ᠣᠶᠢᠷᠠᠳ
![]() ᠬᠣᠷᠢᠳᠤᠭᠠᠷ ᠵᠠᠭᠤᠨ ᠤ ᠡᠬᠢ ᠪᠡᠷ ᠵᠢᠩ ᠲᠡᠭᠡᠭᠡᠵᠦ ᠶᠠᠪᠤᠭ᠎ᠠ ᠣᠶᠢᠷᠠᠳ | |
ᠥᠨᠥ ᠶᠢᠨ ᠪᠠᠶᠢᠳᠠᠯ | |
---|---|
ᠨᠤᠲᠤᠭ ᠣᠷᠣᠨ | ᠳᠡᠯᠡᠬᠡᠢ ᠳᠠᠶᠠᠭᠠᠷ — 690 ᠮᠢᠩᠭ᠎ᠠ (2010 ᠣᠨ). ᠡᠭᠦᠨ ᠡᠴᠡ:
![]() |
ᠬᠡᠯᠡ ᠠᠶᠠᠯᠭᠤ | ᠮᠣᠩᠭᠣᠯ ᠬᠡᠯᠡᠨᠢᠭᠢ ᠥᠷᠥᠨᠡᠲᠦ ᠠᠶᠠᠯᠭᠤ (ᠣᠶᠢᠷᠠᠳ ᠤᠨ ᠦᠨᠳᠦᠰᠦᠨ), ᠲᠥᠪ ᠠᠶᠠᠯᠭᠤ᠂ ᠲᠥᠪ ᠥᠷᠥᠨᠡᠲᠦ ᠶᠢᠨ ᠵᠠᠪᠰᠠᠷ ᠤᠨ ᠠᠶᠠᠯᠭᠤ᠂ ᠵᠠᠷᠢᠮ ᠬᠡᠰᠡᠭ ᠲᠦ ᠲᠤᠬᠠᠢ ᠶᠢᠨ ᠤᠯᠤᠰ ᠤᠨ ᠣᠷᠣᠰ᠂ ᠬᠢᠲᠠᠳ᠂ ᠬᠢᠷᠭᠢᠰ᠂ ᠠᠩᠭᠯᠢ ᠬᠡᠯᠡ |
ᠪᠢᠴᠢᠭ ᠦᠰᠦᠭ | ᠤᠯᠠᠮᠵᠢᠯᠠᠯᠲᠤ ᠲᠣᠳᠣ ᠮᠣᠩᠭᠣᠯ ᠦᠰᠦᠭ᠂ ᠣᠷᠴᠢᠨ ᠴᠠᠭ ᠲᠤ ᠨᠤᠲᠤᠭ ᠣᠷᠣᠨ ᠢᠶᠠᠨ ᠳᠠᠭᠠᠭᠠᠳ ᠬᠤᠳᠤᠮ ᠮᠣᠩᠭᠣᠯ ᠦᠰᠦᠭ᠂ ᠬᠠᠯᠢᠮᠠᠭ ᠺᠢᠷᠢᠯ᠂ ᠮᠣᠩᠭᠣᠯ ᠺᠢᠷᠢᠯ ᠢᠶᠡᠷ ᠪᠢᠴᠢᠳᠡᠭ᠃ |
ᠰᠢᠲᠦᠯᠭᠡ | ![]() ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ |
ᠲᠥᠷᠥᠯ ᠬᠣᠯᠪᠣᠭ᠎ᠠ | |
ᠣᠶᠢᠷ᠎ᠠ ᠲᠥᠷᠥᠯ | ᠪᠤᠰᠤᠳ ᠮᠣᠩᠭᠣᠯ ᠦᠨᠳᠦᠰᠦᠲᠡᠨ |
ᠬᠡᠯᠡ ᠤᠭᠰᠠᠭ᠎ᠠ | ᠮᠣᠩᠭᠣᠯ ᠤᠭᠰᠠᠭᠠᠲᠠᠨ (ᠮᠣᠩᠭᠣᠯ ᠲᠥᠷᠥᠯ ᠦᠨ ᠬᠡᠯᠡᠲᠡᠨ) |
ᠳᠣᠲᠣᠷ᠎ᠠ ᠪᠠᠨ | ᠪᠤᠵᠠᠸᠠ᠂ ᠪᠠᠶᠠᠳ᠂ ᠳᠥᠷᠪᠡᠳ᠂ ᠵᠠᠬᠠᠴᠢᠨ᠂ ᠮᠢᠩᠭᠠᠳ᠂ ᠥᠭᠡᠯᠡᠳ᠂ ᠰᠠᠷ᠎ᠠ ᠳᠤ ᠬᠠᠯᠢᠮᠠᠭ᠂ ᠲᠣᠷᠭᠤᠳ᠂ ᠤᠷᠢᠶᠠᠩᠬᠠᠢ᠂ ᠬᠠᠯᠢᠮᠠᠭ᠂ ᠬᠣᠲᠠᠨ, ᠬᠣᠱᠤᠳ᠃ |
ᠮᠣᠩᠭᠣᠯ ᠤᠭᠰᠠᠭᠠᠲᠠᠨ ᠪᠣᠯᠤᠨ ᠮᠣᠩᠭᠣᠯ ᠦᠨᠳᠦᠰᠦᠲᠡᠨ ᠦ ᠳᠤᠮᠳᠠ ᠪᠠᠷᠠᠭᠤᠨ ᠵᠦᠭ ᠲᠤ ᠪᠠᠶᠢᠳᠠᠭ ᠢᠶᠠᠷ ᠢᠶᠠᠨ᠂ ᠬᠡᠯᠡ ᠠᠶᠠᠯᠭᠤ᠂ ᠲᠡᠦᠬᠡᠨ ᠦᠷ᠎ᠡ ᠪᠡᠷ ᠪᠤᠰᠤᠳ ᠠᠴᠠ ᠪᠠᠨ ᠢᠯᠭᠠᠷᠠᠬᠤ ᠪᠦᠯᠦᠭ ᠢ ᠣᠶᠢᠷᠠᠳ ᠭᠡᠳᠡᠭ᠃ ᠰᠡᠭᠦᠯ ᠦᠨ ᠦᠶ᠎ᠡ ᠳᠦ ᠪᠠᠰᠠ ᠣᠶᠢᠷᠠᠳ ᠭᠡᠵᠦ ᠪᠢᠴᠢᠳᠡᠭ ᠪᠣᠯᠪᠠ᠃ ᠮᠣᠩᠭᠣᠯ ᠦᠰᠦᠭ ᠢᠶᠡᠷ ᠣᠶᠢᠷᠠᠳ,ᡆᡕᡅᠷᠠᡑ
ᠣᠶᠢᠷᠠᠳ ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠤ ᠡᠬᠢᠨ ᠡᠴᠡ ᠶᠡᠬᠡ ᠮᠣᠩᠭᠣᠯ ᠤᠯᠤᠰ ᠍ ᠤᠨ ᠪᠦᠷᠢᠯᠳᠦᠬᠦᠨ ᠳᠦ ᠪᠠᠭᠳᠠᠵᠣ᠂ ᠠᠷᠪᠠᠨ ᠳᠥᠷᠪᠡᠳᠦᠭᠡᠷ ᠵᠠᠭᠤᠨ ᠤ ᠡᠴᠦᠰ ᠢᠶᠡᠷ ᠪᠠᠭ᠎ᠠ ᠬᠠᠭᠠᠳ ᠤᠨ ᠦᠶ᠎ᠡ ᠡᠬᠢᠯᠡᠬᠦ ᠳᠦ ᠬᠠᠭᠠᠨ ᠤ ᠵᠠᠬᠢᠷᠭ᠎ᠠ ᠲᠠᠢ ᠮᠥᠴᠡᠭᠡᠷᠬᠡᠵᠦ ᠵᠠᠶᠢᠳᠠᠭᠤᠬᠠᠨ ᠪᠠᠶᠢᠬᠤ ᠪᠣᠯᠵᠠᠢ᠃ ᠳᠥᠷᠪᠡᠨ ᠠᠶᠢᠮᠠᠭ ᠬᠣᠯᠪᠣᠭᠠᠯᠠᠭᠰᠠᠨ ᠢ ᠲᠡᠦᠬᠡᠨ ᠳᠦ ᠳᠥᠷᠪᠡᠨ ᠣᠶᠢᠷᠠᠳ ᠭᠡᠳᠡᠭ᠃ ᠳᠥᠷᠪᠡᠨ ᠣᠶᠢᠷᠠᠳ ᠠᠴᠠ ᠤᠯᠪᠠᠭᠠᠯᠠᠭᠰᠠᠨ ᠣᠶᠢᠷᠠᠳ ᠤᠨ ᠲᠥᠷᠥ ᠤᠯᠤᠰ ᠵᠦᠩᠭᠠᠷ ᠤᠨ ᠬᠠᠭᠠᠨᠲᠤ ᠤᠯᠤᠰ᠂ ᠬᠣᠱᠤᠳ ᠤᠨ ᠪᠣᠯᠤᠨ ᠬᠠᠯᠢᠮᠠᠭ ᠤᠨ ᠬᠠᠨᠲᠠ ᠤᠯᠤᠰ ᠍ ᠢ ᠪᠠᠶᠢᠭᠤᠯᠵᠤ 18 ᠳ᠋ᠣᠭᠠᠷ ᠵᠠᠭᠤᠨ ᠤ ᠳᠤᠮᠳᠠ ᠬᠦᠷᠲᠡᠯ᠎ᠡ 400 ᠭᠠᠷᠤᠢ ᠵᠢᠯ ᠲᠣᠳᠣᠷᠠᠵᠤ ᠶᠠᠪᠤᠭᠠᠳ ᠮᠠᠨᠵᠤ ᠴᠢᠩ ᠤᠯᠤᠰ᠂ ᠬᠠᠭᠠᠨᠲᠤ ᠣᠷᠣᠰ ᠤᠯᠤᠰ ᠤᠨ ᠬᠠᠷᠢᠶᠠᠨ ᠳᠤ ᠬᠤᠪᠢᠶᠠᠭᠳᠠᠭᠰᠠᠨ ᠠᠴᠠ 300 ᠭᠠᠷᠤᠢ ᠵᠢᠯ ᠪᠣᠯᠬᠤ ᠳᠤ ᠳᠠᠬᠢᠨ ᠤᠯᠤᠰ ᠪᠠᠶᠢᠭᠤᠯᠤᠭᠰᠠᠨ ᠦᠭᠡᠢ᠃ ᠡᠳᠦᠭᠡ ᠮᠣᠩᠭᠣᠯ᠂ ᠬᠢᠲᠠᠳ᠂ ᠣᠷᠣᠰ ᠭᠤᠷᠪᠠᠨ ᠤᠯᠤᠰ ᠲᠤ ᠲᠤᠰ ᠪᠦᠷᠢ ᠪᠠᠷᠤᠭ ᠲᠡᠩᠴᠡᠭᠦᠦ ᠲᠣᠭ᠎ᠠ ᠲᠠᠢ᠂ ᠪᠦᠭᠦᠳᠡ 700 ᠮᠢᠩᠭ᠎ᠠ ᠭᠠᠷᠤᠢ ᠣᠶᠢᠷᠠᠳ ᠤᠨ ᠶᠠᠰᠤ ᠠᠶᠢᠮᠠᠭ ᠤᠨ ᠬᠦᠮᠦᠨ ᠠᠮᠢᠳᠤᠷᠠᠵᠤ ᠪᠠᠶᠢᠨ᠎ᠠ᠃
ᠮᠣᠩᠭᠣᠯ ᠤᠯᠤᠰ ᠤᠨ ᠣᠶᠢᠷᠠᠳ ᠤᠳ ᠣᠷᠣᠨ ᠳᠠᠶᠠᠭᠠᠷ᠂ ᠭᠣᠣᠯᠴᠠᠭᠤ ᠤᠯᠠᠭᠠᠨᠪᠠᠭᠠᠲᠤᠷ᠂ ᠤᠪᠰᠤ᠂ ᠬᠣᠪᠳᠣ ᠳᠤ ᠣᠷᠣᠰᠢᠨ ᠰᠠᠭᠤᠵᠤ ᠪᠠᠶᠢᠨ᠎ᠠ᠃ ᠪᠠᠶᠠᠭᠤᠳ᠂ ᠳᠥᠷᠪᠡᠳ᠂ ᠵᠠᠬᠠᠴᠢᠨ᠂ ᠮᠢᠩᠭᠠᠳ᠂ ᠥᠭᠡᠯᠡᠳ᠂ ᠲᠣᠷᠭᠤᠳ᠂ ᠤᠷᠢᠶᠠᠩᠬᠠᠢ᠂ ᠬᠣᠲᠠᠨ ᠭᠡᠳ ᠬᠠᠭᠤᠴᠢᠨ ᠬᠣᠰᠢᠭᠤ᠂ ᠣᠳᠣ ᠶᠢᠨ ᠶᠠᠰᠤᠲᠠᠨ ᠤ ᠪᠠᠨ ᠨᠡᠷ᠎ᠡ ᠪᠡᠷ ᠪᠦᠷᠢᠳᠬᠡᠭᠳᠡᠳᠡᠭ᠃ 2010 ᠣᠨ ᠤ ᠲᠣᠭᠠᠯᠠᠯᠭ᠎ᠠ ᠪᠠᠷ 236 ᠮᠢᠩᠭᠠᠨ ᠬᠦᠮᠦᠨ ᠪᠠᠶᠢᠪᠠ᠃ ᠳᠤᠮᠳᠠᠳᠤ ᠤᠯᠤᠰ ᠤᠨ ᠣᠶᠢᠷᠠᠳ ᠤᠳ ᠬᠠᠭᠤᠴᠢᠨ ᠵᠦᠩᠭᠠᠷ᠂ ᠣᠳᠣ ᠶᠢᠨ ᠰᠢᠨᠵᠢᠶᠠᠩ ᠣᠷᠣᠨ ᠤ ᠪᠣᠷᠣᠳᠠᠯ᠎ᠠ᠂ ᠪᠠᠶᠠᠨᠭᠣᠣᠯ᠂ ᠬᠣᠪᠣᠭᠰᠠᠶᠢᠷ ᠨᠤᠲᠤᠭ᠂ ᠬᠥᠬᠡᠨᠠᠭᠤᠷ ᠮᠤᠵᠢ ᠪᠣᠯᠤᠨ ᠥᠪᠥᠷ ᠮᠣᠩᠭᠣᠯ ᠣᠷᠣᠨ ᠤ ᠠᠯᠠᠱᠠ᠂ ᠬᠥᠯᠦᠨ ᠪᠤᠶᠢᠷ ᠨᠤᠲᠤᠭ ᠲᠤ ᠠᠮᠢᠳᠤᠷᠠᠵᠤ᠂ ᠶᠠᠰᠤ ᠠᠶᠢᠮᠠᠭ ᠢᠶᠠᠷ ᠪᠤᠰᠤ ᠶᠡᠷᠦᠩᠬᠡᠢ «ᠮᠣᠩᠭᠣᠯ ᠦᠨᠳᠦᠰᠦᠲᠡᠨ» ᠦᠭᠡ ᠪᠡᠷ ᠪᠦᠷᠢᠳᠬᠡᠭᠳᠡᠵᠦ ᠪᠠᠶᠢᠨ᠎ᠠ᠃ ᠲᠣᠭᠠᠴᠠᠵᠤ ᠪᠠᠭᠴᠠᠭᠠᠯᠠᠭᠰᠠᠨ ᠢᠶᠠᠷ 250 ᠮᠢᠩᠭ᠎ᠠ ᠪᠠᠶᠢᠨ᠎ᠠ᠃ ᠡᠭᠦᠨ ᠳᠦ ᠲᠣᠷᠭᠤᠳ᠂ ᠬᠣᠱᠤᠳ᠂ ᠤᠷᠢᠶᠠᠩᠬᠠᠢ ᠶᠠᠰᠤ ᠭᠣᠣᠯᠯᠠᠳᠠᠭ᠃ ᠣᠶᠢᠷᠠᠳ ᠤᠨ ᠤᠭ ᠨᠤᠲᠤᠭ ᠠᠴᠠ 6000 ᠺᠢᠯᠣᠮᠧᠲ᠋ᠷ ᠠᠯᠤᠰᠯᠠᠭᠳᠠᠭᠰᠠᠨ ᠧᠦ᠋ᠷᠣᠫᠠ ᠲᠢᠪ᠂ ᠺᠠᠰᠫ ᠦᠨ ᠲᠡᠩᠭᠢᠰ ᠦᠨ ᠡᠷᠭᠢ ᠳᠦ ᠣᠷᠣᠰ ᠤᠨ ᠣᠶᠢᠷᠠᠳ ᠤᠳ ᠪᠤᠶᠤ ᠬᠠᠯᠢᠮᠠᠭ ᠬᠡᠮᠡᠬᠦ ᠰᠢᠨ᠎ᠡ ᠨᠡᠷᠡᠲᠡᠢ ᠭᠤᠷᠪᠠᠳᠠᠬᠢ ᠬᠡᠯᠲᠡᠰ ᠪᠠᠶᠢᠨ᠎ᠠ᠃ ᠭᠤᠷᠪᠠᠨ ᠤᠯᠤᠰ ᠤᠨ ᠣᠶᠢᠷᠠᠳ ᠠᠴᠠ ᠭᠠᠭᠴᠠ ᠬᠠᠯᠢᠮᠠᠭ ᠤᠳ ᠨᠢᠭᠡᠳᠦᠭᠡᠷ ᠵᠡᠷᠭᠡ ᠶᠢᠨ ᠥᠪᠡᠷᠲᠡᠭᠡᠨ ᠵᠠᠰᠠᠬᠤ ᠨᠤᠲᠤᠭ ᠲᠠᠢ ᠪᠠᠶᠢᠨ᠎ᠠ᠃ ᠣᠷᠣᠰ ᠤᠨ ᠬᠡᠮᠵᠢᠶᠡᠨ ᠳᠦ 183 ᠮᠢᠩᠭ᠎ᠠ᠂ ᠲᠡᠭᠦᠨ ᠡᠴᠡ ᠬᠠᠯᠢᠮᠠᠭ ᠣᠷᠣᠨ ᠳᠤ 163 ᠮᠢᠩᠭᠠᠨ ᠬᠠᠯᠢᠮᠠᠭ ᠲᠤᠰ ᠣᠷᠣᠨ ᠤ ᠪᠠᠨ ᠬᠦᠮᠦᠨ ᠠᠮᠠ ᠶᠢᠨ 58 ᠬᠤᠪᠢ ᠶᠢ ᠡᠵᠡᠯᠡᠨ ᠪᠠᠶᠢᠨ᠎ᠠ᠃ «ᠬᠠᠯᠢᠮᠠᠭ» ᠭᠡᠵᠦ ᠪᠦᠷᠢᠳᠬᠡᠭᠳᠡᠳᠡᠭ ᠪᠥᠭᠡᠳ ᠤᠭ ᠨᠢ ᠲᠣᠷᠭᠤᠳ᠂ᠳᠥᠷᠪᠡᠳ᠂ ᠬᠣᠱᠤᠳ᠂ ᠵᠦᠩᠭᠠᠷ᠂ ᠬᠣᠶᠢᠳᠤ ᠠᠶᠢᠮᠠᠭ᠂ ᠰᠢᠨ᠎ᠡ ᠪᠤᠵᠠᠸᠠ ᠶᠠᠰᠤᠲᠠᠨ ᠠᠴᠠ ᠪᠦᠷᠢᠳᠴᠡᠢ᠃ 14 ᠵᠠᠭᠤᠨ ᠳᠤ ᠰᠢᠨᠵᠢᠶᠠᠩ ᠠᠴᠠ ᠠᠭᠤᠯᠠ ᠳᠠᠪᠠᠭᠠᠳ ᠬᠢᠷᠭᠢᠰ ᠣᠷᠣᠨ ᠳᠤ ᠰᠠᠭᠤᠭᠰᠠᠨ ᠴᠥᠭᠡᠨ ᠲᠣᠭᠠᠨ ᠤ ᠬᠣᠲᠠᠨ ᠬᠠᠯᠢᠮᠠᠭ᠂ ᠬᠣᠷᠢᠳᠤᠭᠠᠷ ᠵᠠᠭᠤᠨ ᠳᠤ ᠭᠠᠳᠠᠭᠠᠳᠤ ᠣᠷᠣᠭᠣ ᠴᠠᠭᠠᠴᠢᠯᠠᠭᠰᠠᠨ ᠬᠦᠮᠦᠰ ᠪᠠᠰᠠ ᠪᠤᠢ᠃
ᠣᠶᠢᠷᠠᠳ ᠤᠨ ᠬᠡᠯᠡ ᠠᠶᠠᠯᠭᠤ ᠭᠤᠷᠪᠠᠨ ᠬᠡᠰᠡᠭ ᠲᠦ ᠪᠡᠨ ᠵᠢᠭᠠᠬᠠᠨ ᠵᠥᠷᠢᠭᠦᠦ ᠲᠡᠢ ᠪᠣᠯᠤᠭᠰᠠᠨ᠃ ᠮᠣᠩᠭᠣᠯ ᠤᠨ ᠬᠡᠯᠡ ᠰᠢᠨᠵᠢᠯᠡᠯᠴᠢ ᠱ ᠯᠤᠪᠰᠠᠩᠸᠠᠩᠳᠠᠨ 1959 ᠣᠨ ᠳᠤ ᠤᠷᠢᠳᠤ ᠶᠢᠨ ᠣᠯᠠᠨ ᠰᠤᠳᠤᠯᠭ᠎ᠠ ᠶᠢ ᠨᠢᠭᠡᠳᠬᠡᠨ ᠳ᠋ᠦᠩᠨᠡᠵᠦ ᠮᠣᠩᠭᠣᠯ ᠬᠡᠯᠡ ᠤ ᠬᠢ ᠥᠷᠥᠨᠡᠲᠦ ᠠᠶᠠᠯᠭᠤ ᠪᠠᠷ ᠰᠢᠨᠵᠢᠶᠠᠩ ᠦᠨ ᠣᠶᠢᠷᠠᠳ᠂ ᠢᠵᠢᠯ ᠦᠨ ᠣᠶᠢᠷᠠᠳ (ᠬᠠᠯᠢᠮᠠᠭ) ᠬᠢᠯᠢᠴᠡᠵᠦ ᠪᠠᠶᠢᠨ᠎ᠠ᠂ ᠮᠣᠩᠭᠣᠯ ᠬᠡᠯᠡᠨ ᠦ ᠥᠷᠥᠨᠡᠲᠦ ᠲᠥᠪᠥᠶᠢᠨ ᠵᠠᠪᠰᠠᠷ ᠤᠨ ᠠᠶᠠᠯᠭᠤ ᠪᠠᠷ ᠮᠣᠩᠭᠣᠯ ᠤᠯᠤᠰ ᠤᠨ ᠬᠣᠪᠳᠣ᠂ ᠤᠪᠰᠣ᠂ ᠪᠠᠶᠠᠨ-ᠥᠯᠥᠭᠡᠢ ᠶᠢᠨ ᠣᠶᠢᠷᠠᠳ᠂ ᠳᠤᠮᠳᠠᠳᠤ ᠤᠯᠤᠰ ᠤᠨ ᠬᠥᠬᠡᠨᠠᠭᠤᠷ᠂ ᠠᠯᠠᠱᠠ ᠶᠢᠨ ᠣᠶᠢᠷᠠᠳ ᠬᠢᠯᠢᠴᠡᠵᠦ ᠪᠠᠶᠢᠨ᠎ᠠ ᠭᠡᠳᠡᠭ ᠢ ᠲᠣᠳᠣᠳᠬᠠᠵᠠᠢ᠃ ᠣᠶᠢᠷᠠᠳ ᠬᠤᠳᠤᠮ ᠮᠣᠩᠭᠣᠯ ᠦᠰᠦᠭ ᠢᠶᠡᠷ ᠪᠢᠴᠢᠵᠦ ᠪᠠᠶᠢᠭᠠᠳ 16 ᠵᠠᠭᠤᠨ ᠠᠴᠠ ᠪᠤᠰᠤᠳ ᠮᠣᠩᠭᠣᠯᠴᠤᠳ ᠤᠨ ᠠᠳᠠᠯᠢ ᠪᠤᠷᠬᠠᠨ ᠤ ᠨᠣᠮ ᠰᠤᠳᠤᠯᠤᠨ ᠰᠠᠮᠭᠠᠷᠳᠢ᠂ ᠲᠥᠪᠡᠳ ᠪᠢᠴᠢᠭ ᠡᠴᠡ ᠮᠣᠩᠭᠣᠯᠴᠢᠯᠠᠵᠤ ᠪᠢᠴᠢᠭ ᠲᠦ ᠮᠡᠷᠭᠡᠰᠢᠭᠰᠡᠨ ᠳᠦ 1646 ᠣᠨ ᠳᠤ ᠵᠠᠶ᠎ᠠ ᠪᠠᠨᠳᠢᠳᠠ ᠨᠠᠮᠬᠠᠶᠢᠵᠠᠮᠼᠤ ᠲᠡᠷᠡ ᠦᠶ᠎ᠡ ᠶᠢᠨ ᠮᠣᠩᠭᠣᠯ ᠬᠡᠯᠡᠨ ᠢᠶᠡᠨ ᠲᠠᠭᠠᠷᠠᠭᠤᠯᠤᠨ ᠪᠢᠴᠢᠬᠦ ᠳᠦᠷᠢᠮ ᠢ ᠤᠶᠠᠯᠳᠤᠭᠤᠯᠵᠤ᠂ ᠦᠰᠦᠭ ᠥᠷᠭᠡᠳᠬᠡᠨ ᠬᠡᠯᠡ ᠪᠢᠴᠢᠭ ᠢ ᠣᠶᠢᠷᠠᠲᠤᠭᠤᠯᠵᠤ ᠲᠣᠳᠣᠷᠠᠭᠤᠯᠤᠭᠰᠠᠨ ᠨᠢ ᠲᠣᠳᠣ ᠦᠰᠦᠭ ᠪᠠᠶᠢᠪᠠ᠃ ᠬᠠᠯᠢᠮᠠᠭ᠂ ᠮᠣᠩᠭᠣᠯ ᠤᠨ ᠣᠶᠢᠷᠠᠳ ᠬᠣᠷᠢᠳᠤᠭᠠᠷ ᠵᠠᠭᠤᠨ ᠳᠤ ᠯᠠᠲ᠋ᠢᠨ᠂ ᠺᠢᠷᠢᠯ ᠲᠡᠢ ᠵᠣᠯᠭᠠᠬᠤ ᠬᠦᠷᠲᠡᠯ᠎ᠡ ᠲᠣᠳᠣ ᠪᠢᠴᠢᠭ ᠲᠡᠢ ᠪᠠᠶᠢᠭᠰᠠᠨ ᠪᠣᠯ ᠰᠢᠨᠵᠢᠶᠠᠩ ᠦᠨ ᠣᠶᠢᠷᠠᠳ ᠬᠤᠳᠤᠮ ᠦᠰᠦᠭ ᠦᠨ ᠬᠠᠵᠠᠭᠤ ᠪᠠᠷ ᠣᠳᠣ ᠴᠤ ᠲᠣᠳᠣ ᠦᠰᠦᠭ ᠢᠶᠡᠷ ᠪᠢᠴᠢᠵᠦ ᠪᠠᠶᠢᠨ᠎ᠠ᠃ ᠣᠶᠢᠷᠠᠳ ᠤᠳ ᠪᠡᠶᠡᠯᠡᠬᠦ᠂ ᠬᠥᠬᠡᠮᠡᠢᠯᠡᠬᠦ ᠳᠤᠷᠠᠲᠠᠢ᠂ «ᠵᠢᠩᠭᠠᠷ» ᠪᠠᠭᠠᠲᠤᠷ ᠤᠨ ᠲᠤᠤᠯᠢ ᠬᠠᠶᠢᠯᠠᠳᠠᠭ᠃
ᠭᠠᠷᠴᠠᠭ
ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]
«ᠣᠶᠢᠷᠠᠳ» ᠬᠡᠮᠡᠬᠦ ᠨᠡᠷ᠎ᠡ ᠶᠢᠨ ᠭᠠᠷᠤᠯ ᠤᠨ ᠲᠠᠯ᠎ᠠ ᠪᠡᠷ ᠬᠢ ᠳᠥᠷᠪᠡᠨ ᠰᠤᠳᠤᠯᠤᠭᠠᠴᠢ ᠶᠢᠨ ᠲᠠᠭᠠᠮᠠᠭ ᠢ ᠡᠨᠳᠡ ᠣᠨᠴᠠᠯᠠᠪᠠ᠃
- 19 ᠵᠠᠭᠤᠨ ᠳᠤ ᠬᠠᠭᠠᠨᠲᠤ ᠣᠷᠣᠰ ᠤᠨ ᠣᠷᠴᠢᠭᠤᠯᠤᠭᠴᠢ᠂ ᠬᠠᠷ᠎ᠠ ᠯᠠᠮᠠ ᠨᠢᠺᠢᠲ᠋ᠠ ᠪᠢᠴᠤᠷᠢᠨ ᠤ ᠳᠡᠪᠰᠢᠭᠦᠯᠦᠭᠰᠡᠨ ᠮᠣᠩᠭᠣᠯ ᠺᠢᠷᠢᠯ ᠦᠰᠦᠭ ᠢᠶᠡᠷ ᠣᠶᠢᠷ᠎ᠠ, ᠬᠠᠯᠢᠮᠠᠭ ᠺᠢᠷᠢᠯ ᠦᠰᠦᠭ ᠢᠶᠡᠷ ᠥᠪᠡᠷ (ᠬᠣᠶᠠᠭᠤᠯᠠ «ᠣᠶᠢᠷ᠎ᠠ᠂ ᠳᠥᠲᠡ᠂ ᠬᠣᠯᠠ ᠪᠢᠰᠢ» ᠬᠡᠮᠡᠬᠦ ᠤᠳᠬ᠎ᠠ ᠲᠠᠢ) ᠭᠡᠵᠦ ᠪᠢᠴᠢᠳᠡᠭ ᠦᠭᠡᠨ ᠡᠴᠡ ᠭᠠᠷᠤᠯᠲᠠᠢ ᠭᠡᠰᠡᠨ ᠨᠢ ᠬᠠᠮᠤᠭ ᠤᠨ ᠦᠨᠡᠮᠰᠢᠯ ᠲᠡᠢ ᠲᠠᠭᠠᠮᠠᠭ ᠶᠤᠮ᠃ ᠣᠶᠢᠷ᠎ᠠ ᠭᠡᠬᠦ ᠦᠭᠡᠨ ᠦ ᠠᠷᠤ ᠠᠴᠠ ᠣᠯᠠᠨ ᠲᠣᠭᠠᠨ ᠤ ᠳᠦ ᠨᠥᠬᠥᠴᠡᠯ ᠣᠶᠢᠷ᠎ᠠ ᠳᠦ ᠭᠡᠵᠦ ᠵᠠᠯᠭᠠᠭᠠᠳ «ᠣᠶᠢᠷ᠎ᠠ ᠲᠣᠭᠣᠷᠢᠨ ᠤ ᠶᠠᠭᠤᠮᠠᠰ» ᠭᠡᠰᠡᠨ ᠤᠳᠬ᠎ᠠ ᠪᠦᠬᠦᠢ ᠣᠶᠢᠷᠠᠳ ᠭᠡᠰᠡᠨ ᠦᠭᠡ ᠭᠠᠭᠴᠠ ᠴᠤ ᠦᠰᠦᠭ ᠦᠨ ᠵᠥᠷᠢᠭᠦᠦ ᠦᠭᠡᠢ ᠡᠭᠦᠰᠳᠡᠭ᠃
- 19 ᠵᠠᠭᠤᠨ ᠤ ᠣᠷᠣᠰ ᠤᠨ ᠪᠤᠷᠢᠶᠠᠳ ᠡᠷᠳᠡᠮᠲᠡᠨ ᠪ ᠳᠣᠷᠵᠢ «ᠣᠶᠢᠷᠠᠳ» ᠭᠡᠳᠡᠭ ᠨᠢ ᠣᠢ (ᠣᠢ ᠮᠣᠳᠣᠨ ᠤ ᠣᠢ)- ᠠᠷᠠᠳ ᠭᠡᠬᠦ ᠬᠣᠶᠠᠷ ᠦᠭᠡ ᠨᠡᠶᠢᠯᠡᠭᠰᠡᠨ ᠪᠠᠶᠢᠬᠤ ᠭᠡᠰᠡᠨ ᠡᠭᠦᠳᠡᠨ ᠡᠴᠡ «ᠣᠢ ᠶᠢᠨ ᠢᠷᠭᠡᠳ᠂ ᠣᠢ ᠶᠢᠨ ᠠᠷᠠᠳ» ᠭᠡᠬᠦ ᠤᠳᠬ᠎ᠠ ᠶᠢ ᠳᠡᠪᠰᠢᠭᠦᠯᠵᠦ᠂ ᠡᠨᠡ ᠨᠢ ᠴᠤ ᠮᠣᠩᠭᠣᠯ ᠤᠨ ᠨᠢᠭᠤᠴᠠ ᠲᠣᠪᠴᠢᠶᠠᠨ ᠤ ᠣᠷᠴᠢᠭᠤᠯᠭᠠᠨ ᠳᠤ ᠬᠡᠷᠡᠭᠯᠡᠭᠳᠡᠨ ᠲᠡᠦᠬᠡᠨ ᠳᠦ ᠣᠷᠣᠵᠠᠢ᠃
- 20 ᠵᠠᠭᠤᠨ ᠤ ᠡᠬᠢᠨ ᠳᠦ ᠹᠢᠨᠯᠠᠨ᠋ᠳ᠋ ᠍ ᠤᠨ ᠰᠸᠸᠳᠡᠨ ᠡᠷᠳᠡᠮᠲᠡᠨ ᠭ ᠷᠠᠮᠰᠲ᠋ᠧᠳᠲ «ᠣᠶᠢᠷᠠᠳ» «ᠣᠭᠤᠵᠠ» ᠬᠣᠶᠠᠷ ᠢ ᠬᠣᠯᠪᠣᠨ ᠳᠤᠷᠠᠳᠴᠤ ᠪᠠᠶᠢᠪᠠ᠃
- 1993 ᠣᠨ ᠳᠤ ᠣᠷᠣᠰ ᠤᠨ ᠬᠠᠯᠢᠮᠠᠭ ᠡᠷᠳᠡᠮᠲᠡᠨ ᠨ ᠤᠪᠤᠱᠠᠸ ᠺᠣᠢᠷᠠ (ᠨᠣᠬᠠᠢ) ᠭᠡᠬᠦ ᠦᠭᠡ ᠲᠡᠢ ᠬᠣᠯᠪᠣᠭᠳᠠᠭᠤᠯᠤᠨ ᠴᠢᠨᠣ᠎ᠠ᠂ ᠨᠣᠬᠠᠢ ᠶᠢ ᠳᠡᠭᠡᠳᠦᠯᠡᠬᠦ ᠦᠵᠡᠯ ᠡᠴᠡ ᠭᠠᠷᠤᠭᠰᠠᠨ ᠤᠤ ᠭᠡᠬᠦ ᠰᠠᠨᠠᠯ ᠳᠡᠪᠰᠢᠭᠦᠯᠦᠭᠰᠡᠨ᠃
ᠠᠩᠬᠠᠷᠬᠣ ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]
ᠣᠶᠢᠷᠠᠳ ᠢ (ᠠᠩᠭᠯᠢ ᠪᠠᠷ Oirats) ᠣᠯᠠᠨ ᠤᠯᠤᠰ ᠲᠤ ᠳᠣᠣᠷᠠᠬᠢ ᠤᠳᠬ᠎ᠠ ᠪᠠᠷ ᠲᠥᠯᠦᠭᠡᠯᠡᠭᠦᠯᠵᠦ ᠪᠢᠴᠢᠬᠦ ᠨᠢ ᠪᠠᠶᠢᠳᠠᠭ᠃
- ᠪᠠᠷᠠᠭᠤᠨ ᠮᠣᠩᠭᠣᠯ – ᠪᠠᠶᠢᠷᠢᠰᠢᠯ ᠢᠶᠠᠷ ᠨᠢ
- ᠬᠠᠯᠢᠮᠠᠭ – ᠧᠦ᠋ᠷᠣᠫᠠ ᠳᠤ ᠣᠶᠢᠷ᠎ᠠ ᠬᠡᠰᠡᠭ ᠢᠶᠡᠷ ᠨᠢ
- ᠵᠦᠩᠭᠠᠷ – ᠲᠡᠦᠬᠡᠨ ᠤᠯᠤᠰ ᠤᠨ ᠨᠡᠷ᠎ᠡ ᠪᠡᠷ ᠨᠢ