ᠪᠠᠶᠠᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠪᠠᠶᠠᠳ («ᠪᠠᠶᠠᠨ») ᠶᠠᠰᠤᠲᠠᠨ
ᠥᠨᠥ ᠶᠢᠨ ᠪᠠᠶᠢᠳᠠᠯ
ᠨᠤᠲᠤᠭ ᠣᠷᠣᠨᠪᠦᠭᠦᠳᠡ — 57 ᠮᠢᠩᠭ᠎ᠠ. ᠡᠭᠦᠨ ᠡᠴᠡ:
ᠮᠣᠩᠭᠣᠯ ᠮᠣᠩᠭᠣᠯ (ᠮᠣᠩᠭᠣᠯ ᠤᠯᠤᠰ) — 56,573 (2010)[1]
ᠬᠡᠯᠡ ᠠᠶᠠᠯᠭᠤᠮᠣᠩᠭᠣᠯ ᠬᠡᠯᠡ (ᠥᠷᠥᠨᠡᠲᠦ ᠲᠥᠪᠥᠶᠢᠨ ᠵᠠᠪᠰᠠᠷ ᠤᠨ ᠠᠶᠠᠯᠭᠤ)
ᠪᠢᠴᠢᠭ ᠦᠰᠦᠭᠮᠣᠩᠭᠣᠯ ᠺᠢᠷᠢᠯ ᠦᠰᠦᠭ ᠪᠠ ᠬᠣᠶᠠᠷ ᠮᠣᠩᠭᠣᠯ ᠦᠰᠦᠭ
ᠰᠢᠲᠦᠯᠭᠡDharma Wheel.svg ᠪᠤᠳ᠋ᠳ᠋ᠾᠠ ᠶᠢᠨ ᠱᠠᠰᠢᠨ ᠤ ᠪᠤᠶᠠᠨ ᠤ ᠶᠣᠰᠣ (ᠰᠢᠷ᠎ᠠ ᠶᠢᠨ ᠱᠠᠰᠢᠨ),
ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ
ᠲᠥᠷᠥᠯ ᠬᠣᠯᠪᠣᠭ᠎ᠠ
ᠣᠶᠢᠷ᠎ᠠ ᠲᠥᠷᠥᠯᠣᠶᠢᠷᠠᠳ᠂ ᠪᠤᠰᠤᠳ ᠮᠣᠩᠭᠣᠯ ᠦᠨᠳᠦᠰᠦᠲᠡᠨ
ᠬᠡᠯᠡ ᠤᠭᠰᠠᠭ᠎ᠠᠮᠣᠩᠭᠣᠯ ᠤᠭᠰᠠᠭᠠᠲᠠᠨ
ᠬᠤᠪᠴᠠᠰᠤ ᠵᠠᠰᠠᠯ

ᠪᠠᠶᠠᠳ - ᠮᠣᠩᠭᠣᠯ ᠦᠨᠳᠦᠰᠦᠲᠡᠨ  ᠤ ᠶᠠᠰᠤᠲᠠᠨᠣᠶᠢᠷᠠᠳ ᠠᠶᠠᠯᠭᠤᠲᠠᠨ᠂ ᠮᠣᠩᠭᠣᠯ ᠬᠡᠯᠡᠲᠡᠨ

ᠨᠡᠷ᠎ᠡ ᠶᠢᠨ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠬᠡᠯᠡᠨ ᠦ « ᠪᠠᠶᠠᠨ » (« ᠴᠢᠨᠡᠭᠡᠯᠢᠭ » ᠂ « ᠠᠷᠪᠢᠨ ᠶᠠᠭᠤᠮ᠎ᠠ ᠲᠠᠢ »᠂ « ᠥᠨᠢᠷ » ᠭᠡᠬᠦ ᠮᠡᠲᠦ ᠣᠶᠢᠷᠠᠯᠴᠠᠭ᠎ᠠ ᠤᠳᠬ᠎ᠠ ᠲᠠᠢ) ᠭᠡᠬᠦ ᠲᠡᠮᠳᠡᠭ ᠨᠡᠷ᠎ᠡ ᠶᠢᠨ ᠣᠯᠠᠨ ᠲᠣᠭᠠᠨ ᠤ ᠦᠨᠳᠦᠰᠦᠨ ᠬᠤᠪᠢᠷᠠᠯ ᠨᠢ « ᠪᠠᠶᠠᠳ » ᠭᠡᠳᠡᠭ᠃

ᠣᠪᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠳ ᠨᠢ ᠡᠷᠲᠡ ᠴᠠᠭ ᠲᠤ ᠲᠡᠦᠬᠡ ᠶᠢᠨ ᠲᠠᠪᠴᠠᠩ ᠳᠡᠭᠡᠷ᠎ᠡ ᠭᠠᠷᠴᠤ ᠢᠷᠡᠭᠰᠡᠨ᠂ ᠢᠵᠠᠭᠤᠷ ᠤᠨ ᠮᠣᠩᠭᠣᠯ ᠠᠶᠢᠮᠠᠭ ᠤᠨ ᠨᠢᠭᠡ ᠶᠤᠮ᠃ ᠾᠦᠩᠨᠦ ᠍ ᠵᠢᠨ ᠬᠠᠭᠠᠨ ᠮᠣᠳᠣᠨ ᠱᠠᠨᠦᠢ ᠣᠷᠳᠣᠰ ᠍ ᠤᠨ ᠲᠣᠬᠣᠢ ᠳᠤ ᠪᠠᠶᠢᠬᠤ ᠪᠠᠶᠠᠨ ᠠᠭᠤᠯᠠ ᠪᠠᠷ ᠨᠤᠲᠤᠭᠯᠠᠬᠤ ᠪᠠᠶᠠᠨ ᠣᠪᠤᠭ ᠢ ᠳᠠᠭᠠᠭᠤᠯᠪᠠ ᠭᠡᠰᠡᠨ ᠮᠡᠳᠡᠭᠡ ᠪᠤᠢ᠃ 6 ~8 ᠳ᠋ᠤᠭᠠᠷ ᠵᠠᠭᠤᠨ ᠤ ᠦᠶ᠎ᠡ ᠳᠦ ᠪᠠᠶᠠᠳ ᠤᠳ ᠬᠥᠯᠥᠨ᠂ ᠪᠤᠶᠢᠷ ᠨᠠᠭᠤᠷ ᠬᠠᠪᠢ ᠪᠡᠷ ᠨᠤᠲᠤᠭᠯᠠᠵᠤ ᠪᠠᠶᠢᠭᠰᠠᠨ ᠠᠵᠠᠢ᠃ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠴᠢᠩᠭᠢᠰ ᠬᠠᠭᠠᠨ ᠤ ᠮᠡᠳᠡᠯ ᠳᠦ ᠶᠠᠪᠤᠵᠤ ᠢᠷᠡᠭᠰᠡᠨ ᠪᠠᠶᠢᠨ᠎ᠠ᠃ ᠲᠡᠭᠦᠨ ᠦ ᠨᠢᠭᠡ ᠨᠢ ᠦᠩᠭᠦᠷ ᠪᠠᠭᠤᠷᠴᠢ ᠶᠤᠮ᠃ ᠲᠡᠭᠦᠨ ᠦ ᠬᠠᠷᠢᠶᠠᠲᠤ ᠪᠠᠶᠠᠳ ᠤᠳ ᠶᠡᠬᠡ ᠲᠥᠯᠥᠪ ᠬᠡᠨᠲᠡᠢ ᠶᠢᠨ ᠠᠭᠤᠯᠠᠨ ᠠᠴᠠ ᠤᠷᠤᠭᠰᠢ ᠨᠤᠲᠤᠭᠯᠠᠨ ᠶᠠᠪᠤᠵᠠᠢ᠃ 14~17 ᠋ᠳ᠋ᠤᠭᠠᠷ ᠵᠠᠭᠤᠨ ᠤ ᠡᠬᠢᠨ ᠦᠶ᠎ᠡ ᠬᠦᠷᠲᠡᠯ᠎ᠡ ᠪᠠᠶᠠᠳ ᠤᠳ ᠪᠡᠶ᠎ᠡ ᠳᠠᠭᠠᠭᠰᠠᠨ ᠨᠢᠭᠡ ᠨᠤᠲᠤᠭ ᠪᠣᠯᠵᠤ ᠶᠠᠪᠤᠭᠰᠠᠨ ᠪᠠᠶᠢᠨ᠎ᠠ᠃ ᠠᠷᠪᠠᠨ ᠵᠢᠷᠭᠤᠳᠤᠭᠠᠷ ᠵᠠᠭᠤᠨ ᠤ ᠡᠬᠢ ᠪᠡᠷ ᠪᠠᠲᠤᠮᠦ᠋ᠩᠬᠡ ᠳᠠᠶᠠᠩ ᠬᠠᠭᠠᠨ (1464-1544) ᠬᠡᠦᠬᠡᠳ ᠦᠳ ᠲᠡᠭᠡᠨ ᠠᠯᠪᠠ ᠲᠠᠰᠤᠯᠤᠨ ᠬᠤᠪᠢᠶᠠᠵᠤ ᠥᠭᠬᠦ ᠦᠶ᠎ᠡ ᠳᠦ ᠲᠠᠪᠤᠳᠤᠭᠠᠷ ᠬᠦᠦ ᠠᠯᠴᠢᠪᠣᠯᠳᠤ ᠣᠳᠣ ᠵᠢᠷᠠ ᠨᠤᠭᠤᠳᠪᠠᠭᠠᠷᠢᠨᠬᠣᠩᠭᠢᠷᠠᠳᠪᠠᠶᠠᠳᠦᠵᠢᠭᠡᠳ ᠣᠨᠣᠭᠳᠠᠭᠰᠠᠨ ᠪᠠᠶᠢᠨ᠎ᠠ᠃ ᠠᠯᠴᠢᠪᠣᠯᠳᠤ ᠳ᠋ᠤ ᠣᠨᠣᠭᠳᠠᠭᠰᠠᠨ ᠡᠨᠡ ᠲᠠᠪᠤᠨ ᠣᠲᠣᠭ ᠨᠢ ᠮᠣᠩᠭᠣᠯ ᠤᠨ ᠡᠮᠦᠨᠡᠲᠦ ᠲᠠᠯ᠎ᠠ ᠪᠠᠷ ᠨᠤᠲᠤᠭᠯᠠᠬᠤ ᠤᠴᠢᠷ ᠡᠪᠦᠷ ᠦᠨ ᠲᠠᠪᠤᠨ ᠨᠤᠲᠣᠭ ᠬᠡᠮᠡᠨ ᠨᠡᠷᠡᠯᠡᠭᠳᠡᠬᠦ ᠪᠣᠯᠵᠠᠢ᠃ ᠠᠯᠴᠢᠪᠣᠯᠳᠤ ᠨᠣᠶᠠᠨ ᠤ ᠬᠦᠦ ᠬᠤᠷᠭᠠᠴᠢ ᠬᠠᠰᠠᠷ ᠨᠣᠶᠠᠨ ᠲᠠᠪᠤᠨ ᠬᠦᠦ ᠲᠡᠢ᠃ ᠡᠭᠦᠨ ᠳᠦ ᠤᠸᠠᠰ ᠦᠢᠵᠡᠨ ᠨᠢ ᠵᠢᠷᠠ ᠨᠤᠭᠤᠳ᠂ ᠱᠤᠪᠤᠬᠠᠢ ᠳᠠᠷᠬᠠᠨ ᠪᠠᠭᠠᠷᠢᠨ ᠢ᠂ ᠰᠤᠶᠢᠪᠢᠨ ᠪᠤᠶᠢᠮ᠎ᠠ ᠳᠣᠭᠰᠢᠨ ᠬᠣᠩᠬᠢᠷ ᠲᠤ᠂ ᠰᠣᠨᠢᠨ ᠳᠠᠶᠢᠴᠢᠨ ᠪᠠᠶᠠᠳ᠂ ᠬᠤᠨᠪᠠᠭᠠᠲᠤᠷ ᠦᠵᠢᠭᠡᠳ ᠢ ᠲᠤᠰ ᠪᠦᠷᠢ ᠵᠠᠬᠢᠷᠠᠵᠠᠢ᠃

17 ᠳ᠋ᠤᠭᠠᠷ ᠵᠠᠭᠤᠨ ᠤ ᠡᠬᠢ ᠪᠡᠷ ᠮᠠᠨᠵᠤ ᠶᠢᠨ ᠲᠦᠷᠢᠮᠡᠭᠡᠶᠢᠯᠡᠭᠴᠢᠳ ᠥᠪᠥᠷ ᠮᠣᠩᠭᠣᠯ ᠢ ᠡᠵᠡᠯᠡᠨ ᠠᠪᠬᠤ ᠦᠶ᠎ᠡ ᠳᠦ ᠪᠠᠶᠠᠳ ᠴᠤ ᠨᠢᠭᠡᠨ ᠠᠳᠠᠯᠢ ᠲᠡᠳᠡᠨ ᠦ ᠡᠷᠬᠡᠰᠢᠶᠡᠯ ᠳᠦ ᠣᠷᠣᠵᠤ᠂ ᠪᠡᠶ᠎ᠡ ᠳᠠᠭᠠᠭᠰᠠᠨ ᠨᠤᠲᠤᠭ ᠪᠠᠶᠢᠬᠤ ᠪᠠᠨ ᠪᠣᠯᠢᠭᠠᠳ᠂ ᠮᠠᠨᠵᠤ ᠨᠠᠢᠮᠠᠨ ᠬᠣᠰᠢᠭᠤ ᠲᠠᠢ ᠬᠤᠳᠬᠤᠯᠳᠤᠨ᠂ ᠥᠪᠥᠷ ᠮᠣᠩᠭᠣᠯ ᠤᠨ ᠵᠡᠭᠦᠨ ᠤᠷᠳᠤᠭᠤᠷ ᠪᠡᠭᠡᠵᠢᠩ ᠡᠴᠡ ᠬᠣᠶᠢᠭᠤᠷ ᠰᠠᠭᠤᠷᠢᠰᠢᠵᠠᠢ᠃ ᠠᠯᠲᠠᠢ ᠶᠢᠨ ᠠᠭᠤᠯᠠ᠂ ᠡᠷᠴᠢᠰ ᠮᠥᠷᠡᠨ ᠦ ᠡᠬᠢᠨ ᠤᠷᠤᠰᠠᠬᠠᠯ ᠶᠢᠡᠷ ᠣᠶᠢᠷᠠᠳ ᠤᠳ ᠨᠤᠲᠤᠭᠯᠠᠨ ᠠᠬᠤᠢ ᠳᠤ ᠲᠡᠳᠡᠨ ᠦ ᠳᠣᠲᠣᠷ᠎ᠠ ᠪᠠᠶᠠᠳ ᠤᠳ ᠣᠷᠣᠯᠴᠠᠭᠰᠠᠨ ᠪᠠᠶᠢᠪᠠ᠃ ᠲᠡᠳᠡ ᠲᠣᠭᠠᠨ ᠤ ᠬᠤᠪᠢ ᠳᠤ ᠴᠥᠭᠡᠨ ᠪᠥᠭᠡᠳ ᠠᠩᠬᠠᠨ ᠳᠤ ᠪᠠᠨ ᠭᠣᠣᠯ ᠲᠥᠯᠥᠪ ᠴᠣᠷᠣᠰ ᠠᠶᠢᠮᠠᠭ ᠤᠨ ᠬᠠᠷᠢᠶᠠᠨ ᠳᠤ ᠣᠷᠣᠰᠢᠵᠤ᠂ ᠡᠷᠴᠢᠰ ᠮᠥᠷᠡᠨ ᠦ ᠰᠠᠪᠠ ᠳᠠᠭᠠᠤ ᠨᠤᠲᠤᠭᠯᠠᠳᠠᠭ ᠪᠠᠶᠢᠪᠠ᠃ ᠬᠣᠵᠢᠮ ᠨᠢ ᠳᠥᠷᠪᠡᠳ ᠬᠦᠴᠦᠷᠬᠡᠭᠵᠢᠬᠦ ᠦᠶᠡᠰ ᠲᠡᠭᠦᠨ ᠦ ᠨᠢᠭᠡᠨ ᠪᠠᠭ᠎ᠠ ᠠᠶᠢᠮᠠᠭ ᠬᠡᠮᠡᠭᠳᠡᠬᠦ ᠪᠣᠯᠵᠠᠢ᠃ 18 ᠳ᠋ᠤᠭᠠᠷ ᠵᠠᠭᠤᠨ ᠤ ᠡᠬᠢᠨ ᠬᠠᠭᠠᠰ ᠲᠤ ᠪᠠᠶᠠᠳ ᠤᠨ ᠠᠪᠤ ᠨᠣᠶᠠᠨ ᠭᠡᠵᠦ ᠴᠡᠴᠡᠨ ᠴᠡᠯᠮᠡᠭ ᠬᠦᠮᠦᠨ ᠵᠦᠩᠭᠠᠷ ᠤᠨ ᠤᠯᠤᠰ ᠤᠨ ᠲᠥᠷᠥ ᠶᠢᠨ ᠵᠢᠳᠬᠦᠯᠲᠡᠨ ᠨᠠᠷᠠᠲᠤ ᠦᠨᠡᠯᠡᠭᠳᠡᠵᠦ᠂ ᠴᠢᠮᠡᠭ ᠬᠠᠷᠪᠤᠭᠠᠴᠢ ᠭᠡᠵᠦ ᠪᠠᠭᠠᠲᠤᠷ ᠳᠠᠶᠢᠴᠢᠨ ᠡᠷ᠎ᠡ ᠪᠠᠶᠢᠵᠠᠢ᠃ 1753 ᠣᠨ ᠳᠤ ᠳᠠᠪᠠᠭᠠᠴᠢ ᠶᠢᠨ ᠬᠡᠷᠴᠡᠭᠡᠢ ᠶᠠᠪᠤᠳᠠᠯ ᠳᠤ ᠳᠤᠷ᠋ ᠠ ᠦᠭᠡᠢᠴᠡᠭᠰᠡᠨ ᠳᠥᠷᠪᠡᠳ ᠦᠨ ᠪᠠᠭ᠎ᠠ ᠨᠣᠶᠠᠨ ᠰᠡᠷᠡᠩ᠂ ᠰᠡᠷᠡᠩ ᠤᠸᠠᠰᠢ᠂ ᠰᠡᠷᠡᠩ ᠮᠥᠩᠬᠡ ᠨᠠᠷ ᠥᠪᠡᠷᠰᠡᠳ ᠦᠨ ᠬᠠᠷᠢᠶᠠᠲᠤ ᠢᠷᠭᠡᠳ ᠢᠶᠡᠨ ᠠᠪᠴᠤ ᠡᠷᠴᠢᠰ ᠬᠠᠪᠢ ᠨᠤᠲᠤᠭ ᠠᠴᠠ ᠬᠥᠳᠡᠯᠦᠨ᠂ ᠠᠯᠲᠠᠢ ᠶᠢ ᠦᠶᠡᠩᠴᠢ᠂ ᠪᠣᠳᠣᠨᠴᠢ ᠶᠢᠨ ᠬᠠᠪᠴᠢᠯ ᠢᠶᠠᠷ ᠳᠠᠪᠠᠵᠤ᠂ ᠬᠠᠯᠬ᠎ᠠ ᠶᠢᠨ ᠨᠤᠲᠤᠭ ᠲᠤ ᠣᠷᠣᠵᠤ ᠢᠷᠡᠵᠡᠢ᠃ ᠵᠦᠩᠭᠠᠷ ᠡᠴᠡ ᠢᠷᠡᠭᠰᠡᠨ ᠲᠡᠳᠡᠭᠡᠷ ᠳᠥᠷᠪᠡᠳ᠂ ᠪᠠᠶᠠᠳ ᠤᠳ ᠢ 1754 ᠣᠨ ᠳᠤ ᠰᠠᠶᠢᠨ ᠵᠠᠶᠠᠭᠠᠲᠤ ᠶᠢᠨ ᠬᠣᠶᠠᠷ ᠴᠢᠭᠤᠯᠭᠠᠨ ᠳᠤ ᠬᠤᠪᠢᠶᠠᠬᠤ ᠳᠤ᠂ ᠪᠠᠶᠠᠳ ᠤᠳ ᠵᠦᠩᠭᠠᠷ ᠤᠨ ᠴᠢᠭᠤᠯᠭᠠᠨ ᠳᠤ ᠪᠠᠭᠲᠠᠵᠠᠢ᠃ ᠲᠡᠷᠡ ᠦᠶᠡᠰ ᠲᠤ ᠵᠦᠩᠭᠠᠷ ᠤᠨ ᠴᠢᠭᠤᠯᠭᠠᠨ ᠳᠤ ᠪᠠᠭᠲᠤᠭᠰᠠᠨ ᠪᠠᠶᠠᠳ ᠤᠳ ᠢ ᠠᠷᠪᠠᠨ ᠨᠢᠭᠡᠨ ᠬᠣᠰᠢᠭᠤ ᠪᠣᠯᠭᠠᠨ ᠵᠣᠬᠢᠶᠠᠨ ᠪᠠᠶᠢᠭᠤᠯᠵᠤ᠂ ᠵᠠᠮ ᠬᠤᠪᠢᠶᠠᠨ ᠨᠡᠷ᠎ᠡ ᠥᠭᠴᠡᠢ᠃ 1. ᠳᠤᠮᠳᠠᠳᠤ ᠬᠣᠰᠢᠭᠤᠨ ᠤ ᠠᠩᠬᠠᠨ ᠤ ᠨᠣᠶᠠᠨ ᠢᠶᠠᠷ ᠮᠠᠨᠵᠤ ᠨᠠᠷ ᠰᠡᠷᠡᠩᠮᠦᠩᠬᠡᠢ ᠶᠢ ᠲᠠᠯᠪᠢᠭᠠᠳ ᠵᠠᠰᠠᠭ ᠲᠥᠷᠥ ᠶᠢᠨ ᠪᠡᠶᠢᠯᠡ ᠶᠢᠨ ᠬᠡᠷᠭᠡᠮ ᠱᠠᠩᠨᠠᠭᠰᠠᠨ ᠪᠠᠶᠢᠨ᠎ᠠ᠃ ᠬᠣᠵᠢᠮ ᠨᠢ ᠡᠷᠬᠡ(ᠸᠠᠩ ᠤᠨ) ᠵᠠᠰᠠᠭ ᠤᠨ ᠬᠣᠰᠢᠭᠤ ᠭᠡᠬᠦ ᠪᠣᠯᠤᠭᠰᠠᠨ᠃ 2. ᠳᠤᠮᠳᠠᠳᠤ ᠵᠡᠭᠦᠨ ᠬᠣᠰᠢᠭᠤᠨ ᠤ ᠨᠣᠶᠠᠨ ᠢᠶᠠᠷ ᠰᠡᠪᠳᠡᠨ ᠢ ᠲᠠᠯᠪᠢᠵᠤ ᠲᠥᠷᠥ ᠶᠢᠨ ᠪᠡᠶᠢᠯᠡ ᠡᠷᠭᠦᠮᠵᠢᠯᠡᠨ᠂ ᠵᠠᠰᠠᠭ ᠪᠣᠯᠭᠠᠵᠠᠢ᠃ ᠡᠨᠡ ᠨᠢ ᠬᠣᠵᠢᠮ ᠳᠠᠶᠢᠴᠢᠨ ᠸᠠᠩ ᠤᠨ ᠬᠣᠰᠢᠭᠤ ᠬᠡᠬᠦ ᠪᠣᠯᠪᠠ᠃ 3. ᠳᠤᠮᠳᠠᠳᠤ ᠡᠮᠦᠨᠡᠲᠦ ᠬᠣᠰᠢᠭᠤᠨ ᠤ ᠵᠠᠰᠠᠭ ᠢᠶᠠᠷ ᠠᠩᠬ᠎ᠠ ᠭᠠᠨ ᠢ ᠡᠷᠭᠦᠮᠵᠢᠯᠡᠵᠦ᠂ ᠤᠯᠤᠰ ᠲᠤ ᠲᠤᠰᠠᠯᠠᠭᠴᠢ ᠭᠦᠩ ᠦᠨ ᠬᠡᠷᠭᠡᠮ ᠣᠯᠭᠤᠭᠰᠠᠨ ᠨᠢ ᠬᠣᠵᠢᠮ ᠤᠨ ᠰᠠᠷᠠᠭᠤᠯ ᠭᠦᠩ  ᠤᠨ ᠬᠣᠰᠢᠭᠤ ᠭᠡᠬᠦ ᠪᠣᠯᠪᠠ᠃ 4. ᠳᠤᠮᠳᠠᠳᠤ ᠬᠣᠶᠢᠳᠤ ᠬᠣᠰᠢᠭᠤᠨ ᠤ ᠨᠣᠶᠠᠨ ᠢᠶᠠᠷ ᠡᠩ ᠲᠡᠷᠢᠭᠦᠨ ᠳᠦ ᠪᠠᠲᠤᠮᠦ᠋ᠩᠬᠡ ᠶᠢ ᠲᠣᠬᠣᠭᠠᠵᠤ᠂ ᠵᠠᠰᠠᠭ ᠤᠯᠤᠰ ᠲᠤ ᠲᠤᠰᠠᠯᠠᠭᠴᠢ ᠭᠦᠩ ᠡᠷᠭᠦᠮᠵᠢᠯᠡᠵᠡᠢ᠃ ᠬᠣᠵᠢᠮ ᠨᠢ ᠲᠦᠰᠢᠶ᠎ᠡ ᠭᠦᠩ  ᠤᠨ ᠬᠣᠰᠢᠭᠤ ᠭᠡᠵᠡᠢ᠃ 5. ᠳᠤᠮᠳᠠᠳᠤ ᠳᠡᠭᠡᠳᠦ ᠬᠣᠰᠢᠭᠤᠨ ᠤ ᠵᠠᠰᠠᠭ ᠢᠶᠠᠷ ᠠᠩᠬ᠎ᠠ ᠮᠠᠰᠢᠪᠠᠲᠤ ᠶᠢ ᠲᠠᠯᠪᠢᠵᠤ᠂ ᠤᠯᠤᠰ ᠲᠤ ᠲᠤᠰᠠᠯᠠᠭᠴᠢ ᠭᠦᠩ ᠦᠨ ᠬᠡᠷᠭᠡᠮ ᠣᠯᠭᠤᠭᠰᠠᠨ ᠪᠠᠶᠢᠨ᠎ᠠ᠃ ᠬᠣᠵᠢᠮ ᠨᠢ ᠵᠢᠨᠦᠩ ᠪᠡᠶᠢᠯᠡ ᠶᠢᠨ ᠬᠣᠰᠢᠭᠤ ᠭᠡᠵᠦ ᠨᠡᠷᠡᠯᠡᠪᠡ᠃ 6. ᠳᠤᠮᠳᠠᠳᠤ ᠳᠣᠣᠷᠠᠳᠤ ᠬᠣᠰᠢᠭᠤᠨ ᠤ ᠨᠣᠶᠠᠨ ᠢᠶᠠᠷ ᠠᠩᠬ᠎ᠠ ᠳᠠᠰᠢᠳᠣᠩᠳᠣᠭ ᠢ ᠡᠷᠭᠦᠮᠵᠢᠯᠡᠵᠦ᠂ ᠵᠠᠰᠠᠭ ᠲᠡᠷᠢᠭᠦᠨ ᠵᠡᠷᠭᠡ ᠲᠠᠶᠢᠵᠢ ᠶᠢᠨ ᠬᠡᠷᠭᠡᠮ ᠱᠠᠩᠨᠠᠵᠠᠢ᠃ ᠬᠣᠵᠢᠮ ᠨᠢ ᠡᠷᠳᠡᠨᠢ ᠭᠦᠩ ᠦᠨ ᠬᠣᠰᠢᠭᠤ ᠭᠡᠬᠦ ᠪᠣᠯᠪᠠ᠃ 7. ᠳᠤᠮᠳᠠᠳᠤ ᠡᠮᠦᠨᠡᠲᠦ ᠵᠡᠭᠦᠨ ᠬᠣᠰᠢᠭᠤᠨ ᠤ ᠠᠩᠬᠠᠨ ᠤ ᠨᠣᠶᠠᠨ ᠢᠶᠠᠷ ᠮᠥᠩᠬᠡᠲᠡᠮᠦᠷ ᠢ ᠡᠷᠭᠦᠵᠦ᠂ ᠵᠠᠰᠠᠭ ᠬᠣᠰᠢᠭᠤᠨ ᠤ ᠪᠡᠶᠢᠰᠡ ᠶᠢᠨ ᠬᠡᠷᠭᠡᠮ ᠣᠯᠭᠤᠪᠠ᠃ ᠬᠣᠵᠢᠮ ᠨᠢ ᠡᠶ᠎ᠡ ᠲᠡᠢ ᠭᠦᠩ ᠦᠨ ᠬᠣᠰᠢᠭᠤ ᠭᠡᠰᠡᠨ᠃ 8. ᠳᠤᠮᠳᠠᠳᠤ ᠡᠮᠦᠨᠡᠲᠦ ᠪᠠᠷᠠᠭᠤᠨ ᠬᠣᠰᠢᠭᠤᠨ ᠤ ᠨᠣᠶᠠᠨ ᠢᠶᠠᠷ ᠠᠩᠬ᠎ᠠ ᠪᠠᠨᠵᠤᠤᠷ ᠢ ᠲᠠᠯᠪᠢᠵᠤ᠂ ᠵᠠᠰᠠᠭ ᠬᠣᠰᠢᠭᠤᠨ ᠤ ᠪᠡᠶᠢᠰᠡ ᠶᠢᠨ ᠬᠡᠷᠭᠡᠮ ᠱᠠᠩᠨᠠᠵᠠᠢ᠃ ᠬᠣᠵᠢᠮ ᠨᠢ ᠦᠢᠵᠡᠨ(ᠫᠠᠨᠳᠢᠶᠠ) ᠪᠡᠶᠢᠯᠡ ᠶᠢᠨ ᠬᠣᠰᠢᠭᠤ ᠭᠡᠬᠦ ᠪᠣᠯᠤᠭᠰᠠᠨ ᠠᠵᠠᠢ᠃ 9. ᠳᠤᠮᠳᠠᠳᠤ ᠬᠣᠶᠢᠳᠤ ᠵᠡᠭᠦᠨ ᠬᠣᠰᠢᠭᠤᠨ ᠤ ᠨᠣᠶᠠᠨ ᠢᠶᠠᠷ ᠠᠩᠬ᠎ᠠ ᠭᠦᠨᠱᠠᠷ ᠢ ᠲᠠᠯᠪᠢᠭᠠᠳ ᠵᠠᠰᠠᠭ ᠲᠡᠷᠢᠭᠦᠨ ᠵᠡᠷᠭᠡ ᠲᠠᠶᠢᠵᠢ ᠪᠣᠯᠭᠠᠪᠠ᠃ ᠡᠨᠡ ᠬᠣᠰᠢᠭᠤ ᠶᠢ ᠬᠣᠵᠢᠮ ᠨᠢ ᠮᠡᠷᠭᠡᠨ ᠭᠦᠩ ᠦᠨ ᠬᠣᠰᠢᠭᠤ ᠭᠡᠵᠡᠢ᠃ ᠡᠳᠡᠭᠡᠷ 9 ᠬᠣᠰᠢᠭᠤ ᠪᠦᠭᠦᠳᠡ ᠨᠢᠵᠡᠭᠡᠳ ᠰᠤᠮᠤ ᠲᠠᠢ ᠪᠠᠶᠢᠵᠠᠢ᠃ 10. ᠳᠤᠮᠳᠠᠳᠤ ᠬᠣᠶᠢᠳᠤ ᠪᠠᠷᠠᠭᠤᠨ ᠬᠣᠰᠢᠭᠤᠨ ᠤ ᠨᠣᠶᠠᠨ ᠢᠶᠠᠷ ᠠᠩᠬ᠎ᠠ ᠪᠠᠷᠰ ᠢ ᠡᠷᠭᠦᠮᠵᠢᠯᠡᠵᠦ᠂ ᠵᠠᠰᠠᠭ ᠲᠡᠷᠢᠭᠦᠨ ᠵᠡᠷᠭᠡ ᠲᠠᠶᠢᠵᠢ ᠶᠢᠨ ᠬᠡᠷᠭᠡᠮ ᠱᠠᠩᠨᠠᠵᠠᠢ᠃ ᠡᠨᠡ ᠬᠣᠰᠢᠭᠤ ᠨᠢ ᠠᠩᠬ᠎ᠠ 56 ᠡᠷᠦᠬᠡ ᠲᠡᠢ ᠪᠠᠶᠢᠭᠤᠯᠤᠭᠳᠠᠭᠰᠠᠨ ᠪᠥᠭᠡᠳ ᠰᠤᠮᠤ ᠬᠤᠪᠢᠶᠠᠭ᠎ᠠ ᠦᠭᠡᠢ ᠠᠵᠠᠢ᠃ ᠬᠣᠵᠢᠮ ᠨᠢ ᠬᠤᠷᠴᠠ(ᠳᠠᠶᠢᠭ᠎ᠠ) ᠭᠦᠩ ᠦᠨ ᠬᠣᠰᠢᠭᠤ ᠭᠡᠬᠦ ᠪᠣᠯᠵᠠᠢ᠃ 11. ᠳᠤᠮᠳᠠᠳᠤ ᠪᠠᠷᠠᠭᠤᠨ ᠬᠣᠰᠢᠭᠤᠨ ᠤ ᠠᠩᠬᠠᠨ ᠤ ᠨᠣᠶᠠᠨ ᠢᠶᠠᠷ ᠭᠡᠨᠳᠡᠩ ᠢ ᠡᠷᠭᠦᠵᠦ᠂ ᠬᠣᠰᠢᠭᠤᠨ ᠵᠠᠰᠠᠭ ᠪᠡᠶᠢᠰᠡ ᠶᠢᠨ ᠬᠡᠷᠭᠡᠮ ᠣᠯᠭᠤᠵᠠᠢ᠃ ᠬᠣᠶᠠᠷ ᠰᠤᠮᠤ ᠲᠠᠢ᠂ ᠡᠯ᠎ᠡ ᠬᠣᠰᠢᠭᠤ ᠶᠢ ᠬᠣᠵᠢᠮ ᠨᠢ ᠢᠷᠦᠭᠡᠯᠲᠦ (ᠪᠠᠭᠠᠲᠤᠷ) ᠪᠡᠶᠢᠯᠡ ᠶᠢᠨ ᠬᠣᠰᠢᠭᠤ ᠭᠡᠬᠦ ᠪᠣᠯᠤᠭᠰᠠᠨ᠃ ᠪᠠᠶᠠᠳ ᠤᠨ 11 ᠬᠣᠰᠢᠭᠤ ᠪᠠᠭᠲᠤᠭᠰᠠᠨ ᠰᠠᠶᠢᠨ ᠵᠠᠶᠠᠭᠠᠲᠤ ᠶᠢᠨ ᠵᠦᠩᠭᠠᠷ ᠤᠨ ᠴᠢᠭᠤᠯᠭᠠᠨ ᠤ ᠳᠠᠷᠤᠭ᠎ᠠ ᠪᠠᠷ ᠂ ᠲᠡᠭᠦᠰ ᠬᠦᠯᠦᠭ ᠳᠠᠯᠠᠢ ᠬᠠᠨ ᠰᠡᠷᠡᠩ ᠢ ᠳᠡᠳ᠋ ᠴᠢᠭᠤᠯᠭᠠᠨ ᠤ ᠳᠠᠷᠤᠭ᠎ᠠ ᠪᠠᠷ ᠂ ᠳᠤᠮᠳᠠᠳᠤ ᠵᠡᠭᠦᠨ ᠬᠣᠰᠢᠭᠤᠨ ᠤ ᠨᠣᠶᠠᠨ ᠰᠡᠪᠳᠡᠨ ᠢ ᠲᠠᠯᠪᠢᠵᠤ ᠵᠠᠬᠢᠷᠤᠭᠤᠯᠤᠭᠰᠠᠨ ᠠᠵᠡᠢ᠃ 1921 ᠣᠨ ᠳᠤ ᠲᠤᠰ ᠣᠷᠣᠨ ᠳᠤ ᠬᠤᠪᠢᠰᠬᠠᠯ ᠢᠯᠠᠭᠰᠠᠨ ᠤ ᠳᠠᠷᠠᠭ᠎ᠠ ᠵᠠᠰᠠᠭ ᠵᠠᠬᠢᠷᠭᠠᠨ ᠤ ᠰᠢᠨ᠎ᠡ ᠵᠣᠬᠢᠶᠠᠨ ᠪᠠᠶᠢᠭᠤᠯᠤᠯᠲᠠᠨ ᠳᠤ ᠰᠢᠯᠵᠢᠬᠦ ᠦᠶ᠎ᠡ ᠳᠦ ᠤᠷᠢᠳᠤ ᠶᠢᠨ ᠳᠥᠷᠪᠡᠳ ᠳᠠᠯᠠᠢ ᠬᠠᠨ ᠠᠶᠢᠮᠠᠭ᠂ ᠵᠣᠷᠢᠭᠲᠤ ᠬᠠᠨ ᠠᠶᠢᠮᠠᠭ ᠬᠣᠶᠠᠷ ᠢ ᠨᠡᠶᠢᠯᠡᠭᠦᠯᠦᠭᠡᠳ 1925 ᠣᠨ ᠳᠤ ᠴᠢᠨᠳᠠᠮᠠᠨᠢ ᠤᠤᠯ ᠤᠨ ᠠᠶᠢᠮᠠᠭ ᠢ ᠪᠠᠶᠢᠭᠤᠯᠵᠤ᠂ ᠤᠯᠠᠭᠠᠨᠠᠭᠠᠮ᠎ᠠ ᠳᠤ ᠲᠥᠪᠯᠡᠷᠡᠭᠦᠯᠦᠭᠰᠡᠨ ᠪᠠᠶᠢᠨ᠎ᠠ᠃ ᠲᠡᠷᠡ ᠦᠶ᠎ᠡ ᠳᠦ ᠳᠠᠯᠠᠢ ᠬᠠᠨᠳᠠ ᠵᠠᠬᠢᠷᠤᠭᠳᠠᠭᠰᠠᠨ ᠪᠠᠶᠠᠳ ᠤᠨ ᠠᠷᠪᠠᠨ ᠬᠣᠰᠢᠭᠤ ᠶᠢ ᠵᠣᠷᠢᠭᠲᠤ ᠬᠠᠨ ᠤ ᠠᠶᠢᠮᠠᠭ ᠲᠤ ᠵᠠᠬᠢᠷᠤᠭᠳᠠᠭᠰᠠᠨ ᠪᠠᠶᠠᠳ ᠤᠨ ᠢᠷᠦᠭᠡᠯᠲᠦ ᠪᠡᠶᠢᠰᠡ ᠶᠢᠨ ᠨᠢᠭᠡ ᠬᠣᠰᠢᠭᠤ ᠲᠠᠢ ᠨᠢᠭᠡᠳᠬᠡᠨ ᠪᠠᠶᠠᠨᠴᠢᠨᠳᠠᠮᠠᠨᠢ ᠤᠤᠯ ᠤᠨ ᠬᠣᠰᠢᠭᠤ ᠬᠡᠮᠡᠨ ᠨᠡᠷᠡᠯᠡᠭᠡᠳ ᠴᠢᠨᠳᠠᠮᠠᠨᠢ ᠤᠤᠯ ᠤᠨ ᠠᠶᠢᠮᠠᠭ ᠲᠤ ᠵᠠᠬᠢᠷᠤᠭᠤᠯᠵᠠᠢ᠃ 1931 ᠣᠨ ᠳᠤ ᠴᠢᠨᠳᠠᠮᠠᠨᠢ ᠤᠤᠯ ᠤᠨ ᠠᠶᠢᠮᠠᠭ ᠤᠨ ᠰᠠᠭᠤᠷᠢᠨ ᠳᠡᠭᠡᠷ᠎ᠡ ᠤᠪᠰᠤ ᠠᠶᠢᠮᠠᠭ ᠢ ᠪᠠᠶᠢᠭᠤᠯᠵᠤ ᠤᠷᠢᠳᠤ ᠶᠢᠨ ᠬᠣᠰᠢ ᠨᠤᠭᠤᠳ ᠢᠶᠠᠷ ᠰᠤᠮᠤ ᠵᠣᠬᠢᠶᠠᠭᠰᠠᠨ ᠪᠠᠶᠢᠨ᠎ᠠ᠃ ᠲᠡᠭᠡᠬᠦ ᠳᠦ ᠪᠠᠶᠠᠳ ᠤᠨ ᠮᠡᠷᠭᠡᠨ ᠭᠦᠩ ᠂ ᠲᠦᠰᠢᠶ᠎ᠡ ᠭᠦᠩ ᠂ ᠡᠷᠳᠡᠨᠢ ᠭᠦᠩ ᠂ ᠬᠤᠷᠴᠠ ᠭᠦᠩ ᠦᠨ ᠬᠣᠰᠢᠭᠤ ᠪᠠᠷ ᠵᠡᠭᠦᠨ ᠭᠣᠪᠢ ᠰᠤᠮᠤ᠂ ᠡᠷᠬᠡ ᠸᠠᠩ᠂ ᠵᠢᠨᠦᠩ ᠪᠡᠶᠢᠯᠡ ᠶᠢᠨ ᠬᠣᠰᠢᠭᠤ ᠪᠠᠷ ᠮᠠᠯᠴᠢᠨ ᠰᠤᠮᠤ᠂ ᠦᠢᠵᠡᠨ(ᠫᠠᠨᠳᠢᠶᠠ) ᠪᠡᠶᠢᠯᠡ᠂ ᠡᠶᠡᠲᠡᠢ(ᠵᠠᠵᠢᠨ) ᠭᠦᠩ  ᠤᠨ ᠬᠣᠰᠢᠭᠤ ᠪᠠᠷ ᠲᠡᠰ ᠰᠤᠮᠤ᠂ ᠰᠠᠷᠠᠭᠤᠯ ᠭᠦᠨ᠂ ᠢᠷᠦᠭᠡᠯᠲᠦ(ᠪᠠᠭᠠᠲᠤᠷ) ᠪᠡᠶᠢᠰᠡ᠂ ᠳᠠᠶᠢᠴᠢᠨ ᠸᠠᠩ ᠤᠨ ᠬᠣᠰᠢᠭᠤ ᠪᠠᠷ ᠬᠢᠷᠭᠠᠰ ᠰᠤᠮᠤ ᠶᠢ ᠲᠤᠰ ᠲᠤᠰ ᠪᠠᠶᠢᠭᠤᠯᠵᠠᠢ᠃

ᠶᠠᠰᠤᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠳ ᠣᠪᠣᠭᠲᠠᠨ ᠣᠷᠣᠰ ᠬᠣᠯᠪᠣᠭᠠᠨ ᠤ ᠤᠯᠤᠰ ᠍ ᠤᠨ ᠬᠠᠯᠢᠮᠠᠭᠪᠤᠷᠢᠶᠠᠳᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯᠮᠣᠩᠭᠣᠯ ᠤᠯᠤᠰ ᠍ ᠤᠨ ᠶᠡᠬᠡᠩᠬᠢ ᠠᠶᠢᠮᠠᠭ ᠲᠤ ᠪᠠᠶᠢᠳᠠᠭ᠃ ᠮᠥᠨ ᠲᠦᠷᠦᠭ ᠬᠡᠯᠡᠲᠡᠨ ᠤᠯᠤᠰ ᠤᠳ ᠤᠨ ᠳᠤᠮᠳᠠ ᠪᠠᠶᠠᠳ ᠣᠪᠤᠭ ᠪᠠᠶᠢᠭᠰᠠᠨ ᠲᠤᠬᠠᠢ ᠮᠡᠳᠡᠭᠡ ᠦᠯᠡᠳᠡᠵᠡᠢ᠃ ᠪᠠᠶᠠᠳ ᠬᠡᠮᠡᠬᠦ ᠨᠡᠷ᠎ᠡ ᠪᠡᠷ ᠲᠣᠳᠣᠷᠬᠠᠢ ᠨᠡᠷᠡᠯᠡᠭᠳᠡᠵᠦ ᠪᠠᠶᠢᠭ᠎ᠠ ᠪᠠᠶᠠᠳ ᠤᠳ ᠪᠣᠯ ᠳᠥᠷᠪᠡᠨ ᠣᠶᠢᠷᠠᠳ ᠤᠨ ᠪᠦᠷᠢᠯᠳᠦᠬᠦᠨ ᠦ ᠪᠠᠶᠠᠳ ᠤᠳ ᠶᠤᠮ᠃ ᠲᠡᠳᠡ ᠳᠥᠷᠪᠡᠳ ᠠᠶᠢᠮᠠᠭ ᠤᠨ ᠵᠠᠬᠢᠷᠭᠠᠨ ᠳᠤ ᠪᠠᠶᠢᠭᠰᠠᠨ ᠪᠥᠭᠡᠳ 1754 ᠣᠨ ᠳᠤ ᠵᠦᠩᠭᠠᠷ ᠍ ᠤᠨ ᠬᠠᠭᠠᠨ ᠳᠠᠪᠠᠭᠠᠴᠢ ᠲᠠᠢ ᠡᠪᠳᠡᠷᠡᠯᠴᠡᠭᠰᠡᠨ ᠦ ᠤᠯᠠᠮ ᠠᠴᠠ ᠳᠥᠷᠪᠡᠳ ᠦᠳ ᠦᠨ ᠬᠠᠮᠲᠤ ᠠᠯᠲᠠᠢ ᠶᠢᠨ ᠨᠢᠷᠤᠭᠤ ᠶᠢ ᠳᠠᠪᠠᠵᠤ᠂ ᠮᠠᠨᠵᠤ ᠴᠢᠩ ᠤᠯᠤᠰ ᠲᠤ ᠳᠠᠭᠠᠷ᠎ᠠ ᠣᠷᠣᠵᠠᠢ᠃ ᠮᠠᠨᠵᠤ ᠨᠠᠷ ᠲᠡᠳᠡᠨ ᠢ1758 ᠣᠨ ᠳᠤ ᠤᠪᠰᠤ ᠨᠠᠭᠤᠷ ᠍ ᠤᠨ ᠭᠠᠵᠠᠷ ᠲᠤ ᠨᠤᠲᠤᠭᠯᠠᠭᠤᠯᠵᠠᠢ᠃ ᠡᠳᠡᠭᠡᠷ ᠪᠠᠶᠠᠳ ᠤᠳ ᠮᠣᠩᠭᠣᠯ ᠤᠯᠤᠰ ᠤᠨ ᠤᠪᠰᠤ ᠠᠶᠢᠮᠠᠭ ᠲᠤ ᠣᠷᠣᠰᠢᠨ ᠰᠠᠭᠤᠳᠠᠭ᠃ ᠴᠢᠩᠭᠢᠰ ᠬᠠᠭᠠᠨ ᠤ 9 ᠥᠷᠯᠥᠭ ᠦᠨ ᠨᠢᠭᠡ ᠬᠠᠷ᠎ᠠ ᠬᠢᠷᠦᠭᠡ ᠨᠢ ᠣᠶᠢᠷᠠᠳ ᠤᠨ ᠪᠠᠶᠠᠳ ᠶᠠᠰᠤᠲᠠᠨ ᠤ ᠬᠦᠮᠦᠨ ᠪᠠᠶᠢᠵᠠᠢ᠃ ᠮᠥᠨ ᠮᠥᠩᠬᠡ᠂ ᠬᠤᠪᠢᠯᠠᠢ᠂ ᠥᠯᠵᠡᠶᠢᠲᠦ᠂ ᠠᠷᠭᠤᠨ᠂ ᠭᠠᠵᠠᠨ᠂ ᠲᠣᠭᠠᠨᠲᠡᠮᠦᠷ ᠵᠡᠷᠭᠡ ᠬᠠᠭᠠᠳ ᠤᠨ ᠬᠠᠲᠤᠳ ᠨᠢ ᠪᠠᠶᠠᠭᠤᠳ ᠤᠨ ᠭᠦᠩᠵᠦ ᠨᠠᠷ ᠪᠠᠶᠢᠭᠰᠠᠨ ᠪᠥᠭᠡᠳ ᠲᠡᠳᠡ ᠬᠡᠵᠢᠶ᠎ᠡ ᠡᠴᠡ ᠪᠡᠨ ᠪᠣᠷᠵᠢᠭᠢᠨ ᠣᠪᠣᠭᠲᠠᠨ ᠲᠠᠢ ᠬᠤᠳᠠ ᠤᠷᠤᠭ ᠤᠨ ᠬᠣᠯᠪᠣᠭᠠᠲᠠᠢ ᠪᠠᠶᠢᠭᠰᠠᠭᠠᠷ ᠢᠷᠡᠭᠰᠡᠨ ᠪᠠᠶᠢᠨ᠎ᠠ᠃ ᠮᠣᠩᠭᠣᠯ ᠲᠥᠷᠥ ᠶᠢᠨ ᠶᠡᠬᠡ ᠦᠢᠯᠡ ᠬᠡᠷᠡᠭ ᠲᠦ ᠬᠦᠴᠦᠨ ᠵᠢᠳᠬᠦᠵᠦ ᠪᠠᠶᠢᠭᠰᠠᠨ ᠲᠥᠷᠥ ᠶᠢᠨ ᠲᠣᠮᠣ ᠲᠦᠰᠢᠶ᠎ᠡ ᠨᠣᠶᠠᠳ ᠪᠠᠶᠠᠳ ᠤᠳ ᠳᠤᠮᠳᠠ ᠣᠯᠠᠨ ᠪᠠᠶᠢᠰᠠᠨ ᠤ ᠨᠢᠭᠡ ᠶᠤᠸᠠᠨ ᠭᠦᠷᠦᠨ ᠦ ᠶᠡᠬᠡ ᠲᠦᠰᠢᠮᠡᠯ ᠳᠠᠷᠬᠠᠨ ᠲᠠᠶᠢᠰᠢ ᠶᠠᠨᠢᠲᠡᠮᠦᠷ ᠶᠤᠮ᠃ ᠶᠤᠸᠠᠨ ᠭᠦᠷᠦᠨ ᠦ ᠦᠶ᠎ᠡ ᠶᠢᠨ ᠮᠣᠩᠭᠣᠯ ᠤᠨ ᠴᠤᠤᠲᠤ ᠵᠠᠩᠵᠤᠨ ᠬᠥᠬᠥᠲᠡᠮᠦᠷ ᠢ ᠬᠢᠲᠠᠳ ᠰᠤᠷᠪᠤᠯᠵᠢ ᠨᠤᠭᠤᠳ ᠲᠤ ᠸᠠᠩ ᠪᠠᠣ ᠪᠠᠣ ᠭᠡᠭᠳᠡᠳᠡᠭ ᠂ ᠬᠢᠲᠠᠳ ᠬᠦᠮᠦᠨ ᠭᠡᠳᠡᠭ ᠴᠤ 1990 ᠣᠨ ᠳᠤ ᠣᠯᠳᠠᠵᠤ ᠱᠤᠤᠭᠢᠶᠠᠨ ᠲᠠᠷᠢᠭᠰᠠᠨ ᠶᠤᠸᠠᠨ ᠤᠯᠤᠰ ᠤᠨ ᠲᠦᠰᠢᠮᠡᠯ ᠪᠠᠶᠠᠳ ᠣᠪᠤᠭ ᠤᠨ ᠰᠠᠶᠢᠨᠴᠢ ᠳᠠᠬᠤ- ᠪᠤᠩᠬᠤᠨ ᠤ ᠪᠢᠴᠢᠭᠡᠰᠦ ᠬᠥᠬᠥᠲᠡᠮᠦᠷ ᠵᠠᠩᠵᠤᠨ ᠲᠡᠭᠦᠨ ᠦ ᠠᠬᠠᠮᠠᠳ ᠬᠦᠦ ᠪᠣᠯᠬᠤ ᠶᠢ ᠮᠠᠰᠢ ᠳᠡᠯᠭᠡᠷᠡᠩᠭᠦᠢ᠂ ᠬᠥᠳᠡᠯᠪᠦᠷᠢ ᠦᠭᠡᠢ ᠪᠠᠲᠤᠯᠠᠭᠰᠠᠨ ᠠᠴᠠ ᠬᠣᠶᠢᠰᠢ ᠬᠢᠲᠠᠳ ᠤᠨ ᠡᠷᠳᠡᠮᠲᠡᠳ ᠬᠥᠬᠥᠲᠡᠮᠦᠷ ᠵᠠᠩᠵᠤᠨ ᠪᠣᠯ ᠡᠴᠢᠭᠡ ᠶᠢᠨ ᠲᠠᠯ᠎ᠠ ᠠᠴᠠ ᠮᠣᠩᠭᠣᠯ ᠤᠨ ᠪᠠᠶᠠᠳ ᠣᠪᠤᠭ ᠤᠨ ᠬᠦᠮᠦᠨ ᠭᠡᠳᠡᠭ ᠢ ᠬᠦᠯᠢᠶᠡᠨ ᠵᠥᠪᠰᠢᠶᠡᠷᠡᠵᠡᠢ᠃ ᠳᠠᠰᠢᠷᠠᠮ ᠳᠤ ᠳᠠᠭᠤᠯᠭᠠᠬᠤ ᠳᠤ ᠴᠢᠩᠭᠢᠰ ᠬᠠᠭᠠᠨ ᠤ ᠶᠡᠬᠡ ᠡᠪᠦᠭᠡ ᠪᠣᠳᠣᠨᠴᠢᠷ ᠮᠤᠩᠬᠠᠭ ᠪᠣᠯᠪᠠᠰᠤ ᠪᠠᠶᠠᠳ ᠣᠪᠤᠭ ᠤᠨ ᠨᠢᠭᠡᠨ ᠬᠥᠮᠥᠨ ᠮᠠᠯᠢᠺ ᠪᠠᠶᠠᠳ ᠠᠴᠠ ᠭᠠᠷᠤᠯᠲᠠᠢ ᠭᠡᠵᠦ ᠬᠦᠮᠦᠰ ᠦᠵᠡᠳᠡᠭ ᠨᠢ ᠦᠨᠡᠨ ᠦ ᠣᠷᠣ ᠲᠠᠢ ᠶᠤᠮ᠃ ᠮᠥᠨ ᠮᠣᠩᠭᠣᠯ ᠤᠯᠤᠰ ᠤᠨ ᠶᠡᠷᠦᠩᠬᠡᠢ ᠰᠠᠶᠢᠳ ᠨ᠂ ᠠᠯᠲᠠᠨᠬᠤᠶᠠᠭ᠂ᠺᠣᠮᠮᠤᠶᠢᠨᠢᠰᠲ ᠮᠣᠩᠭᠣᠯ ᠤᠨ ᠰᠡᠭᠦᠯᠴᠢ ᠶᠢᠨ ᠤᠳᠤᠷᠢᠳᠤᠭᠴᠢ ᠵ᠂ ᠪᠠᠲᠤᠮᠥᠶᠢᠩᠬᠡ᠂ ᠬᠠᠤᠯᠢ ᠵᠦᠢ ᠶᠢᠨ ᠶᠠᠮᠤᠨ ᠤ ᠰᠠᠶᠢᠳ ᠠᠰᠠᠨ ᠴ᠂ ᠨᠢᠮᠠᠳᠣᠷᠵᠢ᠂ ᠮᠣᠩᠭᠣᠯ ᠤᠨ ᠠᠩᠬᠠᠨ ᠤ ᠡᠮᠡᠭᠲᠡᠢ ᠰᠠᠶᠢᠳ ᠨ᠂ ᡀᠠᠮᠣᠰᠦ᠋ᠷᠦᠩ᠂ ᠬᠠᠤᠯᠢ ᠵᠦᠢ ᠶᠢᠨ ᠶᠠᠮᠤᠨ ᠤ ᠰᠠᠶᠢᠳ ᠳ᠂ ᠳᠣᠷᠯᠢᠭᠵᠠᠪ᠂ ᠡᠷᠴᠢᠮ ᠬᠦᠴᠦᠨ ᠦ ᠶᠠᠮᠤᠨ ᠤ ᠰᠠᠶᠢᠳ ᠰᠣᠨᠣᠮᠫᠢᠯ ᠵᠡᠷᠭᠡ ᠮᠠᠰᠢ ᠣᠯᠠᠨ ᠲᠥᠷᠥ ᠶᠢᠨ ᠲᠦᠰᠢᠶ᠎ᠡ ᠡᠨᠡ ᠶᠠᠰᠤᠲᠠᠨ ᠠᠴᠠ ᠲᠣᠳᠣᠷᠠᠨ ᠭᠠᠷᠤᠭᠰᠠᠨ ᠶᠤᠮ᠃ ᠪᠠᠶᠠᠳ ᠤᠳ ᠨᠢ ᠬᠡᠵᠢᠶ᠎ᠡ ᠡᠴᠡ ᠪᠡᠨ ᠤᠷᠠᠯᠢᠭ ᠰᠤᠶᠤᠯ ᠤᠨ ᠬᠤᠪᠢ ᠳᠤ ᠠᠷᠪᠢᠨ ᠪᠠᠶᠠᠯᠢᠭ ᠤᠯᠠᠮᠵᠢᠯᠠᠯ ᠲᠠᠢ ᠠᠷᠠᠳ ᠲᠦᠮᠡᠨ ᠪᠥᠭᠡᠳ ᠲᠡᠳᠡᠨ ᠦ ᠳᠤᠮᠳᠠ ᠠᠴᠠ ᠠᠯᠳᠠᠷᠲᠤ ᠲᠤᠤᠯᠢᠴᠢ ᠫᠠᠷᠴᠢᠨ᠂ᠨᠢᠩᠭᠠᠷ ᠣᠳᠣ ᠴᠠᠭ ᠲᠤ ᠳᠠᠭᠤᠴᠢᠨ ᠯᠠ᠃ᠪᠠᠨᠽᠠᠷᠠᠭᠴᠢ᠂ ᠳ᠃ᠪᠤᠷᠠᠮ ᠢᠶᠠᠨ᠂ ᠯᠠ᠃ᠪᠣᠯᠣᠳᠪᠠᠭᠠᠲᠤᠷ᠂ ᠪ᠂ᠡᠩᠬᠡᠮᠦᠨ ᠳᠦ᠂ ᠷ᠃ᠳᠡᠯᠭᠡᠷᠮ᠎ᠠ᠂ ᠫ᠂ᠵᠢᠮᠢᠰ  ᠭᠡᠬᠦ ᠮᠡᠲᠦ ᠮᠥᠨ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠰ᠂ᠵᠢᠪᠬᠤᠯᠠᠩ ᠤᠨ ᠡᠵᠢ ᠨᠢ ᠪᠠᠶᠠᠳ ᠬᠦᠮᠦᠨ ᠪᠢᠯᠡ᠃

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠪᠠᠶᠠᠳ&oldid=470022》 ᠍  ᠡᠴᠡ ᠠᠪᠤᠭᠰᠠᠨ

ᠪᠢᠴᠢᠭᠡᠰᠦ