ᠪᠠᠶᠠᠷ᠎ᠠ ᠶᠢᠨ ᠨᠠᠷᠠᠨᠪᠠᠭᠠᠲᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠶᠠᠷ᠎ᠠ ᠶᠢᠨ ᠨᠠᠷᠠᠨᠪᠠᠭᠠᠲᠤᠷ
ᠲᠠᠮᠢᠷᠴᠢᠨ ᠤ ᠬᠦᠷᠲᠡᠭᠰᠡᠨ ᠮᠧᠳᠠᠯ
ᠡᠷᠡᠭᠲᠡᠢ ᠴᠢᠯᠦᠭᠡᠲᠦ ᠪᠥᠬᠡ ᠪᠠᠷᠢᠯᠳᠤᠭᠠᠨ ᠢᠶᠠᠷ
ᠮᠣᠩᠭᠣᠯ ᠮᠣᠩᠭᠣᠯ ᠍ ᠢ3 ᠲᠥᠯᠦᠭᠡᠯᠡᠵᠦ
ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ
ᠬᠦᠷᠡᠯ ᠪᠤᠲᠠᠫᠧᠱᠲ 2005 55 ᠺᠭ
ᠮᠥᠩᠭᠥ ᠪᠠᠺᠦ᠋ 2007 55 ᠺᠭ
ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ
ᠮᠥᠩᠭᠥ ᠲᠧᠭᠧᠷᠠᠨ 2004 55 ᠺᠭ
ᠵᠤᠨ ᠤ ᠦᠨᠢᠤᠧᠷᠰᠢ ᠳᠤ
ᠠᠯᠲᠠ ᠢᠰᠮᠠᠷ 2005 55 ᠺᠭ

ᠪᠠᠶᠠᠷ᠎ᠠ ᠶᠢᠨ ᠨᠠᠷᠠᠨᠪᠠᠭᠠᠲᠤᠷᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠦ ᠮᠥᠩᠭᠥ (2007), ᠬᠦᠷᠡᠯ (2005) ᠮᠧᠳᠠᠯ ᠳᠤ ᠮᠣᠩᠭᠣᠯ ᠤᠯᠤᠰ ᠍ ᠤᠨ ᠴᠢᠯᠦᠭᠡᠲᠦ ᠪᠥᠬᠡᠡᠶᠢᠨ 55 ᠺᠭ ᠵᠢᠩ ᠦᠨ ᠲᠠᠮᠢᠷᠴᠢᠨ᠂ ᠮᠣᠩᠭᠣᠯ ᠤᠯᠤᠰ ᠤᠨ ᠭᠠᠪᠢᠶᠠᠲᠤ ᠲᠠᠮᠢᠷᠴᠢᠨ.

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠪᠥᠬᠡ ᠪᠠᠶᠠᠷ᠎ᠠ ᠶᠢᠨ ᠨᠠᠷᠠᠨᠪᠠᠭᠠᠲᠤᠷ 1980 ᠣᠨ ᠤ 3 ᠰᠠᠷ᠎ᠠ ᠶᠢᠨ 11 (1980-03-11) (39 ᠨᠠᠰᠣᠳᠠᠢ) ᠍ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠳᠣᠷᠣᠨᠠᠲᠤ ᠠᠶᠢᠮᠠᠭ ᠤᠨ ᠴᠣᠶᠢᠪᠠᠯᠰᠠᠩ ᠬᠣᠳᠠ ᠳᠤ ᠲᠥᠷᠦᠵᠢᠭᠡ᠃ ᠠᠪᠤ ᠨᠢ ᠲᠥᠪ᠂ ᠡᠵᠢ ᠨᠢ ᠳᠣᠷᠣᠨᠠᠲᠤ ᠠᠶᠢᠮᠠᠭ ᠤᠨ ᠬᠢ᠂ ᠬᠣᠶᠠᠭᠤᠯᠠ ᠴᠡᠷᠢᠭ ᠦᠨ ᠭᠠᠵᠠᠷ ᠤᠨ ᠡᠮᠴᠢ ᠬᠦᠮᠦᠰ ᠪᠠᠶᠢᠪᠠ᠃ ᠲᠡᠳᠡᠨ ᠦ ᠬᠢ ᠣᠯᠠᠨ ᠭᠠᠵᠠᠷ ᠨᠡᠭᠦᠵᠦ ᠰᠠᠭᠤᠭᠰᠠᠭᠠᠷ ᠰᠡᠭᠦᠯ ᠳᠦ ᠪᠡᠨ ᠬᠠᠨ-ᠠᠭᠤᠯᠠ ᠳᠡᠭᠦᠷᠭᠡ ᠲᠤ ᠪᠢᠣᠺᠣᠮᠪᠢᠨᠠᠲ ᠍ ᠤᠨ ᠬᠠᠵᠠᠭᠤ ᠳᠤ ᠲᠥᠪᠬᠢᠨᠡᠭᠰᠡᠨ ᠭᠡᠳᠡᠭ᠃ ᠰᠤᠷᠤᠭᠴᠢ ᠨᠠᠷᠠᠨᠪᠠᠭᠠᠲᠤᠷ 1994 ᠣᠨ ᠠᠴᠠ ᠬᠥᠳᠡᠯᠮᠦᠷᠢ ᠨᠡᠶᠢᠭᠡᠮᠯᠢᠭ ᠦᠨ ᠨᠠᠮᠰᠢᠷ ᠪᠠᠭᠰᠢ ᠶᠢᠨ ᠪᠥᠬᠡ ᠶᠢᠨ ᠰᠧᠺᠼᠧᠩᠳ ᠡᠯᠰᠡᠭᠰᠡᠨ᠃ ᠬᠣᠵᠢᠮ ᠢᠶᠠᠨ ᠪᠠᠲᠤᠲᠤᠯᠭ᠎ᠠ ᠪᠠᠭᠰᠢ ᠶᠢᠨ ᠤᠳᠤᠷᠢᠳᠤᠯᠭᠠᠨ ᠳᠤ ᠪᠥᠬᠡ ᠪᠡᠷ ᠬᠢᠴᠢᠶᠡᠯᠯᠡᠳᠡᠭ ᠪᠣᠯᠤᠭᠰᠠᠨ᠃[1][2] 1997 ᠣᠨ ᠳᠤ ᠨᠡᠶᠢᠰᠯᠡᠯ ᠦᠨ 10 ᠍ ᠳᠦᠭᠡᠷ ᠳᠤᠮᠳᠠ ᠰᠤᠷᠭᠠᠭᠤᠯᠢ ᠶᠢ ᠲᠡᠭᠦᠰᠴᠦ᠂ 2003 ᠣᠨ ᠳᠤ УБИС ᠍ ᠢ ᠪᠠᠭᠰᠢ ᠳᠠᠰᠬᠠᠯᠵᠢᠭᠤᠯᠤᠭᠴᠢ ᠮᠡᠷᠭᠡᠵᠢᠯ ᠢᠶᠡᠷ ᠳᠦᠭᠦᠷᠭᠡᠭᠰᠡᠨ᠃[3]

ᠨᠠᠷᠠᠨᠪᠠᠭᠠᠲᠤᠷ 2002 ᠣᠨ ᠳᠤ ᠢᠷᠡᠨ ᠳᠤ ᠪᠣᠯᠤᠭᠰᠠᠨ ᠲᠠᠬᠡᠲᠦ ᠶᠢᠨ ᠨᠡᠷᠡᠮᠵᠢᠲᠦ ᠲᠡᠮᠡᠴᠡᠭᠡᠨ᠂ ᠪᠣᠯᠭᠠᠷᠢᠶ᠎ᠠ ᠍ ᠤᠨ ᠳᠠᠩ ᠺᠣᠯᠣᠸ ᠤᠨ ᠨᠡᠷᠡᠮᠵᠢᠲᠦ ᠲᠡᠮᠡᠴᠡᠭᠡᠨ ᠳᠦ ᠳᠠᠷᠠᠭᠠᠯᠠᠨ ᠲᠡᠷᠢᠭᠦᠯᠡᠭᠰᠡᠨ ᠢᠶᠡᠷ ᠣᠯᠣᠩ ᠳᠤ ᠲᠠᠨᠢᠭᠳᠠᠭᠰᠠᠨ᠃ 2003 ᠣᠨ ᠠᠴᠠ ᠬᠣᠶᠢᠰᠢ ᠤᠯᠤᠰ ᠢᠶᠠᠨ ᠲᠥᠯᠥᠭᠡᠯᠡᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠣᠯᠠᠨ ᠤᠳᠠᠭ᠎ᠠ ᠣᠷᠣᠯᠴᠠᠭᠰᠠᠨ᠃ 2005 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠬᠦᠷᠡᠯ ᠮᠧᠳᠠᠯ ᠬᠦᠷᠢᠲᠦᠪᠡ᠃ ᠰᠡᠭᠦᠯ ᠦᠨ ᠠᠷᠪᠠᠭᠠᠳ ᠵᠢᠯ ᠦᠨ ᠳᠣᠲᠣᠷ᠎ᠠ ᠳᠡᠯᠡᠬᠡᠢ ᠡᠴᠡ ᠮᠧᠳᠠᠯ ᠬᠦᠷᠲᠡᠭᠰᠡᠨ ᠮᠣᠩᠭᠣᠯ ᠤᠨ ᠡᠷᠡᠭᠲᠡᠢ ᠴᠢᠯᠦᠭᠡᠲᠦ ᠪᠥᠬᠡ ᠭᠡᠪᠡᠯ ᠫᠦᠷᠪᠦᠪᠠᠭᠠᠲᠤᠷ ᠠᠴᠠ ᠬᠣᠶᠢᠰᠢ ᠮᠠᠨᠳᠤᠬᠤᠨᠠᠷᠠᠨ ᠬᠦᠷᠲᠡᠯ᠎ᠡ ᠨᠠᠷᠠᠨᠪᠠᠭᠠᠲᠤᠷ ᠯᠠ ᠭᠠᠭᠴᠠᠭᠠᠷ ᠪᠠᠶᠢᠭᠰᠠᠨ ᠶᠤᠮ᠃ ᠬᠣᠶᠠᠷ ᠵᠢᠯ ᠦᠨ ᠳᠠᠷᠠᠭ᠎ᠠ 2007 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠍ ᠳᠦ ᠡᠬᠢᠨ ᠦ ᠭᠤᠷᠪᠠᠨ ᠳᠠᠪᠠᠭᠠᠨ ᠳᠤ ᠭᠦᠷᠦᠵᠦ᠂ ᠲᠦᠺ᠂ ᠰᠢᠷ ᠦᠨ ᠤᠴᠠᠷᠠᠭ᠎ᠠ ᠪᠠᠨ ᠢᠯᠠᠭᠠᠳ᠂ ᠬᠠᠭᠠᠰ ᠰᠢᠭᠰᠢᠭᠡ ᠳᠦ ᠪᠧᠯᠷᠦ᠋ᠰ ᠦᠨ ᠷᠢᠰᠸᠠᠩ ᠭᠠᠵᠢᠶᠠᠪᠢᠭᠢᠭ (2-0, 1-1, 1-1) ᠳᠡᠶᠢᠯᠵᠦ᠂ ᠠᠯᠲᠠ ᠶᠢᠨ ᠲᠥᠯᠥᠭᠡ ᠣᠷᠣᠰ ᠤᠨ ᠪᠧᠰᠢᠺ ᠺᠦᠳᠤᠬᠠᠪᠠ ᠍ ᠢ (0-3, 1-1, 0-0) ᠪᠠᠷᠤᠯ ᠦᠭᠡᠢ ᠮᠥᠩᠭᠥᠨ ᠮᠧᠳᠠᠯ ᠳᠡᠭᠡᠷ᠎ᠡ ᠪᠠᠭᠤᠭᠰᠠᠨ᠃[4] ᠨᠠᠷᠠᠨᠪᠠᠭᠠᠲᠤᠷ ᠭᠤᠷᠪᠠᠨ ᠤᠳᠠᠭ᠎ᠠ (2004, 2008, 2012) ᠣᠯᠢᠮᠫᠣᠳ ᠪᠠᠷᠢᠯᠳᠤᠵᠤ ᠥᠩᠭᠡᠷᠡᠭᠰᠡᠨ᠃ ᠲᠡᠭᠦᠨ ᠡᠴᠡ ᠭᠠᠳᠠᠨ᠎ᠠ 2004 ᠣᠨ ᠤ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠮᠥᠩᠭᠥᠨ ᠮᠧᠳᠠᠯ᠂ 2005 ᠣᠨ ᠤ ᠳᠡᠯᠡᠬᠡᠢ ᠶᠢᠨ ᠣᠶᠤᠲᠠᠨ ᠤ ᠶᠡᠬᠡ ᠨᠠᠭᠠᠳᠤᠮ (ᠦᠨᠢᠤᠧᠷᠰᠢ ᠳᠤ) ᠍ ᠠᠴᠠ ᠠᠯᠲᠠᠨ ᠮᠧᠳᠠᠯ ᠬᠦᠷᠢᠲᠦᠵᠦ ᠪᠠᠶᠢᠯ᠎ᠠ᠃ ᠤᠯᠤᠰ ᠤᠨ ᠠᠪᠤᠷᠠᠭ᠎ᠠ ᠰᠢᠯᠭᠠᠷᠠᠭᠤᠯᠬᠤ ᠲᠡᠮᠡᠴᠡᠭᠡᠨ ᠶᠢᠨ 5 ᠠᠯᠲᠠ᠂ 4 ᠮᠥᠩᠭᠥ᠂ 3 ᠬᠦᠷᠡᠯ ᠮᠧᠳᠠᠯ ᠲᠠᠢ᠃[3]

ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠮᠧᠳᠠᠯ ᠰᠢᠭᠦᠷᠡᠭᠰᠡᠨ ᠨᠠᠷᠠᠨᠪᠠᠭᠠᠲᠤᠷ ᠢ 2005 ᠣᠨ ᠳᠤ ᠲᠥᠷᠥ ᠡᠴᠡ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠴᠣᠯᠠ ᠪᠠᠷ ᠱᠠᠩᠨᠠᠵᠤ ᠠᠯᠳᠠᠷᠰᠢᠭᠤᠯᠵᠠᠢ᠃

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ