᠠᠳᠴᠢᠯᠠᠭᠰᠠᠨ ᠨᠠᠮ ᠠᠴᠠ ᠠᠯᠪᠠᠨ ᠶᠣᠰᠣᠭᠠᠷ ᠨᠡᠷ᠎ᠡ ᠳᠡᠪᠰᠢᠵᠦ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠦᠬᠡᠨ ᠳᠦ ᠠᠩᠬᠠᠨ ᠤ ᠠᠹᠷᠢᠺᠠ ᠭᠠᠷᠤᠯᠲᠠᠨ ᠠᠮᠸᠷᠢᠺᠠ ᠶᠢᠨ ᠶᠡᠷᠦᠩᠬᠡᠶᠢᠯᠡᠭᠴᠢ ᠪᠡᠷ ᠰᠣᠩᠭᠣᠭᠳᠠᠭᠰᠠᠨ᠃ ᠴᠥᠮ᠎ᠡ ᠶᠢᠨ ᠵᠡᠪᠰᠡᠭ ᠢ ᠬᠣᠷᠣᠭᠳᠠᠭᠤᠯᠬᠤ᠂ ᠰᠥᠷᠭᠡᠯᠳᠦᠭᠡᠨ ᠢ ᠡᠩᠬᠡ ᠶᠢᠨ ᠠᠷᠭ᠎ᠠ ᠪᠠᠷ ᠵᠣᠬᠢᠴᠠᠭᠤᠯᠬᠤ ᠲᠠᠯ᠎ᠠ ᠪᠠᠷ ᠭᠠᠷᠭᠠᠭᠰᠠᠨ ᠬᠦᠴᠦᠨ ᠴᠢᠷᠮᠠᠶᠢᠯᠲᠠ᠂ ᠠᠮᠵᠢᠯᠲᠠ ᠶᠢᠨ ᠬᠢᠨᠢ ᠲᠥᠯᠥᠭᠡ 2009 ᠣᠨ ᠳᠤ ᠡᠩᠬᠡ ᠲᠠᠶᠢᠪᠤᠩ ᠤᠨ ᠰᠠᠯᠪᠤᠷᠢ ᠳ᠋ᠡᠬᠢ ᠨᠣᠪᠧᠯ ᠤᠨ ᠱᠠᠩᠨᠠᠯ ᠢᠶᠠᠷ ᠱᠠᠩᠨᠠᠵᠠᠢ᠃ ᠮᠥᠨᠴᠦ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢᠳ ᠡᠴᠡ ᠨᠣᠪᠧᠯ ᠤᠨ ᠱᠠᠩᠨᠠᠯ ᠠᠪᠤᠭᠰᠠᠨ 4 ᠳ᠋ᠡᠬᠢ ᠬᠦᠮᠦᠨ ᠪᠣᠯᠤᠭᠰᠠᠨ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠠᠺ ᠣᠪᠠᠮᠠ 1961 ᠣᠨ ᠳᠤ ᠬᠠᠸᠠᠶᠢ ᠮᠤᠵᠢ ᠶᠢᠨ ᠬᠣᠨᠣᠯᠤᠯᠤ ᠬᠣᠲᠠ ᠳᠤ ᠲᠦᠷᠦᠭᠰᠡᠨ ᠪᠥᠭᠡᠳ ᠲᠡᠨᠳᠡ ᠠᠮᠢᠳᠤᠷᠠᠯ ᠤᠨ ᠢᠶᠠᠨ ᠡᠬᠢᠨ ᠦ ᠬᠡᠳᠦᠨ ᠵᠢᠯ ᠢ ᠥᠩᠭᠡᠷᠡᠭᠡᠵᠡᠢ᠃ ᠲᠡᠭᠦᠨ ᠢ ᠬᠣᠷᠸ᠎ᠠ ᠳᠤ ᠮᠡᠨᠳᠦᠯᠡᠭᠡᠳ ᠬᠡᠳᠦᠨ ᠵᠢᠯ ᠥᠩᠭᠡᠷᠡᠭᠰᠡᠨ ᠦ ᠳᠠᠷᠠᠭ᠎ᠠ ᠡᠴᠢᠭᠡ ᠡᠬᠡ ᠨᠢ ᠰᠠᠯᠤᠭᠰᠠᠨ ᠶᠤᠮ᠃ ᠣᠪᠠᠮᠠ 6 ᠨᠠᠰᠤ ᠬᠦᠷᠬᠦ ᠳᠦ ᠡᠵᠢ ᠨᠢ ᠳᠠᠬᠢᠨ ᠭᠡᠷᠯᠡᠭᠰᠡᠨ᠃ ᠡᠨᠡ ᠤᠳᠠᠭ᠎ᠠ ᠳᠤ ᠢᠨᠳᠥᠶᠢᠨᠧᠽ ᠬᠦᠮᠦᠨ ᠲᠡᠢ᠃ ᠲᠡᠷᠡᠪᠡᠷ ᠡᠵᠢ᠂ ᠳᠡᠭᠦᠦ ᠥᠬᠢᠨ ᠪᠣᠯᠤᠨ ᠬᠣᠶᠢᠲᠤ ᠡᠴᠢᠭᠡ ᠯᠣᠯᠣ ᠰᠣᠡᠳᠷᠣ᠋ ᠍ ᠲᠠᠢ ᠢᠨᠳᠥᠶᠢᠨᠧᠽ ᠤᠷᠤᠭᠤ ᠨᠡᠭᠦᠵᠡᠢ᠃ ᠲᠡᠨᠳᠡ 4 ᠵᠢᠯ ᠠᠮᠢᠳᠤᠷᠠᠭᠰᠠᠨ ᠪᠥᠭᠡᠳ ᠵᠠᠺᠠᠷᠲ᠋ᠠ ᠵᠢᠨ ᠤᠯᠤᠰ ᠤᠨ ᠰᠤᠷᠭᠠᠭᠤᠯᠢ ᠳᠤ ᠰᠤᠷᠠᠳᠠᠭ ᠪᠠᠶᠢᠭᠰᠠᠨ ᠠᠵᠢ᠃

ᠳᠠᠷᠠᠭ᠎ᠠ ᠨᠢ ᠠᠮᠧᠷᠢᠺᠠ ᠤᠷᠤᠭᠤ ᠪᠤᠴᠠᠵᠤ ᠢᠷᠡᠭᠡᠳ ᠡᠵᠢ ᠶᠢᠨ ᠢᠶᠡᠨ ᠡᠴᠢᠭᠡ ᠡᠬᠡ ᠲᠡᠢ ᠨᠢ ᠠᠮᠢᠳᠤᠷᠠᠳᠠᠭ ᠪᠣᠯᠤᠭᠰᠠᠨ᠃ 1979 ᠣᠨ ᠳᠤ ᠬᠣᠨᠣᠯᠤᠯᠤ ᠶᠢᠨ ᠠᠯᠳᠠᠷᠲᠤ 《ᠫᠦᠨ᠎ᠠ ᠬᠢᠤ》 ᠬᠣᠪᠢ  ᠶᠢᠨ ᠰᠤᠷᠭᠠᠭᠤᠯᠢ ᠶᠢ ᠲᠡᠭᠦᠰᠦᠭᠰᠡᠨ᠃ ᠳᠤᠮᠳᠠ ᠰᠤᠷᠭᠠᠭᠤᠯᠢ ᠳᠤ ᠰᠤᠷᠴᠤ ᠪᠠᠶᠢᠬᠤ ᠳᠤ ᠪᠠᠨ ᠣᠪᠠᠮᠠ ᠰᠠᠭᠰᠤᠨ ᠪᠥᠮᠪᠥᠭᠡ ᠳᠦ ᠶᠡᠬᠡ ᠰᠣᠨᠢᠷᠬᠠᠯᠲᠠᠢ ᠪᠠᠶᠢᠭᠰᠠᠨ ᠭᠡᠨ᠎ᠡ᠃ 1979 ᠣᠨ ᠳᠤ ᠲᠡᠷᠡ ᠪᠡᠷ ᠫᠦᠨ᠎ᠠ ᠬᠢᠤ ᠪᠠᠭ ᠤᠨ ᠪᠦᠷᠢᠯᠳᠦᠬᠦᠨ ᠳᠦ ᠲᠣᠭᠯᠠᠵᠤ ᠪᠠᠶᠢᠬᠤ ᠳᠤ ᠪᠠᠨ ᠮᠤᠵᠢ ᠶᠢᠨ ᠠᠪᠤᠷᠭᠤ ᠪᠣᠯᠵᠤ ᠪᠠᠶᠢᠭᠰᠠᠨ ᠤᠳᠠᠭ᠎ᠠ ᠲᠠᠢ᠃ ᠮᠥᠨ ᠲᠡᠷᠡ ᠣᠨ ᠳ᠋ᠦ ᠪᠠᠨ ᠪᠠᠷᠠᠺ ᠣᠪᠠᠮᠠ ᠰᠤᠷᠭᠠᠭᠤᠯᠢ ᠪᠠᠨ ᠲᠡᠭᠦᠰᠦᠭᠰᠡᠨ ᠦ ᠳᠠᠷᠠᠭ᠎ᠠ ᠯᠠᠣᠰ-ᠠᠩᠵᠧᠯᠧᠰ ᠦᠨ ᠺᠣᠯᠯᠧᠵᠢ ᠤᠷᠤᠭᠤ ᠡᠯᠰᠡᠵᠦ ᠬᠡᠰᠡᠭ ᠬᠤᠭᠤᠴᠠᠭᠠᠨ ᠤ ᠳᠠᠷᠠᠭ᠎ᠠ 1983 ᠣᠨ ᠳᠤ ᠲᠡᠭᠦᠰᠦᠭᠰᠡᠨ ᠺᠣᠯᠤᠮᠪᠤ ᠶᠢᠨ ᠶᠡᠬᠡ ᠰᠤᠷᠭᠠᠭᠤᠯᠢ ᠳᠤ ᠪᠠᠨ ᠰᠢᠯᠵᠢᠭᠰᠡᠨ ᠪᠠᠶᠢᠨ᠎ᠠ᠃

ᠬᠥᠳᠡᠯᠮᠦᠷᠢ ᠶᠢᠨ ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠪᠠᠮᠠ ᠶᠢᠨ ᠠᠵᠢᠯ ᠤᠨ ᠡᠬᠢᠯᠡᠯ ᠢ 1981 ᠣᠨ ᠭᠡᠵᠦ ᠬᠡᠯᠡᠵᠦ ᠪᠣᠯᠤᠨ᠎ᠠ᠃ ᠲᠤᠬᠠᠢ ᠶᠢᠨ ᠦᠶ᠎ᠡ ᠳᠦ ᠲᠡᠷᠡ ᠬᠤᠪᠢ ᠵᠢᠨ ᠰᠤᠷᠭᠠᠭᠤᠯᠢ ᠠᠴᠠ ᠪᠠᠨ ᠺᠣᠯᠤᠮᠪᠤ ᠶᠢᠨ ᠶᠡᠬᠡ ᠰᠤᠷᠭᠠᠭᠤᠯᠢ ᠤᠷᠤᠭᠤ ᠰᠢᠯᠵᠢᠵᠦ ᠳᠠᠷᠠᠭ᠎ᠠ ᠨᠢ ᠬᠠᠷᠸᠠᠷᠳ᠋ ᠲᠤ ᠬᠠᠤᠯᠢᠴᠢ ᠶᠢᠨ ᠵᠡᠷᠭᠡᠯᠡᠯ ᠠᠪᠬᠤ ᠶᠢᠨ ᠲᠤᠯᠠᠳᠠ ᠦᠷᠭᠦᠯᠵᠢᠯᠡᠭᠦᠯᠵᠦ ᠰᠤᠷᠬᠤ ᠰᠢᠢᠳᠪᠦᠷᠢ ᠭᠠᠷᠭᠠᠭᠰᠠᠨ᠃

ᠣᠪᠠᠮᠠ ᠶᠢᠨ ᠬᠤᠪᠢ ᠳᠤ ᠶᠡᠬᠡ ᠰᠤᠷᠭᠠᠭᠤᠯᠢ ᠳᠤ ᠰᠤᠳᠤᠯᠳᠠᠭ ᠪᠣᠯᠤᠭᠰᠠᠨ ᠦᠨᠳᠦᠰᠦᠨ ᠬᠢᠴᠢᠶᠡᠯ ᠦᠳ ᠨᠢ ᠤᠯᠤᠰ ᠲᠥᠷᠥ ᠰᠤᠳᠤᠯᠤᠯ ᠪᠠ ᠣᠯᠠᠨ ᠤᠯᠤᠰ ᠤᠨ ᠬᠠᠷᠢᠯᠴᠠᠭ᠎ᠠ ᠪᠣᠯᠵᠤ 1983 ᠣᠨ ᠳᠤ ᠲᠡᠷᠡ ᠪᠡᠷ ᠣᠶᠣᠳᠠᠨ ᠤ ᠵᠡᠷᠭᠡ ᠲᠡᠢ ᠪᠣᠯᠤᠭᠰᠠᠨ ᠪᠠᠶᠢᠨ᠎ᠠ᠃

ᠲᠡᠷᠡ ᠪᠡᠷ ᠶᠡᠬᠡ ᠰᠤᠷᠭᠠᠭᠤᠯᠢ ᠪᠠᠨ ᠲᠡᠭᠦᠰᠦᠭᠰᠡᠨ ᠦ ᠳᠠᠷᠠᠭ᠎ᠠ ᠡᠬᠢᠨ ᠦ ᠨᠢᠭᠡ ᠵᠢᠯ ᠳᠦ ᠪᠡᠨ ᠣᠯᠠᠨ ᠤᠯᠤᠰ ᠤᠨ ᠪᠢᠽᠢᠨ᠋ᠧᠰ ᠨᠢᠭᠡᠳᠦᠯ ᠳᠦ ᠲᠣᠮᠣᠬᠠᠨ ᠺᠣᠷᠫᠣᠷᠠᠼᠢ ᠨᠤᠭᠤᠳ ᠲᠤ ᠰᠠᠩᠬᠦᠦ ᠶᠢᠨ ᠪᠠ ᠣᠯᠠᠨ ᠤᠯᠤᠰ ᠤᠨ ᠪᠢᠽᠢᠨ᠋ᠧᠰ ᠨᠡᠶᠢᠲᠡᠯᠡᠯ ᠪᠣᠯᠤᠨ ᠲᠠᠶᠢᠯᠤᠨ ᠪᠡᠯᠡᠳᠳᠡᠭ ᠵᠣᠬᠢᠶᠠᠯᠴᠢ᠂ᠰᠠᠩᠬᠦᠦ ᠶᠢᠨ ᠰᠢᠨᠵᠢᠭᠡᠴᠢ ᠪᠡᠷ ᠠᠵᠢᠯᠯᠠᠵᠤ ᠪᠠᠶᠢᠭᠰᠠᠨ ᠨᠢ ᠲᠡᠭᠦᠨ ᠳᠦ ᠳᠠᠷᠤᠭ᠎ᠠ ᠶᠢᠨ ᠪᠣᠯᠪᠠᠰᠤᠷᠠᠯ ᠤᠨ ᠲᠠᠯᠠᠪᠤᠷ ᠢ ᠰᠣᠩᠭᠣᠬᠤ ᠳᠤ ᠲᠤᠰᠠ ᠪᠣᠯᠵᠠᠢ᠃

ᠣᠪᠠᠮ᠎ᠠ 1985 ᠣᠨ ᠳᠤ ᠴᠢᠺᠠᠭᠣ ᠤᠷᠤᠭᠤ ᠨᠡᠭᠦᠵᠦ ᠰᠦᠮ᠎ᠡ ᠪᠠ ᠨᠡᠶᠢᠭᠡᠮ ᠤᠨ ᠪᠠᠶᠢᠭᠤᠯᠤᠯᠭ᠎ᠠ ᠨᠤᠭᠤᠳ ᠤᠨ ᠦᠢᠯᠡ ᠠᠵᠢᠯᠯᠠᠭ᠎ᠠ ᠶᠢ ᠵᠣᠬᠢᠶᠠᠨ ᠪᠠᠶᠢᠭᠤᠯᠳᠠᠭ ᠬᠤᠳᠠᠯᠳᠤᠭᠠᠨ ᠤ ᠪᠤᠰᠤ ᠲᠠᠯᠠᠪᠤᠷ ᠲᠤ ᠵᠠᠬᠢᠷᠤᠯ ᠬᠢᠳᠡᠭ ᠪᠠᠶᠢᠬᠤ ᠳᠤ ᠪᠠᠨ ᠶᠠᠳᠠᠭᠤ ᠢᠷᠭᠡᠳ ᠦᠨ ᠪᠣᠯᠪᠠᠰᠤᠷᠠᠯ ᠳᠤ ᠥᠭᠡᠷᠡᠴᠢᠯᠡᠯᠲᠡ ᠤᠷᠤᠭᠤᠯᠬᠤ ᠪᠣᠯᠤᠨ ᠠᠵᠢᠯᠭᠦᠶᠢᠴᠦᠳ ᠢ ᠰᠤᠷᠭᠠᠯᠲᠠᠨ ᠳᠤ ᠬᠠᠮᠤᠷᠤᠭᠤᠯᠬᠤ ᠭᠡᠬᠦ ᠮᠡᠲᠦ ᠶᠢᠨ ᠲᠥᠰᠥᠯ ᠦᠳ ᠳᠡᠭᠡᠷ᠎ᠡ 1988 ᠣᠨ ᠢ ᠳᠠᠭᠤᠰᠲᠠᠯ᠎ᠠ ᠠᠵᠢᠯᠯᠠᠭᠰᠠᠨ ᠤ ᠳᠠᠷᠠᠭ᠎ᠠ ᠬᠠᠷᠸᠠᠷᠳ᠋ ᠤᠨ ᠬᠠᠤᠯᠢ ᠶᠢᠨ ᠰᠤᠷᠭᠠᠭᠤᠯᠢ ᠳᠤ ᠣᠷᠣᠭᠰᠠᠨ ᠪᠠᠶᠢᠨ᠎ᠠ᠃

1990 ᠣᠨ ᠳᠤ ᠣᠪᠠᠮᠠ ᠬᠠᠷᠸᠷᠳ᠋ ᠤᠨ ᠬᠠᠤᠯᠢᠴᠢᠳ ᠤᠨ ᠺᠯᠦᠪ ᠤᠨ ᠠᠩᠬᠠᠨ ᠤ ᠬᠠᠷ᠎ᠠ ᠠᠷᠠᠰᠤᠲᠠᠨ ᠶᠡᠷᠦᠩᠬᠡᠶᠢᠯᠡᠭᠴᠢ ᠪᠣᠯᠵᠤ ᠪᠠᠶᠢᠭᠰᠠᠨ᠃ 1991 ᠣᠨ ᠳᠤ ᠲᠡᠷᠡ ᠬᠠᠤᠯᠢ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ ᠪᠣᠯᠤᠭᠠᠳ ᠴᠢᠺᠠᠭᠣ ᠤᠷᠤᠭᠤ ᠪᠤᠴᠠᠵᠠᠢ᠃ 1992 ᠣᠨ ᠳᠤ ᠴᠢᠺᠠᠭᠤ᠋ ᠳᠤ ᠬᠡᠳᠦ ᠬᠡᠳᠦᠨ ᠨᠡᠶᠢᠭᠡᠮ ᠤᠨ ᠲᠥᠰᠥᠯ ᠢ ᠬᠡᠷᠡᠭᠵᠢᠭᠦᠯᠬᠦ ᠰᠣᠩᠭᠣᠭᠤᠯᠢ ᠶᠢᠨ ᠺᠣᠮᠫᠠᠨᠢ ᠶᠢ ᠵᠣᠬᠢᠶᠠᠨ ᠪᠠᠶᠢᠭᠤᠯᠵᠤ ᠲᠣᠯᠣᠭᠠᠶᠢᠯᠠᠭᠰᠠᠨ᠃

ᠲᠡᠷᠡ ᠪᠡᠷ 1993 ᠣᠨ ᠳᠤ «ᠮᠢᠨᠧᠷ᠂ ᠪᠠᠷᠠᠩᠬᠢᠯ ᠪᠠ ᠭᠠᠯᠯᠠᠨ ᠳᠤ» ᠨᠡᠷ᠎ᠡ ᠲᠡᠢ ᠬᠠᠤᠯᠢ ᠶᠢᠨ ᠲᠣᠮᠣ ᠪᠠᠶᠢᠭᠤᠯᠤᠯᠭ᠎ᠠ ᠳᠤ ᠪᠠᠭ᠎ᠠ ᠠᠵᠢᠯᠲᠠᠨ ᠤ ᠠᠯᠪᠠᠨ ᠲᠤᠰᠢᠶᠠᠯ ᠳᠡᠭᠡᠷ᠎ᠡ ᠠᠵᠢᠯᠯᠠᠵᠤ 3 ᠵᠢᠯ ᠦᠨ ᠳᠠᠷᠠᠭ᠎ᠠ ᠵᠦᠪᠳᠡᠬᠦ ᠪᠣᠯᠤᠭᠰᠠᠨ᠃ ᠲᠡᠷᠡ ᠦᠶ᠎ᠡ ᠳᠦ ᠲᠡᠭᠦᠨ ᠦ ᠰᠣᠨᠢᠷᠬᠠᠳᠠᠭ ᠪᠠᠶᠢᠭᠰᠠᠨ ᠵᠦᠢᠯᠡᠰ ᠪᠣᠯ ᠢᠷᠭᠡᠨ ᠦ ᠡᠷᠬᠡ ᠪᠠ ᠨᠡᠶᠢᠭᠡᠮ ᠤᠨ ᠠᠵᠢᠯ ᠪᠠᠶᠢᠵᠤ ᠭᠡᠨ᠎ᠡ᠃ ᠮᠥᠨ 1993 ᠣᠨ ᠳᠤ ᠲᠡᠷᠡ ᠪᠡᠷ ᠴᠢᠺᠠᠭᠤ᠋ ᠶᠢᠨ ᠶᠡᠬᠡ ᠰᠤᠷᠭᠠᠭᠤᠯᠢ ᠶᠢᠨ ᠬᠠᠤᠯᠢ ᠶᠢᠨ ᠠᠩᠭᠢ ᠳᠤ ᠯᠧᠺᠼ ᠤᠩᠰᠢᠵᠤ ᠡᠬᠢᠯᠡᠭᠰᠡᠨ ᠪᠠᠶᠢᠨ᠎ᠠ᠃

ᠣᠪᠠᠮᠠ ᠵᠢᠨ ᠤᠯᠤᠰ ᠲᠥᠷᠥ ᠶᠢᠨ ᠠᠮᠢᠳᠣᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠪᠠᠮᠠ ᠨᠢ 1996 – 2004 ᠣᠨ ᠨᠤᠭᠤᠳ ᠲᠤ 8 ᠵᠢᠯ ᠦᠨ ᠲᠤᠷᠰᠢ ᠠᠷᠠᠳᠴᠢᠯᠠᠭᠰᠠᠨ ᠨᠠᠮ ᠢ ᠲᠥᠯᠦᠭᠡᠯᠡᠭᠰᠡᠨ ᠪᠥᠭᠡᠳ 2004 ᠣᠨ ᠳᠤ ᠢᠯᠯᠢᠨᠣᠶᠢᠰ ᠮᠤᠵᠢ ᠶᠢᠨ ᠰᠧᠨᠠᠲ(参议院) ᠲᠤ ᠡᠬᠢᠯᠡᠭᠰᠡᠨ᠃ 2000 ᠣᠨ ᠳᠤ ᠣᠪᠠᠮᠠ ᠲᠥᠯᠥᠭᠡᠯᠡᠭᠴᠢᠳ ᠦᠨ ᠵᠥᠪᠯᠡᠬᠦ ᠳᠦ ᠨᠡᠷ᠎ᠡ ᠳᠡᠪᠰᠢᠭᠰᠡᠨ ᠪᠣᠯᠪᠠᠴᠤ 《ᠬᠠᠷ᠎ᠠ ᠢᠷᠪᠢᠰ》 ᠬᠥᠳᠡᠯᠭᠡᠭᠡᠨ ᠦ ᠣᠷᠣᠯᠴᠠᠭᠴᠢ ᠺᠣᠩᠷᠧᠰᠰ ᠤᠨ ᠭᠡᠰᠢᠭᠦᠨ ᠪᠣᠪᠪᠢ ᠷᠠᠰᠢ ᠳᠤ ᠢᠯᠠᠭᠳᠠᠭᠰᠠᠨ ᠪᠠᠶᠢᠨ᠎ᠠ᠃ ᠮᠤᠵᠢ ᠶᠢᠨ ᠰᠧᠨᠠᠲ ᠲᠤ ᠣᠪᠠᠮᠠ ᠠᠷᠠᠳᠴᠢᠯᠠᠭᠰᠠᠨ ᠦᠵᠡᠯᠲᠡᠨ ᠲᠡᠢ ᠮᠥᠨ ᠪᠦᠭᠦᠳᠡ ᠨᠠᠶᠢᠷᠠᠮᠳᠠᠬᠤ ᠤᠯᠤᠰ ᠢ ᠳᠡᠮᠵᠢᠭᠴᠢ ᠨᠠᠷ ᠲᠠᠢ ᠴᠤ ᠬᠠᠮᠲᠤᠷᠠᠳᠠᠭ ᠪᠠᠶᠢᠯ᠎ᠠ᠃ ᠡᠨᠡ 2 ᠨᠠᠮ ᠤᠨ ᠲᠥᠯᠥᠭᠡᠯᠡᠭᠴᠢᠳ ᠨᠢ ᠲᠠᠲᠠᠪᠤᠷᠢ ᠶᠢ ᠪᠠᠭᠠᠰᠬᠠᠵᠤ ᠡᠮᠵᠡᠭ ᠲᠠᠷᠴᠢᠭ ᠭᠡᠷ ᠪᠦᠯᠢ ᠶᠢ ᠳᠡᠮᠵᠢᠬᠦ ᠤᠯᠤᠰ ᠲᠥᠷᠥ ᠶᠢᠨ ᠬᠥᠲᠥᠯᠪᠦᠷᠢ ᠳᠡᠭᠡᠷ᠎ᠡ ᠬᠠᠮᠲᠤᠷᠠᠨ ᠠᠵᠢᠯᠯᠠᠳᠠᠭ ᠪᠠᠶᠢᠴᠠᠢ᠃ ᠣᠪᠠᠮ᠎ᠠ ᠰᠤᠷᠭᠠᠭᠤᠯᠢ ᠶᠢᠨ ᠡᠮᠦᠨᠡᠬᠢ ᠪᠣᠯᠪᠠᠰᠤᠷᠠᠯ ᠢ ᠢᠳᠡᠪᠬᠢ ᠲᠡᠢ ᠳᠡᠮᠵᠢᠭᠴᠢ ᠪᠠᠶᠢᠭᠰᠠᠨ ᠮᠥᠨ ᠮᠥᠷᠳᠡᠨ ᠪᠠᠶᠢᠴᠠᠭᠠᠯᠲᠠ ᠶᠢᠨ ᠪᠠᠶᠢᠭᠤᠯᠤᠯᠭ᠎ᠠ ᠨᠤᠭᠤᠳ ᠤᠨ ᠬᠢᠨᠠᠯᠲᠠ ᠶᠢ ᠬᠠᠲᠠᠭᠤᠵᠢᠭᠤᠯᠬᠤ ᠠᠷᠭ᠎ᠠ ᠬᠡᠮᠵᠢᠶ᠎ᠡ ᠶᠢ ᠳᠡᠮᠵᠢᠵᠦ ᠪᠠᠶᠢᠴᠠᠢ᠃

2004 ᠣᠨ ᠳᠤ ᠣᠪᠠᠮᠠ ᠢᠯᠯᠢᠨᠣᠶᠢᠰ ᠮᠤᠵᠢ ᠶᠢ ᠠᠮᠧᠷᠢᠺᠠ ᠶᠢᠨ ᠨᠢᠭᠡᠳᠦᠭᠰᠡᠨ ᠤᠯᠤᠰ ᠤᠨ ᠰᠧᠨᠠᠲ ᠤᠨ ᠨᠢᠭᠡ ᠪᠠᠶᠢᠷᠢᠨ ᠳᠤ ᠨᠡᠷ᠎ᠡ ᠳᠡᠪᠰᠢᠭᠦᠯᠬᠦ ᠳᠤ ᠣᠷᠣᠭᠰᠠᠨ᠃ ᠲᠡᠷᠡ ᠫᠷᠠᠶᠢᠮᠧᠷᠢᠽᠢ ᠳᠤ 6 ᠨᠡᠷ᠎ᠡ ᠳᠡᠪᠰᠢᠭᠴᠢ ᠶᠢ ᠲᠡᠷᠢᠭᠦᠯᠡᠵᠦ ᠴᠢᠳᠠᠵᠠᠢ᠃ 2005.01.04 ᠍ ᠳᠦ ᠲᠡᠷᠡ ᠡᠭᠦᠷᠭᠡ ᠪᠡᠨ ᠭᠦᠢᠴᠡᠳᠭᠡᠵᠦ ᠡᠬᠢᠯᠡᠭᠰᠡᠨ ᠪᠥᠭᠡᠳ ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠦᠬᠡᠨ ᠳᠠᠬᠢ 5 ᠳᠠᠬᠢ ᠬᠠᠷ᠎ᠠ ᠠᠷᠠᠰᠤᠲᠤ ᠰᠧᠨᠠᠲ᠋ᠣᠷ ᠪᠣᠯᠤᠭᠰᠠᠨ᠃ ᠣᠪᠠᠮᠠ ᠭᠠᠳᠠᠭᠠᠳᠤ ᠣᠷᠴᠢᠨ ᠤ ᠠᠰᠠᠭᠤᠳᠠᠯ ᠤᠨ ᠪᠠ ᠨᠡᠶᠢᠭᠡᠮ ᠤᠨ ᠠᠵᠢᠯ ᠤᠨ᠂ ᠠᠬᠠᠮᠠᠳ ᠤᠨ ᠬᠡᠷᠡᠭ ᠦᠨ ᠮᠥᠨ ᠣᠯᠠᠨ ᠤᠯᠤᠰ ᠤᠨ ᠬᠠᠷᠢᠯᠴᠠᠭᠠᠨ ᠤ ᠵᠡᠷᠭᠡ ᠬᠡᠳᠦ ᠬᠡᠳᠦᠨ ᠬᠣᠷᠢᠶᠠᠨ ᠤ ᠪᠦᠷᠢᠯᠳᠦᠬᠦᠨ ᠳᠦ ᠣᠷᠣᠭᠰᠠᠨ᠃

ᠡᠮᠦᠨ᠎ᠡ ᠨᠢ ᠮᠤᠵᠢ ᠶᠢᠨ ᠰᠧᠨᠠᠲ ᠲᠤ ᠪᠠᠶᠢᠭᠰᠠᠨ ᠰᠢᠭ᠋ ᠢᠶᠡᠨ ᠣᠪᠠᠮᠠ ᠪᠦᠭᠦᠳᠡ ᠨᠠᠶᠢᠷᠠᠮᠳᠠᠬᠤ ᠤᠯᠤᠰ ᠢ ᠳᠡᠮᠵᠢᠭᠴᠢᠳ ᠲᠡᠢ ᠬᠠᠮᠲᠤᠷᠠᠭᠰᠠᠨ ᠲᠡᠷᠡ ᠳᠤᠮᠳᠠ ᠪᠠᠨ ᠵᠠᠰᠠᠭ ᠤᠨ ᠭᠠᠵᠠᠷ ᠤᠨ ᠦᠢᠯᠡ ᠠᠵᠢᠯᠯᠠᠭ᠎ᠠ ᠶᠢ ᠲᠤᠩᠭᠠᠯᠠᠭ ᠪᠣᠯᠭᠠᠬᠤ ᠬᠠᠤᠯᠢ ᠲᠣᠭᠲᠠᠭᠠᠯ ᠳᠡᠭᠡᠷ᠎ᠡ ᠠᠵᠢᠯᠯᠠᠵᠤ ᠡᠬᠢᠯᠡᠵᠡᠢ᠃ ᠣᠪᠠᠮᠠ ᠰᠧᠨᠠᠲ᠋ᠣᠷ ᠬᠡᠪᠯᠡᠯ ᠮᠡᠳᠡᠭᠡᠯᠡᠯ ᠦᠨ ᠬᠢᠨ ᠦ ᠬᠠᠶᠢᠷ᠎ᠠ ᠶᠢ ᠲᠠᠲᠠᠵᠤ ᠴᠢᠳᠠᠭᠰᠠᠨ ᠪᠥᠭᠡᠳ ᠤᠳᠠᠯ ᠦᠭᠡᠢ ᠸᠠᠰᠢᠩᠲ᠋ᠣᠨ ᠳᠤ ᠠᠩᠬᠠᠷᠤᠯ ᠲᠠᠲᠠᠳᠠᠭ ᠬᠦᠮᠦᠰ ᠦᠨ ᠲᠣᠭᠠᠨ ᠳᠤ ᠪᠠᠭᠲᠠᠳᠠᠭ ᠪᠣᠯᠤᠭᠰᠠᠨ ᠶᠤᠮ᠃ 2006 ᠣᠨ ᠤ ᠨᠠᠮᠤᠷ ᠠᠵᠢᠭᠯᠠᠭᠴᠢᠳ ᠲᠡᠭᠦᠨ ᠢ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠨᠡᠷ᠎ᠡ ᠳᠡᠪᠰᠢᠬᠦ ᠪᠣᠯᠤᠮᠵᠢ ᠲᠠᠢ ᠭᠡᠵᠦ ᠶᠠᠷᠢᠬᠤ ᠪᠣᠯᠤᠭᠰᠠᠨ᠃ 2007 ᠣᠨ ᠤ ᠡᠬᠢ ᠪᠡᠷ ᠠᠷᠠᠳᠴᠢᠯᠠᠭᠰᠠᠨ ᠨᠠᠮ ᠤᠨ ᠬᠢᠨ ᠤ ᠣᠨᠴᠠᠯᠠᠵᠤ ᠪᠠᠶᠢᠭ᠎ᠠ ᠬᠦᠮᠦᠰ ᠦᠨ ᠲᠣᠭᠠᠨ ᠳᠤ ᠣᠪᠠᠮᠠ ᠬᠢᠯᠯᠠᠷᠢ ᠺᠯᠢᠨᠲ᠋ᠣᠨ ᠤ ᠳᠠᠷᠠᠭ᠎ᠠ ᠣᠷᠣᠭᠰᠠᠨ᠃ ᠭᠡᠬᠦ ᠳᠦ ᠪᠡᠨ ᠫᠷᠠᠶᠢᠮᠧᠷᠢᠽᠢ ᠶᠢᠨ ᠦᠷ᠎ᠡ ᠳ᠋ᠦᠩ ᠳᠦ ᠲᠡᠷᠡ ᠦᠶ᠎ᠡ ᠳᠦ ᠡᠨᠡᠬᠦ ᠨᠠᠮ ᠤᠨ ᠳᠡᠪᠰᠢᠭᠴᠢ ᠪᠠᠶᠢᠭᠰᠠᠨ ᠣᠪᠠᠮᠠ ᠢᠯᠠᠵᠠᠢ᠃

ᠬᠤᠪᠢ ᠶᠢᠨ ᠠᠮᠢᠳᠤᠷᠠᠯ 1989 ᠣᠨ ᠳᠤ ᠣᠪᠠᠮᠠ ᠬᠠᠤᠯᠢ ᠶᠢᠨ ᠺᠣᠮᠫᠠᠨᠢ ᠳᠤ ᠠᠵᠢᠯᠯᠠᠵᠤ ᠪᠠᠶᠢᠬᠤ ᠳᠤ ᠪᠠᠨ ᠲᠡᠷᠡ ᠦᠶ᠎ᠡ ᠳᠦ ᠬᠠᠤᠯᠢ ᠶᠢᠨ ᠵᠥᠪᠯᠡᠬᠦ ᠪᠡᠷ ᠠᠵᠢᠯᠯᠠᠵᠤ ᠪᠠᠶᠢᠭᠰᠠᠨ ᠢᠷᠡᠭᠡᠳᠦᠢ ᠶᠢᠨ ᠡᠬᠡᠨᠡᠷ ᠮᠥᠱᠧᠯ ᠷᠣᠪᠢᠨᠰᠣᠨ ᠲᠠᠢ ᠲᠠᠨᠢᠯᠴᠠᠭᠰᠠᠨ ᠶᠤᠮ᠃ ᠬᠠᠤᠯᠢ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ ᠤᠨ ᠵᠡᠷᠭᠡ ᠶᠢ ᠬᠠᠮᠠᠭᠠᠯᠠᠭᠰᠠᠨ ᠤ ᠳᠠᠷᠠᠭ᠎ᠠ 1992 ᠣᠨ ᠳᠤ ᠪᠠᠷᠠᠺ ᠣᠪᠠᠮᠠ ᠮᠥᠱᠧᠯ ᠷᠣᠪᠢᠨᠰᠠᠨ ᠨᠠᠷ ᠭᠡᠷᠯᠡᠭᠰᠡᠨ ᠪᠠᠶᠢᠴᠠᠢ᠃ ᠲᠡᠳᠡ ᠮᠠᠯᠢᠶ᠎ᠠ /8 ᠨᠠᠰᠤᠲᠠᠢ/᠂ ᠰᠠᠱᠠ /5 ᠨᠠᠰᠤᠲᠠᠢ/ ᠭᠡᠳᠡᠭ ᠬᠣᠶᠠᠷ ᠥᠬᠢᠨ ᠲᠠᠢ᠃ ᠪᠠᠷᠠᠺ ᠪᠠ ᠮᠥᠱᠧᠯ ᠣᠪᠠᠮᠠ ᠴᠢᠺᠠᠭᠤ᠋ ᠶᠢᠨ ᠾᠷᠢᠰᠲ ᠤᠨ ᠰᠦᠮ᠎ᠡ ᠳᠦ ᠣᠴᠢᠳᠠᠭ ᠭᠡᠵᠦ ᠠᠯᠪᠠᠨ ᠶᠣᠰᠣᠨ ᠤ ᠨᠠᠮᠲᠠᠷ ᠳᠡᠭᠡᠷ᠎ᠡ ᠪᠢᠴᠢᠭᠳᠡᠭᠰᠡᠨ ᠪᠠᠶᠢᠳᠠᠭ᠃ ᠲᠡᠳᠡ ᠭᠡᠷ ᠪᠦᠯᠢ ᠪᠡᠷ ᠢᠶᠡᠨ ᠾᠷᠢᠰᠲ ᠤᠨ ᠨᠢᠭᠡᠳᠦᠭᠰᠡᠨ ᠰᠦᠮ᠎ᠡ ᠳᠦ ᠲᠣᠭᠲᠠᠮᠠᠯ ᠣᠴᠢᠳᠠᠭ ᠠᠵᠢ᠃

ᠰᠣᠨᠢᠷᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠪᠠᠮᠠ ᠵᠥᠪᠬᠡᠨ ᠤᠯᠤᠰ ᠲᠥᠷᠥ ᠶᠢᠨ ᠠᠵᠢᠯᠲᠠᠨ ᠠᠴᠠ ᠭᠠᠳᠠᠨ᠎ᠠ ᠵᠣᠬᠢᠶᠠᠯᠴᠢ ᠶᠤᠮ᠃ ᠣᠳᠣ ᠶᠢᠨ ᠪᠠᠶᠢᠳᠠᠯ ᠢᠶᠠᠷ ᠲᠡᠭᠦᠨ ᠦ ᠨᠠᠮᠲᠠᠷ ᠠᠴᠠ ᠰᠡᠳᠦᠪᠯᠡᠭᠰᠡᠨ 《ᠠᠪᠤ ᠠᠴᠠ ᠪᠠᠨ ᠥᠪᠯᠡᠭᠰᠡᠨ ᠮᠥᠷᠥᠭᠡᠳᠦᠯ》᠂ ᠮᠥᠨ ᠤᠯᠤᠰ ᠲᠥᠷᠥ ᠶᠢᠨ ᠪᠣᠳᠣᠯᠭ᠎ᠠ ᠶᠢᠨ ᠲᠠᠯ᠎ᠠ ᠪᠠᠷ ᠪᠢᠴᠢᠭᠰᠡᠨ 《ᠢᠲᠡᠭᠡᠯ ᠦᠨ ᠵᠣᠷᠢᠭ》 ᠵᠡᠷᠭᠡ ᠬᠣᠶᠠᠷ ᠨᠣᠮ ᠬᠡᠪᠯᠡᠭᠳᠡᠭᠡᠳ ᠪᠠᠶᠢᠨ᠎ᠠ᠃ ᠣᠳᠣ ᠲᠡᠭᠦᠨ ᠦ ᠡᠬᠡᠨᠡᠷ ᠬᠡᠦᠬᠡᠳ ᠦᠳ ᠲᠡᠢ ᠪᠡᠨ ᠬᠠᠮᠲᠤᠷᠠᠨ ᠪᠢᠴᠢᠭᠰᠡᠨ ᠬᠡᠦᠬᠡᠳ ᠦᠳ ᠲᠦ ᠵᠣᠷᠢᠭᠤᠯᠤᠭᠳᠠᠭᠰᠠᠨ ᠨᠣᠮ ᠨᠢ ᠬᠡᠪᠯᠡᠭᠳᠡᠬᠦ ᠳᠦ ᠪᠡᠯᠡᠨ ᠪᠣᠯᠤᠭᠠᠳ ᠪᠠᠶᠢᠭ᠎ᠠ ᠠᠵᠢ᠃ ᠨᠡᠮᠡᠵᠦ ᠳᠤᠷᠠᠳᠬᠤ ᠳᠤ 《ᠠᠪᠤ ᠠᠴᠠ ᠪᠠᠨ ᠥᠪᠯᠡᠭᠰᠡᠨ ᠮᠥᠷᠥᠭᠡᠳᠦᠯ》 ᠨᠣᠮ ᠤᠨ ᠠᠦ᠋ᠳᠢᠣ᠋ ᠬᠤᠪᠢᠯᠪᠤᠷᠢ ᠨᠢ 2006 ᠣᠨ ᠳᠤ Grammy ᠱᠠᠩᠨᠠᠯ ᠢ ᠬᠦᠷᠲᠡᠭᠰᠡᠨ ᠶᠤᠮ᠃

ᠥᠷᠢᠰᠦᠯᠳᠡᠭᠴᠢᠳ ᠣᠳᠣ ᠪᠠᠷ ᠣᠪᠠᠮᠠ ᠵᠢᠨ ᠤᠯᠤᠰ ᠲᠥᠷᠥ ᠶᠢᠨ ᠬᠠᠮᠤᠭ ᠤᠨ ᠭᠣᠣᠯ ᠥᠷᠢᠰᠦᠯᠳᠦᠭᠴᠢ ᠨᠢ ᠠᠷᠢᠽᠣᠨᠠ ᠮᠤᠵᠢ ᠶᠢᠨ ᠰᠧᠨᠠᠲ᠋ᠣᠷ ᠳᠵᠢᠨ ᠮᠠᠺᠺᠧᠶᠢᠨ ᠶᠤᠮ᠃ ᠨᠢᠭᠡᠳᠦᠭᠰᠡᠨ ᠭᠣᠷᠢᠯᠠᠭᠴᠢᠳ ᠤᠨ ᠰᠣᠩᠭᠣᠭᠤᠯᠢ ᠳᠤ ᠤᠯᠤᠰ ᠲᠥᠷᠥ ᠶᠢᠨ ᠭᠣᠣᠯ ᠥᠷᠢᠰᠦᠯᠳᠦᠭᠴᠢ ᠨᠢ ᠠᠷᠠᠳᠴᠢᠯᠠᠭᠰᠠᠨ ᠨᠠᠮ ᠠᠴᠠ ᠨᠡᠷ᠎ᠡ ᠳᠡᠪᠰᠢᠭᠴᠢ ᠬᠢᠯᠯᠠᠷᠢ ᠺᠯᠢᠨᠳᠣᠨ ᠪᠠᠶᠢᠭᠰᠠᠨ᠃

ᠰᠤᠯᠠ ᠲᠠᠯ᠎ᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠪᠡᠷ ᠦᠨ ᠨᠠᠮᠲᠠᠷ ᠢ ᠪᠢᠴᠢᠭᠰᠡᠨ 《 ᠠᠪᠤ ᠠᠴᠠ ᠪᠠᠨ ᠥᠪᠯᠡᠭᠰᠡᠨ ᠮᠥᠷᠥᠭᠡᠳᠦᠯ》 ᠨᠣᠮᠣᠨ ᠳᠤ ᠪᠠᠨ ᠬᠡᠴᠡᠭᠦᠦ ᠦᠶᠡᠳᠡᠭᠡ ᠲᠡᠷᠡ ᠬᠠᠷ᠎ᠠ ᠲᠠᠮᠠᠬᠢ ᠰᠣᠨᠢᠷᠬᠠᠵᠤ ᠪᠠᠶᠢᠭᠰᠠᠨ ᠭᠡᠳᠡᠭ ᠢᠶᠡᠨ ᠪᠢᠴᠢᠵᠡᠢ᠃ ᠭᠡᠬᠦ ᠳᠦ ᠪᠡᠨ 《ᠰᠣᠨᠢᠷᠬᠠᠵᠤ ᠪᠠᠶᠢᠭᠰᠠᠨ》 ᠭᠡᠳᠡᠭ ᠨᠢ ᠮᠠᠷᠢᠬᠤᠠᠶᠢᠨ(吗啡 Morphine) ᠪᠠ ᠺᠣᠺᠠᠶᠢᠨ ᠬᠡᠷᠡᠭᠯᠡᠬᠦ ᠮᠥᠩᠭᠥ ᠲᠡᠢ ᠪᠠᠶᠢᠭᠰᠠᠨ ᠬᠦᠮᠦᠨ ᠦ ᠬᠤᠪᠢ ᠳᠤ ᠪᠣᠯ ᠨᠡᠯᠢᠶᠡᠨ ᠴᠢᠩᠭ᠎ᠠ ᠰᠣᠨᠣᠰᠤᠭᠳᠠᠬᠤ ᠦᠭᠡ ᠯᠠ ᠳ᠋ᠡ᠃ ᠶᠡᠷᠦᠩᠬᠡᠶᠢᠯᠡᠭᠴᠢ ᠵᠠᠯᠠᠭᠤᠰ ᠶᠠᠭᠠᠬᠢᠭᠠᠳ ᠬᠠᠷ᠎ᠠ ᠲᠠᠮᠠᠬᠢ ᠶᠢ ᠰᠣᠨᠢᠷᠬᠠᠳᠠᠭ ᠢ ᠣᠶᠢᠯᠠᠭᠠᠳᠠᠭ᠃ ᠡᠨᠡ ᠨᠢ ᠡᠶᠢᠮᠦ ᠲᠣᠮᠣ ᠤᠯᠤᠰ ᠲᠥᠷᠦᠴᠢ ᠶᠢᠨ ᠬᠤᠪᠢ ᠳᠤ ᠮᠠᠰᠢ ᠠᠶᠤᠯ ᠲᠠᠢ ᠮᠡᠳᠡᠭᠡᠯᠡᠯ ᠶᠤᠮ᠃ ᠵᠢᠱᠢᠶ᠎ᠡ ᠨᠢ᠂ ᠪᠢᠯ ᠺᠯᠢᠨᠲ᠋ᠣᠨ ᠢ ᠣᠶᠤᠲᠠᠨ ᠪᠠᠶᠢᠬᠤ ᠳᠤ ᠪᠠᠨ ᠮᠠᠷᠢᠬᠤᠸᠠ ᠲᠠᠢ ᠲᠠᠮᠠᠬᠢ ᠲᠠᠲᠠᠭᠰᠠᠨ ᠶᠠᠪᠤᠳᠠᠯ ᠢ ᠬᠦᠮᠦᠰ ᠤᠳᠠᠭᠠᠨ ᠬᠤᠭᠤᠴᠠᠭᠠᠨ ᠤ ᠲᠤᠷᠰᠢ ᠰᠠᠨᠠᠵᠤ ᠶᠠᠪᠤᠭᠰᠠᠨ᠃ ᠭᠡᠪᠡᠴᠦ ᠪᠠᠷᠠᠺ ᠣᠪᠠᠮ᠎ᠠ ᠥᠪᠡᠷ ᠦᠨ ᠢᠶᠡᠨ ᠬᠠᠭᠤᠴᠢᠨ ᠤ ᠨᠢᠭᠦᠯ ᠪᠠ ᠠᠯᠳᠠᠭ᠎ᠠ ᠨᠤᠭᠤᠳ ᠢᠶᠠᠨ ᠣᠯᠠᠨ ᠨᠡᠶᠢᠲᠡ ᠳᠦ ᠵᠠᠷᠯᠠᠭᠰᠠᠨ ᠶᠤᠮ᠃

ᠣᠳᠣ ᠴᠤ ᠭᠡᠰᠡᠨ ᠣᠪᠠᠮ᠎ᠠ ᠪᠦᠷᠢᠮᠥᠰᠦᠨ ᠮᠠᠭᠤ ᠵᠤᠷᠰᠢᠯ ᠠᠴᠠ ᠪᠠᠨ ᠰᠠᠯᠵᠤ ᠴᠢᠳᠠᠭ᠎ᠠ ᠦᠭᠡᠢ ᠭᠡᠳᠡᠭ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠲᠣᠭᠲᠠᠮᠠᠯ ᠪᠤᠰᠤ ᠲᠠᠮᠠᠬᠢᠴᠢᠨ᠃ ᠡᠨᠡ ᠨᠢ ᠲᠣᠳᠣᠷᠬᠠᠢ ᠨᠥᠬᠥᠴᠡᠯ ᠳᠦ ᠯᠠ ᠲᠠᠮᠠᠬᠢ ᠲᠠᠲᠠᠳᠠᠭ ᠬᠦᠮᠦᠰ ᠢ ᠲᠣᠳᠣᠷᠬᠠᠶᠢᠯᠠᠭᠰᠠᠨ ᠬᠡᠯᠡᠯᠭᠡ᠃ ᠨᠠᠶᠢᠽᠤᠤᠳ ᠲᠠᠢ ᠪᠠᠨ ᠨᠠᠷᠭᠢᠬᠤ ᠳᠤ ᠪᠠᠨ ᠡᠰᠡᠪᠡᠯ ᠷᠧᠰᠲ᠋ᠣᠷᠠᠨ ᠳᠤ ᠰᠠᠶᠢᠬᠠᠨ ᠬᠣᠭᠣᠯᠠ ᠢᠳᠡᠰᠦᠨ ᠦ ᠳᠠᠷᠠᠭ᠎ᠠ ᠲᠠᠮᠠᠬᠢ ᠲᠠᠲᠠᠳᠠᠭ᠃

ᠣᠪᠠᠮᠠᠭ ᠤᠨ ᠪᠠᠰᠠ ᠨᠢᠭᠡ ᠰᠤᠯᠠ ᠲᠠᠯ᠎ᠠ ᠪᠣᠯ ᠬᠠᠷ᠎ᠠ ᠠᠷᠠᠰᠤᠲᠠᠨ ᠭᠡᠳᠡᠭ ᠠᠰᠠᠭᠤᠳᠠᠯ᠃ ᠬᠠᠷ᠎ᠠ ᠠᠷᠠᠰᠤᠲᠤ ᠬᠦᠮᠦᠨ ᠠᠮᠠ ᠶᠢᠨ ᠨᠢᠭᠡ ᠬᠡᠰᠡᠭ ᠪᠠ ᠡᠨᠡᠬᠦ ᠴᠥᠭᠡᠨ ᠲᠣᠭ᠎ᠠ ᠲᠠᠢ ᠬᠦᠮᠦᠰ ᠦᠨ ᠨᠥᠯᠥᠭᠡ ᠲᠡᠢ ᠲᠥᠯᠥᠭᠡᠯᠡᠭᠴᠢᠳ ᠨᠢ ᠣᠪᠠᠮᠠ ᠶᠢ ᠥᠪᠡᠷ ᠦᠨ ᠬᠦᠮᠦᠨ ᠭᠡᠵᠦ ᠬᠦᠯᠢᠶᠡᠨ ᠵᠥᠪᠰᠢᠶᠡᠷᠡᠬᠦ ᠶᠢ ᠶᠠᠭᠠᠷᠠᠭ᠎ᠠ ᠦᠭᠡᠢ ᠭᠡᠳᠡᠭ ᠨᠢ ᠰᠡᠭᠦᠯ ᠳᠦ ᠮᠡᠳᠡᠭᠳᠡᠭᠰᠡᠨ᠃ ᠤᠴᠢᠷ ᠨᠢ ᠣᠪᠠᠮ᠎ᠠ ᠥᠷᠥᠨᠡᠲᠦ ᠠᠹᠷᠢᠺᠠ ᠠᠴᠠ ᠠᠮᠧᠷᠢᠺᠠ ᠲᠢᠪ ᠷᠦᠦ ᠪᠣᠭᠣᠯᠴᠢᠯᠠᠭᠳᠠᠵᠤ ᠢᠷᠡᠭᠰᠡᠨ 《ᠵᠢᠩᠬᠢᠨᠢ》 ᠠᠮᠧᠷᠢᠺᠠ ᠨᠧᠭᠷ ᠪᠢᠰᠢ ᠪᠠᠶᠢᠯ᠎ᠠ᠃ ᠡᠭᠦᠨ ᠡᠴᠡ ᠭᠠᠳᠠᠨ᠎ᠠ ᠲᠡᠷᠡ ᠠᠹᠷᠣ-ᠠᠮᠧᠷᠢᠺᠠ ᠤᠯᠤᠰ ᠲᠥᠷᠦᠴᠢᠳ ᠢ ᠪᠣᠳᠣᠪᠠᠯ ᠬᠠᠷ᠎ᠠ ᠠᠷᠠᠰᠤᠲᠠᠨ ᠨᠤᠭᠤᠳ ᠤᠨ ᠡᠷᠬᠡ ᠶᠢᠨ ᠲᠥᠯᠥᠭᠡ ᠲᠡᠮᠡᠴᠡᠯ ᠳᠦ ᠣᠷᠣᠯᠴᠠᠵᠤ ᠦᠵᠡᠭᠡ ᠦᠭᠡᠢ᠃ 2007 ᠣᠨ ᠤ 3 ᠰᠠᠷ᠎ᠠ ᠳᠤ ᠣᠪᠠᠮᠠᠭ ᠤᠨ ᠡᠵᠢ ᠶᠢᠨ ᠬᠢ ᠨᠢ ᠭᠡᠷ ᠪᠦᠯᠢ ᠪᠣᠭᠣᠯᠴᠢᠯᠠᠯ ᠡᠷᠬᠢᠯᠡᠳᠡᠭ ᠪᠠᠶᠢᠭᠰᠠᠨ ᠭᠡᠰᠡᠨ ᠮᠡᠳᠡᠭᠡᠯᠡᠯ ᠢ ᠬᠡᠪᠯᠡᠯ ᠦᠨ ᠬᠢᠨ ᠲᠠᠷᠠᠭᠠᠭᠰᠠᠨ ᠤ ᠳᠠᠷᠠᠭ᠎ᠠ ᠨᠥᠬᠥᠴᠡᠯ ᠪᠠᠶᠢᠳᠠᠯ ᠬᠦᠨᠳᠦᠷᠡᠭᠰᠡᠨ᠃

ᠳᠠᠪᠠᠭᠤ ᠲᠠᠯ᠎ᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠠᠺ ᠣᠪᠠᠮ᠎ᠠ ᠶᠡᠷᠦᠩᠬᠡᠶᠢᠯᠡᠭᠴᠢ ᠪᠣᠯᠬᠤ ᠢᠷᠡᠭᠡᠳᠦᠢ ᠲᠡᠢ ᠭᠡᠭᠳᠡᠳᠡᠭ ᠴᠣᠷ ᠤᠨ ᠭᠠᠭᠴᠠ ᠬᠠᠷ᠎ᠠ ᠠᠷᠠᠰᠤ ᠲᠠᠢ ᠤᠯᠤᠰ ᠲᠥᠷᠦᠴᠢ ᠪᠢᠰᠢ ᠪᠡᠨ᠃ ᠲᠡᠭᠡᠬᠦ ᠳᠦ ᠪᠡᠨ ᠲᠡᠭᠦᠨ ᠦ ᠴᠢᠳᠠᠪᠤᠷᠢ ᠶᠢ ᠬᠡᠨ ᠴᠤ ᠦᠭᠡᠶᠢᠰᠬᠡᠳᠡᠭ ᠦᠭᠡᠢ᠃ ᠣᠪᠠᠮ᠎ᠠ ᠪᠣᠯ ᠡᠷᠡᠭᠡᠯᠵᠡᠭᠡ ᠦᠭᠡᠢ ᠤᠯᠤᠰ ᠲᠥᠷᠥ ᠶᠢᠨ ᠨᠠᠷᠢᠨ ᠮᠡᠳᠡᠷᠡᠮᠵᠢ ᠲᠡᠢ ᠪᠥᠭᠡᠳ ᠵᠥᠪᠬᠡᠨ ᠠᠪᠢᠶᠠᠰᠯᠢᠭ ᠣᠯᠠᠨ ᠨᠡᠶᠢᠲᠡ ᠶᠢᠨ ᠠᠵᠢᠯᠲᠠᠨ ᠪᠠ ᠤᠷᠠᠨ ᠢᠯᠡᠳᠬᠡᠭᠴᠢ ᠨᠠᠷᠠᠲᠤ ᠪᠠᠶᠢᠳᠠᠭ ᠲᠡᠷᠬᠡᠦ ᠣᠨᠴᠠᠭᠠᠢ ᠬᠣᠪᠣᠷ ᠵᠠᠶᠠᠭᠠᠭᠳᠠᠳᠠᠭ ᠬᠠᠷᠢᠰᠮ ᠲᠠᠢ᠃ ᠣᠪᠠᠮ᠎ᠠ ᠤᠷᠠᠨ ᠢᠯᠡᠳᠬᠡᠭᠴᠢ ᠶᠢᠨ ᠠᠷᠭ᠎ᠠ ᠨᠤᠭᠤᠳ ᠢ ᠮᠠᠰᠢ ᠰᠠᠶᠢᠨ ᠡᠵᠡᠮᠰᠢᠭᠰᠡᠨ᠃

ᠪᠠᠷᠠᠺ ᠣᠪᠠᠮ᠎ᠠ ᠬᠡᠪ ᠦᠨ ᠪᠤᠰᠤ ᠦᠵᠡᠯ ᠪᠣᠳᠣᠯ ᠲᠠᠢ ᠬᠦᠮᠦᠨ᠃ ᠲᠡᠷᠡ ᠪᠡᠷ ᠡᠮᠡᠭᠲᠡᠶᠢᠴᠦᠳ ᠦᠨ ᠠᠪᠣᠷᠲᠣᠩ ᠳᠤ ᠤᠷᠤᠬᠤ ᠡᠷᠬᠡ᠂ ᠲᠦᠩᠰᠢ ᠶᠢᠨ ᠡᠬᠢ ᠡᠭᠦᠰᠪᠦᠷᠢ ᠶᠢ ᠥᠭᠡᠷ᠎ᠡ ᠠᠷᠭ᠎ᠠ ᠪᠠᠷ ᠤᠯᠬᠤ᠂ ᠴᠠᠭᠠᠴᠢᠳ ᠲᠤ ᠬᠠᠨᠳᠤᠬᠤ ᠬᠠᠨᠳᠤᠯᠭ᠎ᠠ ᠨᠤᠭᠤᠳ ᠢ ᠵᠦᠭᠡᠯᠡᠷᠡᠭᠦᠯᠬᠦ ᠲᠠᠯ᠎ᠠ ᠪᠠᠷ ᠶᠠᠷᠢᠳᠠᠭ᠃ ᠲᠡᠷᠡ ᠪᠣᠯ ᠠᠮᠧᠷᠢᠺᠠ ᠶᠢᠨ ᠪᠣᠳᠠᠲᠤ ᠪᠠᠶᠢᠳᠠᠯ ᠤᠨ ᠪᠦᠬᠦᠢ ᠯᠠ ᠬᠦᠷᠢᠶᠡᠨ ᠳᠦ ᠦᠨᠡᠬᠡᠷ ᠠᠷᠠᠳᠴᠢᠯᠠᠭᠰᠠᠨ ᠦᠵᠡᠯ ᠪᠣᠳᠣᠯ ᠢ ᠪᠠᠷᠢᠮᠲᠠᠯᠠᠳᠠᠭ ᠬᠦᠮᠦᠨ᠃

ᠠᠮᠵᠢᠯᠲᠠ ᠪᠠ ᠪᠦᠲᠦᠯᠭᠦᠶᠢᠲᠦᠯ ᠣᠪᠠᠮ᠎ᠠ ᠡᠬᠢᠨ ᠦ ᠲᠣᠮᠣ ᠠᠮᠵᠢᠯᠲᠠ ᠪᠠᠨ ᠣᠶᠤᠲᠠᠨ ᠪᠠᠶᠢᠬᠤ ᠦᠶᠡᠳᠡᠭᠡ ᠣᠯᠵᠤ ᠪᠠᠶᠢᠭᠰᠠᠨ᠃ 1990 ᠣᠨ ᠳᠤ ᠪᠠᠷᠠᠺ ᠬᠠᠷᠸᠷᠳ᠋ ᠤᠨ ᠬᠠᠤᠯᠢᠴᠢᠳ ᠤᠨ ᠺᠯᠥ᠋ᠪ ᠤᠨ 100 ᠍ ᠊ᠭᠠᠳ ᠵᠢᠯ ᠦᠨ ᠲᠡᠦᠬᠡᠨ ᠳᠦ ᠳ᠋ᠡᠬᠢ ᠠᠩᠬᠠᠨ ᠤ ᠬᠠᠷ᠎ᠠ ᠠᠷᠠᠰᠤᠲᠤ ᠶᠡᠷᠦᠩᠬᠡᠶᠢᠯᠡᠭᠴᠢ ᠪᠣᠯᠵᠤ ᠪᠠᠶᠢᠭᠰᠠᠨ ᠨᠢ ᠬᠠᠷ᠎ᠠ ᠠᠷᠠᠰᠤᠲᠤ ᠣᠶᠤᠲᠠᠨ ᠢ ᠣᠨᠴᠠᠭᠠᠢ ᠭᠡᠵᠦ ᠬᠠᠷᠠᠭᠳᠠᠭᠤᠯᠤᠭᠰᠠᠨ ᠠᠩᠬᠠᠨ ᠤ ᠶᠠᠪᠤᠳᠠᠯ ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡᠪᠡᠷ ᠳᠤᠷᠠᠰᠤᠮᠵᠢ ᠶᠢᠨ ᠨᠣᠮ ᠳᠤ ᠪᠠᠨ ᠣᠯᠠᠨ ᠲᠥᠷᠥᠯ ᠦᠨ ᠭᠠᠷᠤᠯ ᠤᠭᠰᠠᠭ᠎ᠠ ᠶᠢ ᠪᠤᠰᠤᠳ ᠬᠦᠮᠦᠰ ᠬᠡᠷᠬᠢᠨ ᠬᠦᠯᠢᠶᠡᠵᠦ ᠠᠪᠬᠤ ᠦᠵᠡᠯ ᠪᠣᠳᠣᠯ ᠢ ᠨᠡᠶᠢᠭᠡᠮ ᠳᠦ ᠵᠠᠰᠠᠬᠤ᠂ ᠥᠭᠡᠷᠡᠴᠢᠯᠡᠬᠦ ᠶᠢᠨ ᠲᠥᠯᠥᠭᠡ ᠬᠢᠴᠢᠶᠡᠳᠡᠭ ᠪᠠᠶᠢᠭᠰᠠᠨ ᠢᠶᠠᠨ ᠪᠢᠴᠢᠵᠡᠢ᠃ ᠲᠡᠷᠡ ᠡᠴᠢᠭᠡ ᠡᠬᠡ ᠪᠡᠨ ᠰᠠᠯᠤᠭᠰᠠᠨ ᠠᠴᠠ ᠬᠣᠶᠢᠰᠢ ᠲᠦᠷᠦᠭᠰᠡᠨ ᠠᠪᠤ ᠲᠠᠢ ᠪᠠᠨ 1971 ᠣᠨ ᠳᠤ ᠭᠠᠭᠴᠠ ᠤᠳᠠᠭ᠎ᠠ ᠠᠭᠤᠯᠵᠠᠭᠰᠠᠨ᠃ (ᠡᠴᠢᠭᠡ ᠨᠢ 1982 ᠣᠨ ᠳᠤ ᠮᠠᠰᠢᠨ ᠤ ᠣᠰᠣᠯ ᠢᠶᠠᠷ ᠨᠠᠰᠤ ᠪᠠᠷᠠᠵᠠᠢ᠃) ᠪᠠᠰᠠ ᠲᠡᠷᠡᠪᠡᠷ ᠢᠳᠡᠷ ᠵᠠᠯᠠᠭᠤ ᠨᠠᠰᠤᠨ ᠳᠤ ᠪᠠᠨ ᠠᠷᠢᠬᠢ ᠲᠠᠮᠠᠬᠢ᠂ ᠺᠣᠺᠠᠶᠢᠨ᠂ ᠮᠠᠷᠢᠬᠤ᠎ᠠ ᠶᠢᠨ ᠬᠡᠷᠡᠭᠯᠡᠵᠦ ᠪᠠᠶᠢᠭᠰᠠᠨ ᠢᠶᠠᠨ ᠮᠥᠨ ᠨᠣᠮ ᠳᠤ ᠪᠠᠨ ᠬᠦᠯᠢᠶᠡᠨ ᠵᠥᠪᠰᠢᠶᠡᠷᠡᠴᠡᠢ᠃

ᠠᠬᠠᠯᠠᠬᠤ ᠰᠤᠷᠭᠠᠭᠤᠯᠢ ᠲᠡᠭᠦᠰ ᠢᠶᠡᠨ ᠳᠦ ᠣᠪᠠᠮ᠎ᠠ ᠯᠣᠰ ᠠᠨᠵᠧᠯᠧᠰ ᠳᠠᠬᠢ ᠣᠺᠺᠰᠢᠳᠧᠨᠲᠯᠠ ᠺᠣᠯᠯᠧᠵᠢ ᠳᠤ ᠬᠣᠶᠠᠷ ᠵᠢᠯ ᠰᠤᠷᠠᠭᠠᠳ ᠳᠠᠷᠠᠭ᠎ᠠ ᠨᠢ ᠨᠶᠤ-ᠢᠣᠷᠺ ᠳᠠᠬᠢ ᠺᠣᠯᠤᠮᠪᠢᠶ ᠠ ᠶᠢᠨ ᠶᠡᠬᠡ ᠰᠤᠷᠭᠠᠭᠤᠯᠢ ᠳᠤ ᠰᠢᠯᠵᠢᠵᠦ1983 ᠣᠨ ᠳᠤ ᠤᠯᠤᠰ ᠲᠥᠷᠥ ᠶᠢᠨ ᠤᠬᠠᠭᠠᠨ ᠤ ᠮᠡᠷᠭᠡᠵᠢᠯ ᠢᠶᠡᠷ ᠲᠡᠭᠦᠰᠦᠭᠰᠡᠨ ᠶᠤᠮ᠃

ᠪᠢᠽᠢᠨ᠋ᠧᠰ ᠦᠨ ᠣᠯᠠᠨ ᠤᠯᠤᠰ ᠤᠨ ᠺᠣᠷᠫᠣᠷᠠᠼᠢ (ᠺᠣᠷᠫᠣᠷᠠᠼᠢ ᠶᠢᠨ ᠦᠢᠯᠡᠴᠢᠯᠡᠭᠦᠯᠦᠭᠴᠢᠳ ᠢ ᠣᠯᠠᠨ ᠤᠯᠤᠰ ᠤᠨ ᠪᠢᠽᠢᠨ᠋ᠧᠰ ᠦᠨ ᠮᠡᠳᠡᠭᠡᠯᠡᠯ ᠢᠶᠡᠷ ᠬᠠᠩᠭᠠᠳᠠᠭ ᠺᠣᠮᠫᠠᠨᠢ) ᠮᠥᠨ ᠨᠶᠤ-ᠢᠣᠷᠺ ᠤᠨ ᠣᠯᠠᠨ ᠨᠡᠶᠢᠲᠡ ᠶᠢᠨ ᠰᠣᠨᠢᠷᠬᠠᠯ ᠤᠨ ᠰᠤᠳᠤᠯᠭᠠᠨ ᠤ ᠪᠦᠯᠦᠭ ᠵᠡᠷᠭᠡ ᠳᠦ ᠠᠵᠢᠯᠯᠠᠵᠤ ᠪᠠᠶᠢᠭᠠᠳ ᠣᠪᠠᠮ᠎ᠠ 1985 ᠣᠨ ᠳᠤ ᠴᠢᠺᠠᠭᠣ ᠳᠤ ᠨᠡᠭᠦᠵᠡᠢ᠃ ᠲᠡᠷᠡ ᠪᠡᠷ ᠴᠢᠭ ᠢᠶ᠎ᠠ ᠶᠢᠨ ᠷᠣᠰᠯᠧᠨᠳ ᠳᠠᠬᠢ ᠳᠣᠣᠭᠤᠷ ᠣᠷᠣᠯᠭ᠎ᠠ ᠲᠠᠢ ᠢᠷᠭᠡᠳ ᠦᠨ ᠳᠤᠮᠳᠠ ᠣᠯᠠᠨ ᠨᠡᠶᠢᠲᠡ ᠶᠢᠨ ᠠᠵᠢᠯ ᠵᠣᠬᠢᠶᠠᠨ ᠪᠠᠶᠢᠭᠤᠯᠵᠤ᠂ ᠬᠣᠲᠠ ᠶᠢᠨ ᠡᠮᠦᠨᠡᠲᠦ ᠬᠡᠰᠡᠭ ᠳ᠋ᠡᠬᠢ ᠠᠯᠲ᠋ᠭᠧᠯ ᠳᠤ ᠭᠠᠷᠳᠧᠨᠰ ᠶᠢᠨ ᠨᠡᠶᠢᠲᠡ ᠶᠢᠨ ᠣᠷᠣᠨ ᠰᠠᠭᠤᠴᠠᠵᠢᠭᠤᠯᠬᠤ ᠬᠥᠲᠥᠯᠪᠦᠷᠢ ᠶᠢᠨ ᠠᠵᠢᠯ ᠳᠤ ᠣᠷᠣᠯᠴᠠᠵᠤ ᠪᠠᠶᠢᠴᠠᠢ᠃

ᠰᠢᠲᠦᠯᠭᠡ ᠲᠡᠢ ᠭᠡᠷ ᠪᠦᠯᠢ ᠳᠦ ᠥᠰᠦᠭᠡ ᠦᠭᠡᠢ ᠭᠡᠵᠦ ᠶᠠᠷᠢᠳᠠᠭ ᠪᠠᠶᠢᠭᠰᠠᠨ ᠣᠪᠠᠮ᠎ᠠ ᠴᠢᠺᠠᠭᠣ᠋ ᠳᠤ ᠠᠵᠢᠯᠯᠠᠵᠤ ᠪᠠᠶᠢᠬᠤ ᠦᠶ᠎ᠡ ᠪᠡᠷ ᠾᠷᠢᠰᠲ ᠤᠨ ᠲᠷᠢᠨᠢᠲᠢᠭ ᠤᠨ ᠨᠢᠭᠡᠳᠦᠭᠰᠡᠨ ᠰᠦᠮ᠎ᠡ ᠳᠦ ᠨᠢᠭᠡᠳᠦᠨ ᠣᠷᠣᠵᠠᠢ᠃ ᠲᠡᠷᠡᠪᠡᠷ ᠮᠥᠨ ᠺᠧᠨᠢᠳ ᠪᠠᠶᠢᠳᠠᠭ ᠬᠠᠮᠢᠶᠠᠲᠠᠨ ᠨᠤᠭᠤᠳ ᠪᠣᠯᠤᠨ ᠲᠦᠷᠦᠭᠰᠡᠨ ᠡᠴᠢᠭᠡ᠂ ᠪᠣᠯᠤᠭᠠᠳ ᠡᠪᠦᠭᠡ ᠡᠴᠢᠭᠡ ᠶᠢᠨ ᠢᠶᠡᠨ ᠱᠠᠷᠢᠯ ᠳᠡᠭᠡᠷ᠎ᠡ ᠣᠴᠢᠵᠠᠢ᠃

ᠣᠪᠠᠮ᠎ᠠ 1988 ᠣᠨ ᠳᠤ ᠬᠠᠷᠸᠷᠳ᠋ ᠤᠨ ᠬᠠᠤᠯᠢ ᠶᠢᠨ ᠰᠤᠷᠭᠠᠭᠤᠯᠢ ᠳᠤ ᠡᠯᠰᠡᠨ ᠣᠷᠣᠵᠤ᠂ 1990 ᠣᠨ ᠳᠤ ᠬᠠᠷᠸᠷᠳ᠋ ᠤᠨ ᠬᠠᠤᠯᠢ ᠶᠢᠨ ᠰᠡᠳᠬᠦᠯ ᠦᠨ ᠠᠩᠬᠠᠨ ᠤ ᠬᠠᠷ᠎ᠠ ᠠᠷᠠᠰᠤᠲᠤ ᠠᠮᠧᠷᠢᠺᠠ ᠡᠷᠬᠢᠯᠡᠭᠴᠢ ᠪᠡᠷ ᠰᠣᠩᠭᠣᠭᠳᠠᠵᠠᠢ᠃

ᠣᠪᠠᠮ᠎ᠠ 1991 ᠣᠨ ᠳᠤ ᠠᠺᠠᠳᠧᠮᠢ ᠶᠢᠨ ᠬᠣᠶᠠᠷ ᠳ᠋ᠡᠬᠢ ᠳᠡᠭᠡᠳᠦ ᠬᠦᠨᠳᠦᠳᠬᠡᠯᠳᠦ ᠦᠨᠡᠯᠡᠭᠡ ᠲᠡᠢ ᠲᠡᠭᠦᠰᠦᠭᠰᠡᠨ ᠪᠠᠶᠢᠨ᠎ᠠ᠃

ᠬᠠᠤᠯᠢ ᠶᠢᠨ ᠰᠤᠷᠭᠠᠭᠤᠯᠢ ᠶᠢ ᠲᠡᠭᠦᠰᠦᠭᠡᠳ ᠣᠪᠠᠮ᠎ᠠ ᠢᠷᠭᠡᠨ ᠦ ᠡᠷᠬᠡ ᠶᠢᠨ ᠥᠮᠥᠭᠡᠯᠡᠭᠴᠢ᠂ ᠬᠠᠤᠯᠢᠴᠢ ᠪᠠᠷ ᠠᠵᠢᠯᠯᠠᠬᠤ ᠪᠠᠷ ᠴᠢᠺᠠᠭᠣ ᠣᠷᠣᠭᠣ ᠪᠤᠴᠠᠵᠤ ᠮᠢᠨᠧᠷ᠂ ᠪᠠᠷᠠᠩᠬᠢᠯ ᠪᠠ ᠭᠠᠯᠯᠠᠨ ᠳᠤ ᠬᠡᠮᠡᠬᠦ ᠬᠠᠤᠯᠢ ᠶᠢᠨ ᠪᠠᠶᠢᠭᠤᠯᠤᠯᠭ᠎ᠠ ᠳᠤ ᠠᠵᠢᠯᠯᠠᠬᠤ ᠪᠣᠯᠤᠭᠰᠠᠨ ᠶᠤᠮ᠃ ᠮᠥᠨ ᠲᠡᠷᠡᠪᠡᠷ ᠴᠢᠭ ᠢᠶ᠎ᠠ ᠶᠢᠨ ᠶᠡᠬᠡ ᠰᠤᠷᠭᠠᠭᠤᠯᠢ ᠶᠢᠨ ᠬᠠᠤᠯᠢ ᠶᠢᠨ ᠰᠤᠷᠭᠠᠭᠤᠯᠢ ᠳᠤ ᠬᠢᠴᠢᠶᠡᠯ ᠵᠢᠭᠠᠵᠤ᠂ 1992 ᠣᠨ ᠳᠤ ᠪᠢᠯ ᠺᠯᠢᠨᠲ᠋ᠣᠨ ᠤ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠰᠣᠩᠭᠣᠭᠴᠢᠳ ᠤᠨ ᠪᠦᠷᠢᠳᠬᠡᠯ ᠢ ᠵᠣᠬᠢᠶᠠᠨ ᠪᠠᠶᠢᠭᠤᠯᠬᠤ ᠺᠣᠮᠢᠰ ᠲᠤ ᠠᠵᠢᠯᠯᠠᠵᠤ ᠪᠠᠶᠢᠴᠠᠢ᠃

ᠣᠪᠠᠮ᠎ᠠ 1995 ᠣᠨ ᠳᠤ 《ᠠᠪᠤ ᠶᠢᠨ ᠮᠢᠨᠢ ᠬᠦᠰᠡᠯ ᠮᠥᠷᠥᠭᠡᠳᠦᠯ ᠦᠳ: ᠭᠠᠷᠤᠯ᠂ ᠤᠭᠰᠠᠭ᠎ᠠ ᠡᠪᠦᠭᠡ ᠶᠢᠨ ᠲᠤᠬᠠᠢ ᠦᠭᠦᠯᠡᠯ》 ᠬᠡᠮᠡᠬᠦ ᠥᠪᠡᠷ ᠦᠨ ᠨᠠᠮᠲᠠᠷ ᠵᠣᠬᠢᠶᠠᠯ ᠢᠶᠠᠨ ᠬᠡᠪᠯᠡᠭᠦᠯᠵᠡᠢ᠃ ᠡᠨᠡᠬᠦ ᠨᠣᠮ ᠤᠨ ᠢᠶᠠᠨ ᠠᠦ᠋ᠳᠢᠣ᠋ ᠬᠡᠯᠪᠡᠷᠢ ᠪᠡᠷ ᠨᠢ ᠭᠷᠠᠮᠢ ᠶᠢᠨ ᠱᠠᠩᠨᠠᠯ ᠬᠦᠷᠢᠲᠦᠵᠡᠢ᠃

ᠣᠪᠠᠮ᠎ᠠ ᠶᠢᠨ ᠥᠮᠥᠭᠡᠯᠡᠭᠴᠢ ᠶᠢᠨ ᠠᠵᠢᠯ ᠨᠢ ᠲᠡᠭᠦᠨ ᠢ ᠠᠷᠠᠳᠴᠢᠯᠠᠭᠰᠠᠨ ᠨᠠᠮ ᠠᠴᠠ ᠢᠯᠯᠢᠨᠣᠶᠢᠰ ᠦᠨ ᠮᠤᠵᠢ ᠶᠢᠨ ᠰᠧᠨᠠᠲ ᠲᠤ ᠨᠡᠷ᠎ᠡ ᠳᠡᠪᠰᠢᠬᠦ ᠳᠦ ᠬᠦᠷᠭᠡᠭᠰᠡᠨ ᠶᠤᠮ᠃ ᠲᠡᠷᠡ ᠪᠡᠷ 1996 ᠣᠨ ᠳᠤ ᠬᠠᠢ ᠳᠤ ᠫᠠᠷᠺ ᠤᠨ ᠡᠮᠦᠨᠡᠲᠦ ᠬᠡᠰᠡᠭ ᠡᠴᠡ ᠰᠣᠨᠰᠭᠳᠠᠭᠰᠠᠨ ᠪᠢᠯᠡ᠃

ᠡᠨᠡ ᠣᠨ ᠵᠢᠯ ᠤᠨᠳ ᠲᠤ ᠣᠪᠠᠮ᠎ᠠ ᠠᠷᠠᠳᠴᠢᠯᠠᠭᠰᠠᠨ ᠪᠣᠯᠤᠨ ᠪᠦᠭᠦᠳᠡ ᠨᠠᠶᠢᠷᠠᠮᠳᠠᠬᠤ ᠨᠠᠮ ᠤᠳ ᠤᠨ ᠠᠯᠢ ᠠᠯᠢᠨ ᠲᠠᠢ ᠬᠠᠮᠲᠤᠷᠠᠨ ᠶᠣᠰᠣ ᠵᠦᠢ ᠶᠢᠨ᠂ ᠥᠷᠭᠡᠵᠢᠭᠦᠯᠦᠭᠰᠡᠨ ᠡᠷᠡᠭᠦᠯ ᠮᠡᠨᠳᠦ ᠶᠢᠨ ᠬᠠᠯᠠᠮᠵᠢ ᠶᠢᠨ ᠦᠢᠯᠡᠴᠢᠯᠡᠭᠡᠨ ᠦ ᠪᠣᠯᠤᠨ ᠶᠠᠳᠠᠭᠤ ᠬᠡᠦᠬᠡᠳ ᠦᠳ ᠦᠨ ᠪᠣᠯᠪᠠᠰᠤᠷᠠᠯ ᠤᠨ ᠬᠥᠲᠥᠯᠪᠦᠷᠢ ᠶᠢᠨ ᠬᠠᠤᠯᠢ ᠶᠢ ᠰᠠᠶᠢᠵᠢᠷᠠᠭᠤᠯᠤᠨ ᠰᠢᠨᠡᠳᠭᠡᠬᠦ ᠲᠠᠯ᠎ᠠ ᠳᠡᠭᠡᠷ᠎ᠡ ᠠᠵᠢᠯᠯᠠᠪᠠ᠃ ᠲᠡᠷᠡ ᠮᠥᠨ ᠠᠵᠢᠯ ᠡᠷᠬᠢᠯᠡᠭᠴᠢ ᠶᠠᠳᠠᠭᠤᠴᠤᠳ ᠲᠤ ᠵᠣᠷᠢᠭᠤᠯᠤᠭᠰᠠᠨ ᠥᠪᠡᠷᠰᠡᠳ ᠢᠶᠡᠨ ᠠᠵᠢᠯᠯᠠᠵᠤ ᠤᠯᠬᠤ ᠲᠠᠲᠠᠪᠤᠷᠢ ᠶᠢᠨ ᠺᠷᠧᠳᠢᠲ ᠦᠨ ᠬᠥᠲᠥᠯᠪᠦᠷᠢ ᠵᠣᠬᠢᠶᠠᠵᠠᠢ᠃ ᠮᠥᠨ ᠴᠠᠭᠠᠵᠠ ᠪᠠᠷ ᠠᠪᠬᠤ ᠶᠠᠯ᠎ᠠ ᠲᠠᠢ ᠱᠣᠷᠣᠩ ᠤᠨ ᠬᠡᠳᠦᠨ ᠬᠣᠷᠢᠭᠳᠠᠯ ᠤᠳ ᠪᠤᠷᠤᠭᠤ ᠦᠭᠡᠢ ᠪᠣᠯᠬᠤ ᠨᠢ ᠮᠡᠳᠡᠭᠳᠡᠬᠦ ᠳᠦ ᠣᠪᠠᠮ᠎ᠠ ᠬᠠᠤᠯᠢ ᠶᠢᠨ ᠪᠠᠶᠢᠭᠤᠯᠤᠯᠭ᠎ᠠ ᠶᠢᠨ ᠬᠢᠨ ᠲᠠᠢ ᠬᠠᠮᠲᠤᠷᠠᠨ ᠪᠦᠬᠦ ᠲᠣᠮᠣᠬᠠᠨ ᠬᠡᠷᠡᠭ ᠦᠳ ᠢ ᠮᠥᠷᠳᠡᠨ ᠪᠠᠶᠢᠴᠠᠭᠠᠬᠤ᠂ ᠶᠠᠷᠢᠯᠴᠠᠬᠤ ᠶᠠᠪᠤᠴᠠ ᠳᠤ ᠵᠠᠪᠠᠯ ᠸᠢᠯᠧᠣ ᠪᠢᠴᠢᠯᠭᠡ ᠬᠢᠯᠭᠡᠵᠦ ᠪᠠᠶᠢᠬᠤ ᠶᠢ ᠱᠠᠭᠠᠷᠳᠠᠭᠤᠯᠤᠭᠰᠠᠨ ᠪᠢᠯᠡ᠃

2000 ᠣᠪ ᠲᠤ ᠣᠪᠠᠮ᠎ᠠ ᠠᠷᠠᠳᠴᠢᠯᠠᠭᠰᠠᠨ ᠨᠠᠮ ᠠᠴᠠ ᠠᠮᠧᠷᠢᠺᠠ ᠶᠢᠨ ᠨᠢᠭᠡᠳᠦᠭᠰᠡᠨ ᠤᠯᠤᠰ ᠤᠨ ᠲᠥᠯᠥᠭᠡᠯᠡᠭᠴᠢᠳ ᠦᠨ ᠲᠠᠩᠬᠢᠮ ᠤᠨ ᠲᠡᠷᠲᠡᠭᠦᠨ ᠦ ᠰᠤᠩᠭᠠᠨ ᠳᠤ ᠨᠡᠷ᠎ᠡ ᠳᠡᠪᠰᠢᠭᠰᠡᠨ ᠪᠣᠯᠪᠠᠴᠤ ᠳᠥᠷᠪᠡᠨ ᠤᠳᠠᠭ᠎ᠠ ᠰᠣᠩᠭᠣᠭᠳᠠᠭᠰᠠᠨ ᠪᠣᠪᠪᠢ ᠷᠠᠰᠢ ᠳᠤ ᠢᠯᠠᠭᠳᠠᠭᠰᠠᠨ ᠶᠤᠮ᠃

9 ᠳᠦᠭᠡᠷ ᠰᠠᠷ᠎ᠠ ᠶᠢᠨ 11 ᠍ ᠦ ᠬᠠᠯᠳᠠᠯᠭ᠎ᠠ ᠠᠴᠠ ᠡᠭᠦᠳᠦᠭᠰᠡᠨ ᠶᠡᠷᠦᠩᠬᠡᠶᠢᠯᠡᠭᠴᠢ ᠵᠣᠷᠵᠢ ᠪᠤᠰᠢ ᠶᠢᠨ ᠢᠷᠠᠺ ᠳᠠᠬᠢ ᠳᠠᠶᠢᠨ ᠢ ᠡᠷᠲᠡᠨ ᠡᠴᠡ ᠡᠰᠡᠷᠭᠦᠴᠡᠭᠴᠢᠳ ᠦᠨ ᠨᠢᠭᠡ ᠨᠢ ᠣᠪᠠᠮ᠎ᠠ ᠪᠠᠶᠢᠭᠰᠠᠨ᠃ ᠴᠢᠭ ᠢᠶ᠎ᠠ ᠶᠢᠨ ᠬᠣᠯᠪᠣᠭᠠᠨ ᠤ ᠫᠯᠠᠽᠢ ᠳᠤ ᠪᠣᠯᠤᠭᠰᠠᠨ ᠴᠤᠭᠯᠠᠭᠠᠨ ᠳᠡᠭᠡᠷ᠎ᠡ ᠢᠷᠠᠺ ᠲᠤ ᠬᠦᠴᠦ ᠬᠡᠷᠡᠭᠯᠡᠬᠦ ᠰᠢᠢᠳᠪᠦᠷᠢ ᠶᠢ ᠭᠠᠷᠭᠠᠭᠰᠠᠨ ᠤ ᠡᠰᠡᠷᠬᠦ ᠪᠠᠶᠢᠭ᠎ᠠ ᠪᠠᠨ ᠢᠯᠡᠷᠬᠡᠶᠢᠯᠡᠬᠦ ᠦᠶ᠎ᠡ ᠳᠦ ᠪᠤᠶᠤ 2002 ᠣᠨ ᠤ 10 ᠳ᠋ᠤᠭᠠᠷ ᠰᠠᠷ᠎ᠠ ᠳᠤ ᠣᠪᠠᠮ᠎ᠠ ᠮᠤᠵᠢ ᠶᠢᠨ ᠰᠧᠨᠠᠲ᠋ᠴᠢ(参议员) ᠪᠠᠶᠢᠭᠰᠠᠨ ᠶᠤᠮ᠃

《ᠪᠢ ᠪᠦᠬᠦ ᠳᠠᠶᠢᠨ ᠤ ᠡᠰᠡᠷᠬᠦ ᠪᠢᠰᠢ᠃ ᠪᠢ ᠵᠥᠪᠬᠡᠨ ᠲᠡᠨᠡᠭ ᠳᠠᠶᠢᠨ ᠤ ᠡᠰᠡᠷᠬᠦ ᠪᠠᠶᠢᠳᠠᠭ᠃ ᠪᠢ ᠶᠠᠭᠤ ᠶᠢ ᠡᠰᠡᠷᠭᠦᠴᠡᠭᠡᠳ ᠪᠠᠶᠢᠨ᠎ᠠ ᠪᠤᠢ ᠭᠡᠪᠡᠯ ᠷᠢᠴᠠᠷ ᠲᠤ ᠫᠷᠯᠡ᠂ ᠫᠣᠯ ᠸᠣᠯᠹᠣᠪᠠᠴᠠ ᠨᠠᠷᠠ ᠪᠣᠯᠤᠨ ᠡᠨᠡᠬᠦ ᠵᠠᠰᠠᠭ ᠤᠨ ᠭᠠᠵᠠᠷ ᠤᠨ ᠤᠳᠤᠷᠢᠳᠤᠯᠭ᠎ᠠ ᠶᠢᠨ ᠪᠤᠰᠤᠳ ᠲᠦᠷ ᠵᠠᠭᠤᠷ᠎ᠠ ᠶᠢᠨ ᠪᠠᠭᠠᠲᠤᠷ ᠪᠣᠯᠬᠤ ᠭᠡᠰᠡᠨ ᠬᠦᠮᠦᠰ ᠦᠨ ᠥᠪᠡᠷᠰᠡᠳ ᠦᠨ ᠦᠵᠡᠯ ᠪᠣᠳᠣᠯ ᠢᠶᠠᠨ ᠪᠤᠰᠤᠳ ᠤᠨ ᠠᠮᠢ ᠨᠠᠰᠤ᠂ ᠵᠣᠪᠠᠯᠠᠩ ᠵᠦᠳᠡᠭᠦᠷᠢ ᠶᠢ ᠦᠯᠦ ᠬᠠᠷᠠᠭᠠᠯᠵᠠᠨ ᠪᠢᠳᠡᠨ ᠦ ᠬᠣᠭᠣᠯᠠᠢ ᠷᠤ ᠠᠯᠪᠠᠳᠠᠨ ᠰᠢᠬᠠᠬᠤ ᠭᠡᠰᠡᠨ ᠶᠠᠪᠤᠳᠠᠯ ᠢ ᠡᠰᠡᠷᠭᠦᠴᠡᠵᠦ ᠪᠠᠶᠢᠨ᠎ᠠ》 ᠭᠡᠵᠦ ᠲᠡᠷᠡ ᠬᠡᠯᠡᠵᠡᠢ᠃

ᠢᠷᠠᠺ ᠤᠨ ᠤᠳᠤᠷᠢᠳᠤᠭᠴᠢ ᠰᠠᠳᠤᠴᠠᠮ ᠬᠤᠰᠰᠧᠢᠨ ᠦ ᠲᠠᠯ᠎ᠠ ᠪᠠᠷ ᠲᠡᠷᠡ ᠪᠡᠷ 《ᠲᠡᠷᠡ ᠪᠣᠯ ᠲᠤᠩ ᠣᠥᠳᠦ ᠦᠭᠡᠢ ᠨᠥᠬᠥᠷ᠃ ᠡᠨᠡ ᠳᠡᠯᠡᠬᠡᠢ ᠪᠣᠯᠤᠨ ᠢᠷᠠᠺ ᠤᠨ ᠠᠷᠠᠳ ᠲᠦᠮᠡᠨ ᠲᠡᠭᠦᠨ ᠦᠭᠡᠢ ᠪᠡᠷ ᠰᠠᠶᠢᠬᠠᠨ ᠠᠮᠢᠳᠤᠷᠠᠬᠤ ᠪᠣᠯᠤᠮᠵᠢ ᠲᠠᠢ᠃ ᠭᠡᠬᠦ ᠳᠦ ᠪᠡᠨ ᠪᠢ ᠰᠠᠳ᠋ ᠍ ᠲᠤᠮ ᠢ ᠠᠮᠧᠷᠢᠺᠠ ᠶᠢᠨ ᠨᠢᠭᠡᠳᠦᠭᠰᠡᠨ ᠤᠯᠤᠰ ᠪᠣᠯᠤᠨ ᠡᠷᠭᠢᠨ ᠲᠣᠭᠣᠷᠢᠨ ᠤ ᠪᠠᠨ ᠬᠥᠷᠰᠢ ᠣᠷᠣᠨ ᠨᠤᠭᠤᠳ ᠲᠤ ᠬᠠᠨᠳᠤᠭᠰᠠᠨ ᠢᠯᠡᠷᠬᠡᠢ ᠠᠶᠤᠯ ᠵᠠᠨᠤᠯ ᠪᠠᠶᠢᠬᠤ ᠦᠭᠡᠢ ᠭᠡᠳᠡᠭ ᠢ᠂ ᠢᠷᠠᠺ ᠤᠨ ᠡᠳ᠋ ᠍ ᠦᠨ ᠵᠠᠰᠠᠭ ᠮᠠᠭᠤ ᠪᠠᠶᠢᠭ᠎ᠠ ᠶᠢ᠂ ᠢᠷᠠᠺ ᠤᠨ ᠴᠡᠷᠢᠭ ᠦᠨ ᠬᠦᠴᠦ ᠡᠮᠦᠨᠡᠬᠢ ᠡᠴᠡ ᠪᠡᠨ ᠬᠡᠳᠦ ᠳᠠᠬᠢᠨ ᠰᠤᠯᠠᠷᠠᠭᠰᠠᠨ ᠢ᠂ ᠪᠠᠰᠠ ᠣᠯᠠᠨ ᠤᠯᠤᠰ ᠬᠠᠮᠲᠤ ᠶᠢᠨ ᠬᠦᠴᠦ ᠪᠡᠷ ᠲᠡᠭᠦᠨ ᠢ ᠪᠤᠰᠤᠳ ᠥᠭᠡᠳᠡ ᠦᠭᠡᠢ ᠤᠳᠤᠷᠢᠳᠤᠭᠴᠢᠳ ᠤᠨ ᠠᠳᠠᠯᠢ ᠪᠠᠷ ᠲᠡᠦᠬᠡ ᠶᠢᠨ ᠬᠣᠭ ᠤᠨ ᠰᠠᠪᠤᠩᠳᠠ ᠵᠠᠮᠬᠠᠷᠠᠨ ᠣᠷᠣᠲᠠᠯ᠎ᠠ ᠬᠠᠳᠠᠭᠠᠯᠠᠨ ᠪᠠᠷᠢᠵᠤ ᠪᠠᠶᠢᠵᠤ ᠴᠢᠳᠠᠨ᠎ᠠ ᠭᠡᠳᠡᠭ ᠢ ᠮᠡᠳᠡᠵᠦ ᠪᠠᠶᠢᠨ᠎ᠠ》 ᠭᠡᠵᠦ ᠬᠡᠯᠡᠵᠡᠢ᠃

ᠲᠡᠷᠡᠪᠡᠷ ᠴᠠᠰᠢ ᠨᠢ 《ᠢᠷᠠᠺ ᠤᠨ ᠡᠰᠡᠷᠬᠦ ᠦᠷ᠎ᠡ ᠳ᠋ᠦᠩ ᠲᠡᠢ ᠳᠠᠶᠢᠨ ᠶᠠᠪᠤᠭᠤᠯᠬᠤ ᠶᠢᠨ ᠲᠥᠯᠥᠭᠡ ᠠᠮᠧᠷᠢᠺᠠ ᠶᠢᠨ ᠨᠢᠭᠡᠳᠦᠭᠰᠡᠨ ᠤᠯᠤᠰ ᠠᠴᠠ ᠲᠣᠳᠣᠷᠬᠠᠢ ᠦᠭᠡᠢ ᠬᠤᠭᠤᠴᠠᠭ᠎ᠠ᠂ ᠲᠣᠳᠣᠷᠬᠠᠢ ᠦᠭᠡᠢ ᠦᠨ᠎ᠡ ᠴᠡᠨ᠎ᠡ᠂ ᠲᠣᠳᠣᠷᠬᠠᠢ ᠦᠭᠡᠢ ᠦᠷ᠎ᠡ ᠳᠠᠭᠠᠪᠤᠷᠢ ᠭᠠᠷᠴᠤ ᠢᠷᠡᠨ᠎ᠡ ᠭᠡᠳᠡᠭ ᠢ ᠮᠡᠳᠡᠵᠦ ᠪᠠᠶᠢᠨ᠎ᠠ᠃ ᠢᠷᠠᠺ ᠲᠤ ᠲᠣᠳᠣᠷᠬᠠᠢ ᠰᠢᠯᠲᠠᠭᠠᠨ ᠦᠭᠡᠢ ᠪᠡᠷ ᠪᠣᠯᠤᠨ ᠣᠯᠠᠨ ᠤᠯᠤᠰ ᠤᠨ ᠳᠡᠮᠵᠢᠯᠭᠡ ᠦᠭᠡᠢ ᠪᠡᠷ ᠲᠦᠷᠢᠮᠡᠭᠡᠶᠢᠯᠡᠨ ᠳᠠᠭᠠᠷᠢᠬᠤ ᠨᠢ ᠣᠶᠢᠷᠠᠬᠢ ᠳᠣᠷᠣᠨᠠᠲᠤ ᠶᠢᠨ ᠭᠠᠯ ᠳᠡᠭᠡᠷ᠎ᠡ ᠲᠣᠰᠣ ᠨᠡᠮᠡᠭᠰᠡᠨ ᠬᠡᠷᠡᠭ ᠪᠣᠯᠵᠤ ᠠᠷᠠᠪ ᠤᠨ ᠤᠯᠤᠰ ᠤᠳ ᠤᠨ ᠰᠠᠶᠢᠨ ᠢ ᠪᠢᠰᠢ ᠵᠥᠪᠬᠡᠨ ᠮᠠᠭᠤ ᠶᠢ ᠯᠠ ᠳᠠᠭᠤᠳᠠᠭᠰᠠᠨ᠂ ᠠᠯᠠ ᠺᠠᠶᠢᠳᠠᠭ ᠤᠨ ᠬᠦᠴᠦ ᠶᠢ ᠤᠯᠠᠮ ᠨᠡᠮᠡᠭᠳᠡᠭᠦᠯᠦᠭᠰᠡᠨ ᠬᠡᠷᠡᠭ ᠪᠣᠯᠤᠨ᠎ᠠ》 ᠭᠡᠵᠦ ᠬᠡᠯᠡᠵᠡᠢ᠃

ᠠᠮᠧᠷᠢᠺᠠ ᠶᠢᠨ ᠨᠢᠭᠡᠳᠦᠭᠰᠡᠨ ᠤᠯᠤᠰ ᠤᠨ ᠢᠷᠠᠺ ᠲᠠᠢ ᠬᠢᠭᠰᠡᠨ ᠳᠠᠶᠢᠨ 2003 ᠣᠨ ᠳᠤ ᠡᠬᠢᠯᠡᠭᠰᠡᠨ ᠪᠥᠭᠡᠳ ᠣᠪᠠᠮ᠎ᠠ ᠡᠨᠡ ᠦᠶ᠎ᠡ ᠳᠦ ᠪᠦᠭᠦᠳᠡ ᠨᠠᠶᠢᠷᠠᠮᠳᠠᠬᠤ ᠨᠠᠮ ᠤᠨ ᠭᠡᠰᠢᠭᠦᠨ ᠫᠧᠲ᠋ᠧᠷ ᠹᠢᠲ᠋ᠼᠧᠷᠠᠯᠳᠠ ᠶᠢᠨ ᠣᠷᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠰᠧᠨᠠᠲ ᠳᠦ ᠨᠡᠷ᠎ᠡ ᠳᠡᠪᠰᠢᠬᠦ ᠪᠡᠷ ᠰᠢᠢᠳᠴᠠᠢ᠃ ᠡᠶᠢᠨᠬᠦᠦ ᠲᠡᠷᠡᠪᠡᠷ 2004 ᠣᠨ ᠳᠤ 52 ᠬᠤᠪᠢ ᠤᠨ ᠰᠠᠨᠠᠯ ᠢᠶᠠᠷ ᠰᠠᠶᠠᠲᠠᠨ ᠪᠯᠠᠶᠢᠷ ᠬᠤᠯ ᠪᠣᠯᠤᠨ ᠢᠯᠯᠢᠨᠣᠶᠢᠰ ᠮᠤᠵᠢ ᠶᠢᠨ ᠰᠠᠩᠬᠦᠴᠢ ᠳᠠᠨᠢᠶᠡᠯ ᠬᠢᠨᠧᠰ ᠨᠠᠷ ᠢ ᠠᠷᠠᠳᠴᠢᠯᠠᠭᠰᠠᠨ ᠨᠠᠮ ᠤᠨ ᠰᠤᠩᠭᠠᠨ ᠳᠤ ᠢᠯᠠᠵᠤ ᠨᠡᠷ᠎ᠡ ᠳᠡᠪᠰᠢᠬᠦ ᠡᠷᠬᠡ ᠲᠡᠢ ᠪᠣᠯᠤᠭᠰᠠᠨ ᠶᠤᠮ᠃

ᠲᠡᠷᠡ ᠵᠤᠨ ᠪᠤᠶᠤ 2004 ᠣᠨ ᠤ ᠪᠣᠰᠲᠠᠨ ᠬᠣᠲᠠ ᠳᠠᠬᠢ ᠠᠷᠠᠳᠴᠢᠯᠠᠭᠰᠠᠨ ᠨᠠᠮ ᠤᠨ ᠤᠯᠤᠰ ᠤᠨ ᠺᠣᠨᠸᠧᠨᠼ ᠳᠦ ᠲᠡᠭᠦᠨ ᠢ ᠵᠣᠩ ᠺᠧᠷᠷᠢᠭ ᠳᠡᠮᠵᠢᠵᠦ ᠦᠭᠡ ᠬᠡᠯᠡᠨ᠎ᠡ ᠦᠦ ᠬᠡᠮᠡᠨ ᠤᠷᠢᠵᠠᠢ᠃ ᠣᠪᠠᠮ᠎ᠠ ᠲᠡᠶᠢᠨ ᠦᠭᠡ ᠬᠡᠯᠡᠬᠦ ᠳᠦ ᠪᠡᠨ ᠡᠪ ᠨᠢᠭᠡᠳᠦᠯ ᠦᠨ ᠴᠢᠬᠤᠯᠠ ᠶᠢ ᠳᠤᠷᠠᠳᠴᠤ ᠪᠤᠰᠢ ᠶᠢᠨ ᠵᠠᠰᠠᠭ ᠵᠠᠬᠢᠷᠭᠠᠨ ᠤ ᠪᠣᠯᠤᠨ ᠸᠧᠳᠴᠢ ᠶᠢᠨ ᠠᠰᠠᠭᠤᠳᠠᠯ ᠤᠳ ᠠᠴᠠ ᠠᠩᠬᠠᠷᠤᠯ ᠢ ᠥᠭᠡᠷ᠎ᠡ ᠲᠡᠰᠢ ᠬᠠᠨᠳᠤᠭᠤᠯᠵᠤ ᠪᠠᠶᠢᠭ᠎ᠠ ᠶᠢ ᠰᠢᠭᠦᠨᠵᠢᠯᠡᠨ ᠳᠠᠭᠠᠷᠢᠯᠲᠠ ᠬᠢᠭᠰᠡᠨ ᠶᠤᠮ᠃

《ᠪᠢᠳᠡ ᠴᠡᠩᠬᠡᠷ ᠮᠤᠵᠢ ᠨᠤᠭᠤᠳ ᠲᠤ ᠨᠢᠭᠡ ᠪᠤᠷᠬᠠᠨ ᠢ ᠲᠠᠬᠢᠵᠤ᠂ ᠬᠠᠷᠢᠨ ᠤᠯᠠᠭᠠᠨ ᠮᠤᠵᠢᠭᠤᠳᠠ ᠳᠤ ᠪᠠᠨ ᠪᠣᠯᠬᠣᠷ ᠬᠣᠯᠪᠣᠭᠠᠨ ᠤ ᠠᠵᠢᠯᠲᠠᠨ ᠨᠤᠭᠤᠳ ᠨᠣᠮ ᠤᠨ ᠰᠠᠩᠭ᠎ᠠ ᠨᠤᠭᠤᠳ ᠢᠶᠠᠷ ᠬᠥᠯᠬᠢᠭᠡᠳ ᠪᠠᠶᠢᠬᠤ ᠳᠤ ᠲᠤᠩ ᠳᠤᠷ᠎ᠠ ᠦᠭᠡᠢ᠃ ᠴᠡᠩᠬᠡᠷ ᠮᠤᠵᠢᠭᠤᠳᠠ ᠳᠤ ᠪᠠᠨ ᠯᠢᠲ᠋ᠲ᠋ᠯᠧ ᠯᠢᠭᠢ ᠢ ᠪᠡᠯᠡᠳᠴᠦ ᠬᠠᠷᠢᠨ ᠤᠯᠠᠭᠠᠨ ᠮᠤᠵᠢᠭᠤᠳᠠ ᠳᠤ ᠪᠠᠨ ᠬᠡᠳᠦᠨ ᠭᠣᠮᠣ ᠨᠠᠶᠢᠵᠠ ᠨᠤᠭᠤᠳ ᠲᠠᠢ᠃ ᠲᠡᠨᠳᠡ ᠢᠷᠠᠺ ᠤᠨ ᠳᠠᠶᠢᠨ ᠢ ᠡᠰᠡᠷᠭᠦᠴᠡᠭᠰᠡᠨ ᠡᠬᠡ ᠣᠷᠣᠨᠴᠢ ᠴᠤ ᠪᠠᠶᠢᠭ᠎ᠠ᠂ ᠳᠠᠶᠢᠨ ᠢ ᠳᠡᠮᠵᠢᠭᠰᠡᠨ ᠡᠬᠡ ᠣᠷᠣᠨᠴᠢ ᠴᠤ ᠪᠠᠶᠢᠭ᠎ᠠ᠃ ᠪᠢᠳᠡ ᠪᠣᠯ ᠨᠢᠭᠡ ᠬᠦᠮᠦᠰ᠂ ᠪᠦᠭᠦᠳᠡ ᠯᠠ ᠣᠳᠣ ᠪᠣᠯᠤᠨ ᠵᠢᠷᠤᠭᠠᠰᠤ ᠤᠳ ᠲᠤ ᠦᠨᠡᠨᠴᠢ᠂ ᠲᠠᠩᠭᠠᠷᠢᠭ ᠢᠶᠠᠨ ᠡᠷᠭᠦᠭᠰᠡᠨ᠂ ᠪᠦᠭᠦᠳᠡ ᠯᠠ ᠠᠮᠧᠷᠢᠺᠠ ᠶᠢᠨ ᠨᠢᠭᠡᠳᠦᠭᠰᠡᠨ ᠤᠯᠤᠰ ᠢ ᠬᠠᠮᠠᠭᠠᠯᠠᠬᠤ ᠶᠢᠨ ᠲᠥᠯᠥᠭᠡ ᠬᠦᠮᠦᠰ ᠪᠢᠯᠡ》 ᠭᠡᠵᠦ ᠬᠡᠯᠡᠵᠡᠢ᠃

ᠺᠣᠨᠸᠧᠨᠼ ᠤᠨ ᠳᠠᠷᠠᠭ᠎ᠠ ᠣᠪᠠᠮ᠎ᠠ ᠡᠷᠭᠢᠨ ᠢᠯᠯᠢᠨᠣᠶᠢᠰ ᠮᠤᠵᠢ ᠶᠢᠨ ᠰᠧᠨᠠᠲ ᠤᠨ ᠰᠣᠩᠭᠣᠭᠤᠯᠢ ᠶᠢᠨ ᠠᠵᠢᠯ ᠳᠤ ᠪᠠᠨ ᠣᠷᠣᠭᠰᠠᠨ ᠶᠤᠮ᠃ ᠶᠡᠷᠦᠩᠬᠡᠢ ᠰᠣᠩᠭᠣᠭᠤᠯᠢ ᠳᠤ ᠲᠡᠭᠦᠨ ᠦ ᠥᠷᠢᠰᠦᠯᠳᠦᠭᠴᠢ ᠪᠦᠭᠦᠳᠡ ᠨᠠᠶᠢᠷᠠᠮᠳᠠᠬᠤ ᠨᠠᠮ ᠠᠴᠠ ᠨᠡᠷ᠎ᠡ ᠳᠡᠪᠰᠢᠭᠰᠡᠨ ᠬᠥᠷᠥᠩᠭᠡ ᠣᠷᠣᠭᠤᠯᠤᠯᠲᠠ ᠶᠢᠨ ᠪᠠᠩᠬᠢᠨ ᠤ ᠠᠵᠢᠯᠲᠠᠨ᠂ ᠴᠢᠨᠡᠭᠡᠯᠢᠭ ᠵᠠᠺ ᠷᠠᠶ ᠠᠨ ᠭᠡᠭᠴᠢ ᠪᠠᠶᠢᠭᠰᠠᠨ ᠪᠣᠯᠪᠠᠴᠤ ᠲᠡᠭᠦᠨ ᠢ ᠬᠠᠭᠤᠴᠢᠨ ᠡᠬᠡᠨᠡᠷ ᠵᠧᠷᠢ ᠷᠠᠶ ᠠᠨ ᠨᠢ ᠪᠠᠷᠢᠮᠲᠠ ᠦᠭᠡᠢ ᠪᠡᠷ ᠰᠧᠺᠰ ᠦᠨ ᠬᠡᠷᠡᠭ ᠲᠦ ᠣᠯᠠᠨ ᠨᠡᠶᠢᠲᠡ ᠶᠢᠨ ᠡᠮᠦᠨ᠎ᠡ ᠭᠦᠳᠬᠡᠭᠰᠡᠨ ᠪᠥᠭᠡᠳ ᠡᠭᠦᠨ ᠦ ᠤᠯᠠᠮ ᠠᠴᠠ ᠲᠡᠷᠡ ᠪᠡᠷ 2004 ᠣᠨ ᠤ ᠵᠢᠷᠭᠤᠳᠠᠤᠭᠠᠷ ᠰᠠᠷ᠎ᠠ ᠳᠤ ᠰᠣᠩᠭᠣᠭᠤᠯᠢ ᠠᠴᠠ ᠨᠡᠷ᠎ᠡ ᠪᠡᠨ ᠲᠠᠲᠠᠭᠰᠠᠨ ᠶᠤᠮ᠃

2004 ᠣᠨ ᠤ 8 ᠰᠠᠷ᠎ᠠ ᠳᠤ ᠳ᠋ᠢᠫᠯᠣᠮᠠᠲ᠋ᠴᠢ ᠪᠣᠯᠤᠨ ᠬᠠᠭᠤᠴᠢᠨ ᠶᠡᠷᠦᠩᠬᠡᠶᠢᠯᠡᠭᠴᠢ ᠳᠤ ᠨᠡᠷ᠎ᠡ ᠳᠡᠪᠰᠢᠭᠴᠢ ᠬᠠᠷ᠎ᠠ ᠭᠠᠷᠤᠯ ᠲᠠᠢ ᠠᠯᠠᠨ ᠺᠧᠢᠨ᠋ᠧᠰ ᠷᠠᠶᠶᠠᠨ ᠢ ᠣᠷᠣᠯᠠᠵᠤ ᠪᠦᠭᠦᠳᠡ ᠨᠠᠶᠢᠷᠠᠮᠳᠠᠬᠤ ᠨᠠᠮ ᠠᠴᠠ ᠨᠡᠷ᠎ᠡ ᠳᠡᠪᠰᠢᠬᠦ ᠶᠢ ᠬᠦᠯᠢᠶᠡᠨ ᠵᠥᠪᠰᠢᠶᠡᠷᠡᠭᠰᠡᠨ ᠶᠤᠮ᠃ ᠣᠪᠠᠮ᠎ᠠ ᠺᠧᠢᠨᠧᠰ ᠦᠨ ᠡᠰᠡᠷᠬᠦ ᠭᠤᠷᠪᠠᠨ ᠤᠳᠠᠭ᠎ᠠ ᠲᠧᠯᠧᠸᠢᠰ ᠦᠨ ᠮᠡᠳᠬᠡᠯᠴᠡᠭᠡᠨ ᠳᠦ ᠣᠷᠣᠯᠴᠠᠵᠤ ᠡᠰ ᠦᠨ ᠰᠤᠳᠤᠯᠭ᠎ᠠ᠂ ᠦᠷ᠎ᠡ ᠬᠥᠨᠳᠡᠯᠢ ᠳᠤ᠂ ᠪᠤᠤ ᠵᠡᠪᠰᠡᠭ ᠦᠨ ᠵᠣᠬᠢᠴᠠᠭᠤᠯᠤᠯᠲᠠ᠂ ᠰᠤᠷᠭᠠᠭᠤᠯᠢ ᠶᠢᠨ ᠬᠥᠩᠭᠡᠯᠡᠯᠲᠡ ᠪᠣᠯᠤᠨ ᠲᠠᠲᠠᠪᠤᠷᠢ ᠶᠢ ᠪᠠᠭᠤᠷᠠᠭᠤᠯᠬᠤ ᠵᠡᠷᠭᠡ ᠠᠰᠠᠭᠤᠳᠠᠯ ᠢᠶᠠᠷ ᠦᠵᠡᠯ ᠪᠣᠳᠣᠯ ᠢᠶᠠᠨ ᠢᠯᠡᠷᠬᠡᠶᠢᠯᠡᠭᠰᠡᠨ ᠪᠢᠯᠡ᠃

2004 ᠣᠨ ᠤ 11 ᠰᠠᠷ᠎ᠠ ᠶᠢᠨ ᠶᠡᠷᠦᠩᠬᠡᠢ ᠰᠣᠩᠭᠣᠭᠤᠯᠢ ᠪᠠᠷ ᠣᠪᠠᠮ᠎ᠠ 70 ᠬᠤᠪᠢ ᠤᠨ ᠰᠠᠨᠠᠯ ᠢᠶᠠᠷ 27 ᠬᠤᠪᠢ ᠤᠨ ᠰᠠᠨᠠᠯ ᠠᠪᠤᠭᠰᠠᠨ ᠺᠧᠢᠨ᠋ᠧᠰ ᠢ ᠢᠯᠠᠵᠤ ᠢᠯᠯᠢᠨᠣᠶᠢᠰ ᠮᠤᠵᠢ ᠶᠢᠨ ᠲᠡᠦᠬᠡᠨ ᠳᠦ ᠭᠠᠷᠴᠤ ᠪᠠᠶᠢᠭ᠎ᠠ ᠦᠭᠡᠢ ᠰᠣᠩᠭᠣᠭᠤᠯᠢ ᠶᠢᠨ ᠢᠯᠠᠯᠲᠠ ᠶᠢ ᠪᠠᠶᠢᠭᠤᠯᠤᠭᠰᠠᠨ ᠶᠤᠮ᠃ ᠡᠶᠢᠨᠬᠦᠦ ᠣᠪᠠᠮ᠎ᠠ ᠰᠢᠨᠡᠴᠢᠯᠡᠨ ᠪᠠᠶᠢᠭᠤᠯᠤᠯᠲᠠ ᠠᠴᠠ ᠬᠣᠶᠢᠰᠢ ᠰᠧᠨᠠᠲ ᠲᠤ ᠰᠣᠩᠭᠣᠭᠳᠠᠭᠰᠠᠨ ᠳᠥᠩᠭᠡᠵᠢ ᠭᠤᠷᠪᠠ ᠳᠠᠬᠢ ᠠᠹᠷᠢᠺᠠ ᠶᠢᠨ ᠠᠮᠧᠷᠢᠺᠠ ᠢᠷᠭᠡᠨ ᠪᠣᠯᠤᠭᠰᠠᠨ ᠠᠵᠢ᠃

2005 ᠣᠨ ᠤ 1 ᠍ ᠳᠦᠭᠡᠷ ᠰᠠᠷ᠎ᠠ ᠶᠢᠨ 4 ᠍ ᠳᠦ ᠲᠠᠩᠭᠠᠷᠢᠭ ᠢᠶᠠᠨ ᠡᠷᠭᠦᠵᠦ ᠠᠵᠢᠯ ᠳᠤ ᠪᠠᠨ ᠣᠷᠣᠭᠰᠠᠨ ᠣᠪᠠᠮ᠎ᠠ ᠪᠦᠭᠦᠳᠡ ᠨᠠᠶᠢᠷᠠᠮᠳᠠᠬᠤ ᠨᠠᠮ ᠤᠨ ᠰᠧᠨᠠᠲ᠋ᠴᠢ ᠢᠨᠳᠢᠶᠠᠨ᠎ᠠ ᠮᠤᠵᠢ ᠶᠢᠨ ᠷᠢᠴᠠᠷ ᠲᠤ ᠯᠤᠭᠠᠷ ᠲᠠᠢ ᠬᠠᠮᠲᠤᠷᠠᠨ ᠵᠡᠭᠦᠨ ᠧᠦᠢᠷᠣᠫᠠ ᠪᠣᠯᠤᠨ ᠣᠷᠣᠰ ᠳᠠᠬᠢ ᠦᠢ ᠣᠯᠠᠨ ᠢᠶᠠᠷ ᠤᠰᠠᠳᠬᠠᠬᠤ ᠵᠡᠪᠰᠡᠭ ᠢ ᠤᠰᠠᠳᠬᠠᠬᠤ ᠬᠠᠤᠯᠢ ᠶᠢᠨ ᠲᠥᠰᠥᠯ ᠳᠡᠭᠡᠷ᠎ᠡ ᠠᠵᠢᠯᠯᠠᠵᠠᠢ᠃ ᠮᠥᠨ ᠪᠦᠭᠦᠳᠡ ᠨᠠᠶᠢᠷᠠᠮᠳᠠᠬᠤ ᠨᠠᠮ ᠤᠨ ᠰᠧᠨᠠᠲ᠋ᠴᠢ ᠣᠺᠯᠠᠾᠣᠮᠠ ᠮᠤᠵᠢ ᠶᠢᠨ ᠲᠣᠮᠣ ᠺᠣᠷᠪᠡᠨ ᠲᠡᠢ ᠬᠠᠮᠲᠤᠷᠠᠨ ᠬᠣᠯᠪᠣᠭᠠᠨ ᠤ ᠤᠯᠤᠰ ᠤᠳ ᠤᠨ ᠵᠠᠷᠤᠯᠭ᠎ᠠ ᠶᠢ ᠲᠣᠭᠠᠴᠠᠵᠤ ᠭᠠᠷᠭᠠᠳᠠᠭ ᠸᠪ ᠬᠠᠭᠤᠳᠠᠰᠤ ᠵᠣᠬᠢᠶᠠᠨ ᠪᠦᠲᠦᠭᠡᠵᠡᠢ᠃

ᠰᠧᠨᠠᠲ ᠤᠨ ᠬᠦᠷᠢᠶᠡᠨ ᠳᠦ ᠰᠢᠪᠠᠭᠤᠨ ᠤ ᠬᠠᠨᠢᠶᠠᠳᠤ ᠶᠢᠨ ᠠᠶᠤᠯ ᠵᠠᠨᠤᠯ ᠤᠨ ᠭᠠᠯ ᠢᠶᠠᠷ ᠠᠩᠬ᠎ᠠ ᠳᠤᠷᠠᠳᠴᠤ᠂ ᠺᠠᠲᠷᠢᠨ᠎ᠠ ᠰᠢᠭᠤᠷᠭᠠᠨ ᠤ ᠬᠣᠬᠢᠷᠠᠭᠴᠢᠳ ᠲᠤ ᠬᠠᠨᠳᠤᠨ ᠦᠭᠡ ᠬᠡᠯᠡᠵᠦ᠂ ᠡᠨᠧᠷᠭᠢ ᠶᠢᠨ ᠥᠭᠡᠷ᠎ᠡ ᠬᠤᠪᠢᠯᠪᠤᠷᠢ ᠶᠢᠨ ᠬᠥᠭᠵᠢᠯ ᠢ ᠳᠡᠮᠵᠢᠵᠦ᠂ ᠮᠥᠨ ᠲᠤᠷᠰᠢᠯᠭ᠎ᠠ ᠲᠠᠢ ᠠᠵᠢᠯᠴᠢᠳ ᠤᠨ ᠴᠠᠯᠢᠩ ᠱᠠᠩᠨᠠᠯ ᠢ ᠨᠡᠮᠡᠬᠦ ᠶᠢᠨ ᠲᠥᠯᠥᠭᠡ ᠪᠠᠶᠢᠭᠰᠠᠨ ᠬᠦᠮᠦᠨ ᠪᠣᠯ ᠣᠪᠠᠮ᠎ᠠ ᠪᠠᠶᠢᠪᠠ᠃ ᠲᠡᠷᠡ ᠪᠡᠷ ᠮᠥᠨ ᠠᠷᠠᠳᠴᠢᠯᠠᠭᠰᠠᠨ ᠨᠠᠮ ᠤᠨ ᠭᠡᠰᠢᠭᠦᠨ ᠸᠢᠰᠺᠣᠨᠰᠢᠨ ᠮᠤᠵᠢ ᠶᠢᠨ ᠷᠦᠰ ᠹᠧᠢᠩᠭᠣᠯᠣᠳ ᠲᠠᠢ ᠬᠠᠮᠲᠤᠷᠠᠨ ᠺᠣᠩᠷᠧᠰᠰ ᠤᠨ ᠭᠡᠰᠢᠭᠦᠳ ᠢ ᠯᠣᠪᠪᠢ ᠳᠤ ᠬᠢ ᠵᠣᠷᠢᠯᠭ᠎ᠠ ᠪᠠᠷ ᠺᠣᠷᠫᠣᠷᠠᠼᠢ ᠶᠢᠨ ᠣᠩᠭᠣᠴᠠᠨ ᠳᠤ ᠨᠢᠰᠴᠢ ᠶᠠᠪᠤᠬᠤ ᠳᠤ ᠨᠢ ᠠᠶᠠᠯᠠᠯ ᠤᠨ ᠪᠡᠯᠭᠡ ᠲᠠᠷᠠᠭᠠᠳᠠᠭ ᠢ ᠪᠣᠯᠢᠭᠤᠯᠤᠭᠰᠠᠨ ᠶᠤᠮ᠃

ᠲᠡᠭᠦᠨ ᠦ ᠬᠣᠶᠠᠷ ᠳ᠋ᠡᠬᠢ ᠨᠣᠮ ᠢᠲᠡᠭᠡᠯ ᠦᠨ ᠵᠣᠷᠢᠭ: ᠠᠮᠧᠷᠢᠺᠠ ᠮᠥᠷᠥᠭᠡᠳᠦᠯ ᠢ ᠡᠷᠭᠢᠭᠦᠯᠦᠨ ᠠᠪᠬᠤ ᠲᠠᠯ᠎ᠠ ᠪᠠᠷ ᠬᠢ ᠪᠣᠳᠣᠯ ᠤᠳ ᠨᠢ 2006 ᠣᠨ ᠤ 10 ᠳ᠋ᠤᠭᠠᠷ ᠰᠠᠷ᠎ᠠ ᠳᠤ ᠬᠡᠪᠯᠡᠭᠳᠡᠵᠡᠢ᠃

2007 ᠣᠨ ᠤ 2 ᠳ᠋ᠤᠭᠠᠷ ᠰᠠᠷ᠎ᠠ ᠳᠤ ᠣᠪᠠᠮ᠎ᠠ 2008 ᠣᠨ ᠤ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠠᠷᠠᠳᠴᠢᠯᠠᠭᠰᠠᠨ ᠨᠠᠮ ᠠᠴᠠ ᠨᠡᠷ᠎ᠡ ᠳᠡᠪᠰᠢᠬᠦ ᠶᠢᠨ ᠲᠥᠯᠥᠭᠡ ᠥᠷᠢᠰᠦᠯᠳᠥᠬᠦ ᠪᠣᠯᠤᠭᠰᠠᠨ ᠢᠶᠠᠨ ᠣᠯᠠᠨ ᠨᠡᠶᠢᠲᠡ ᠳᠦ ᠵᠠᠷᠯᠠᠭᠰᠠᠨ ᠨᠢ ᠰᠣᠨᠢᠨ ᠨᠤᠭᠤᠳ ᠤᠨ ᠡᠬᠢᠨ ᠦ ᠨᠢᠭᠤᠷ ᠪᠣᠯᠵᠤ ᠪᠠᠶᠢᠪᠠ᠃ ᠲᠡᠷᠡ ᠲᠡᠷᠢᠭᠦᠨ ᠬᠠᠲᠤᠭᠲᠠᠢ ᠠᠰᠠᠨ ᠣᠳᠣ ᠶᠢᠨ ᠨᠶᠤ ᠢᠣᠷᠺ ᠬᠣᠲᠠ ᠶᠢᠨ ᠰᠧᠨᠠᠲ ᠬᠠᠲᠤᠭᠲᠠᠢ ᠬᠢᠯᠢᠯᠠᠷᠢ ᠷᠣᠳᠬᠠᠮ ᠺᠯᠢᠨᠳᠣᠨ ᠲᠠᠢ ᠨᠡᠯᠢᠶᠡᠳ ᠰᠢᠷᠦᠭᠦᠬᠡᠨ ᠥᠷᠢᠰᠦᠯᠳᠦᠭᠰᠡᠨ ᠪᠥᠭᠡᠳ 2008 ᠣᠨ ᠤ 6 ᠍ ᠳᠦᠭᠡᠷ ᠰᠠᠷ᠎ᠠ ᠶᠢᠨ 3 ᠍ ᠳᠦ ᠢᠯᠠᠵᠤ ᠨᠡᠷ᠎ᠡ ᠳᠡᠪᠰᠢᠬᠦ ᠡᠷᠬᠡ ᠲᠡᠢ ᠪᠣᠯᠵᠠᠢ᠃ 2008 ᠣᠨ ᠤ 11 ᠍ ᠳᠦᠭᠡᠷ ᠰᠠᠷ᠎ᠠ ᠶᠢᠨ 4 ᠍ ᠳᠦ ᠣᠪᠠᠮ᠎ᠠ ᠪᠦᠭᠦᠳᠡ ᠨᠠᠶᠢᠷᠠᠮᠳᠠᠬᠤ ᠨᠠᠮ ᠤᠨ ᠨᠡᠷ᠎ᠡ ᠳᠡᠪᠰᠢᠭᠴᠢ ᠵᠣᠩ ᠮᠺᠺᠠᠶᠢᠨ ᠢ ᠢᠯᠠᠭᠰᠠᠨ ᠢᠶᠠᠷ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠢᠯᠠᠯᠲᠠ ᠪᠠᠶᠢᠭᠤᠯᠤᠭᠰᠠᠨ ᠶᠤᠮ᠃ ᠣᠳᠣ ᠲᠡᠷᠡᠪᠡᠷ ᠠᠮᠧᠷᠢᠺᠠ ᠶᠢᠨ ᠨᠢᠭᠡᠳᠦᠭᠰᠡᠨ ᠤᠯᠤᠰ ᠤᠨ 44 ᠳ᠋ᠡᠬᠢ ᠶᠡᠷᠦᠩᠬᠡᠶᠢᠯᠡᠭᠴᠢ ᠪᠢᠯᠡ᠃

ᠣᠪᠠᠮ᠎ᠠ ᠡᠬᠡᠨᠡᠷ ᠮᠥᠱᠧᠯᠯ ᠲᠡᠢ ᠪᠡᠨ 1988 ᠣᠨ ᠳᠤ ᠴᠢᠭ ᠢᠶ᠎ᠠ ᠶᠢᠨ ᠬᠠᠤᠯᠢ ᠶᠢᠨ ᠪᠠᠶᠢᠭᠤᠯᠤᠯᠭ᠎ᠠ ᠰᠦ ᠳᠦᠯᠧᠢ ᠪᠠ ᠠᠦ᠋ᠰᠲ᠋ᠢᠨ ᠳᠦ ᠵᠤᠨ ᠤ ᠭᠤᠰᠯᠠᠬᠤ ᠪᠠᠷ ᠠᠵᠢᠯᠯᠠᠵᠤ ᠪᠠᠶᠢᠬᠤ ᠦᠶᠡᠳᠡᠭᠡ ᠲᠠᠨᠢᠯᠴᠠᠵᠠᠢ᠃ ᠲᠡᠳᠡ1992 ᠣᠨ ᠤ 10 ᠳ᠋ᠤᠭᠠᠷ ᠰᠠᠷ᠎ᠠ ᠳᠤ ᠭᠡᠷᠯᠡᠵᠦ ᠣᠳᠣ ᠴᠢᠺᠠᠭᠣ ᠬᠣᠲᠠ ᠶᠢᠨ ᠰᠠᠦ᠋ᠳ ᠰᠠᠶᠢᠳ᠂ ᠺᠧᠨ᠋ᠪ ᠦᠳ ᠲᠦ ᠬᠣᠶᠠᠷ ᠥᠬᠢᠨ ᠮᠠᠯᠢᠶ᠎ᠠ (1998 ᠣᠨ ᠳᠤ ᠲᠦᠷᠦᠭᠰᠡᠨ), ᠰᠠᠱᠠ (2001 ᠣᠨ ᠳᠤ ᠲᠦᠷᠦᠭᠰᠡᠨ) ᠨᠠᠷ ᠤᠨ ᠢᠶᠠᠨ ᠬᠠᠮᠲᠤ ᠠᠮᠢᠳᠤᠷᠠᠳᠠᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠵᠣᠷᠵᠢ ᠤᠣᠺᠧᠷ ᠪᠤᠱ
ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ
{{{on}}}
ᠳᠠᠷᠠᠭᠠᠬᠢ
-


ᠵᠠᠭᠪᠤᠷ:ᠬᠤᠷᠢᠶᠠᠩᠭᠤᠢ ᠬᠦᠰᠦᠨᠦᠭ ᠲᠦ

ᠪᠢᠴᠢᠭᠡᠰᠦ