ᠪᠠᠶᠠᠨ-ᠥᠯᠥᠭᠡᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠶᠠᠨ ᠥᠯᠥᠭᠡᠢ ᠠᠶᠢᠮᠠᠭ
—  ᠠᠶᠢᠮᠠᠭ  —
ᠪᠠᠶᠠᠨ ᠥᠯᠥᠭᠡᠢ ᠠᠶᠢᠮᠠᠭ - ᠲᠤᠭ
ᠰᠦᠯᠳᠡ ᠲᠤᠭ
ᠪᠠᠶᠠᠨ ᠥᠯᠥᠭᠡᠢ ᠠᠶᠢᠮᠠᠭ - ᠰᠦᠯᠳᠡ
ᠰᠦᠯᠳᠡ ᠲᠡᠮᠳᠡᠭ
ᠮᠣᠩᠭᠣᠯ ᠣᠷᠣᠨ ᠳᠠᠬᠢ ᠪᠠᠶᠠᠨ-ᠥᠯᠥᠭᠡᠢ ᠠᠶᠢᠮᠠᠭ
ᠤᠯᠤᠰ ᠣᠷᠣᠨ Flag of Mongolia.svg ᠮᠣᠩᠭᠣᠯ
ᠠᠶᠢᠮᠠᠭ ᠪᠠᠶᠠᠨ-ᠥᠯᠥᠭᠡᠢ
ᠰᠤᠮᠤ (13) ᠨᠡᠷ᠎ᠡ ᠪᠦᠬᠦᠢ 13 ᠰᠤᠮᠤ
ᠠᠶᠢᠮᠠᠭ ᠤᠨ ᠲᠥᠪ ᠦᠯᠦᠭᠡᠢ
ᠴᠠᠬᠢᠮ ᠭᠠᠵᠠᠷ bayan-olgii.gov.mn (ᠮᠣᠩ ᠢ᠃)


ᠪᠠᠶᠠᠨ-ᠥᠯᠥᠭᠡᠢ (ᠺᠢᠷᠢᠯ ᠢᠶᠡᠷБаян-Өлгий)ᠨᠢᠮᠣᠩᠭᠣᠯ ᠤᠯᠤᠰ ᠤᠨ 21 ᠠᠶᠢᠮᠠᠭ ᠤᠨ ᠨᠢᠭᠡ ᠶᠤᠮ᠃ ᠲᠥᠪ ᠨᠢ ᠥᠯᠥᠭᠡᠢ ᠬᠣᠲᠠ ᠪᠤᠯᠤᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠨ ᠦᠯᠦᠭᠡᠢ ᠨᠢ ᠪᠠᠷᠠᠭᠤᠨ ᠲᠠᠯ᠎ᠠ ᠪᠠᠷ ᠢᠶᠠᠨ ᠠᠯᠲᠠᠢ ᠶᠢᠨ ᠨᠢᠷᠤᠭᠤ ᠶᠢᠨ ᠬᠢᠷ᠎ᠠ ᠳᠠᠭᠠᠵᠤ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠰᠢᠨᠵᠢᠶᠠᠩ ᠤᠨ ᠤᠶᠢᠭᠤᠷ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠲᠠᠢ 450 ᠺᠢᠯᠣᠮᠧᠲ᠋ᠷ᠂ ᠬᠣᠶᠢᠲᠤ ᠲᠠᠯ᠎ᠠ ᠪᠠᠷ ᠢᠶᠠᠨ ᠰᠡᠶᠢᠯᠦᠭᠡᠮ ᠦᠨ ᠨᠢᠷᠤᠭᠤ ᠶᠢ ᠳᠠᠭᠠᠵᠤ ᠣᠷᠣᠰ ᠤᠨ ᠬᠣᠯᠪᠣᠭᠠᠨ ᠤ ᠤᠯᠤᠰ ᠤᠨ ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰᠲᠠᠢ 225 ᠺᠢᠯᠣᠮᠧᠲ᠋ᠷ᠂ ᠵᠡᠭᠦᠨ ᠲᠠᠯ᠎ᠠ ᠪᠠᠷ ᠢᠶᠠᠨ ᠤᠪᠰᠤ ᠠᠶᠢᠮᠠᠭ ᠲᠠᠢ 165 ᠺᠢᠯᠣᠮᠧᠲ᠋ᠷ᠂ ᠵᠡᠭᠦᠨ ᠪᠠ ᠤᠷᠢᠳᠤ ᠲᠠᠯ᠎ᠠ ᠪᠠᠷ ᠢᠶᠠᠨ ᠬᠣᠪᠳᠣ ᠠᠶᠢᠮᠠᠭ ᠲᠠᠢ 450 ᠺᠢᠯᠣᠮᠧᠲ᠋ᠷ ᠨᠤᠲᠤᠭ ᠢᠶᠠᠷ ᠬᠢᠯᠢᠯᠡᠳᠡᠭ᠃ ᠳᠠᠯᠠᠢ ᠶᠢᠨ ᠲᠦᠪᠰᠢᠨ ᠡᠴᠡ ᠳᠡᠭᠡᠭᠰᠢ 1301-4374 ᠮᠧᠲ᠋ᠷ ᠲᠦ ᠣᠷᠣᠰᠢᠨ᠎ᠠ᠃ ᠨᠤᠲᠤᠭ ᠳᠡᠪᠢᠰᠬᠡᠷ ᠦᠨ 95.3% ᠨᠢ 1600 ᠮᠧᠲ᠋ᠷ ᠡᠴᠡ ᠳᠡᠭᠡᠭᠰᠢ ᠥᠨᠳᠥᠷ ᠲᠦ ᠪᠠᠶᠢᠨ᠎ᠠ᠃ ᠠᠶᠢᠮᠠᠭ ᠤᠨ ᠬᠠᠮᠤᠭ ᠤᠨ ᠥᠨᠳᠥᠷ ᠴᠡᠭ ᠨᠢ ᠮᠣᠩᠭᠣᠯ ᠤᠯᠤᠰ ᠤᠨ ᠬᠠᠮᠤᠭ ᠤᠨ ᠥᠨᠳᠥᠷ ᠴᠡᠭ ᠪᠣᠯᠬᠤ ᠲᠠᠪᠤᠨ ᠪᠣᠭᠳᠠ ᠠᠭᠤᠯᠠ ᠶᠢᠨ ᠬᠦᠢᠲᠡᠨ ᠣᠷᠭᠢᠯ (4374 ᠮᠸᠲ᠋ᠷ) ᠪᠠ ᠬᠠᠮᠤᠭ ᠤᠨ ᠨᠠᠮ ᠴᠡᠭ ᠨᠢ ᠪᠠᠶᠠᠨᠨᠠᠭᠤᠷ ᠰᠤᠮᠤ ᠤᠨ ᠲᠥᠪ (1301 ᠮᠸᠲ᠋ᠷ) ᠶᠤᠮ᠃

ᠠᠶᠢᠮᠠᠭ ᠤᠨ ᠨᠤᠲᠤᠭ ᠳᠡᠪᠢᠰᠬᠡᠷ ᠺᠠᠶᠢᠨᠦᠽᠧᠢ ᠶᠢᠨ ᠡᠷᠢᠨ ᠤ ᠳᠥᠷᠪᠡᠳᠡᠬᠢ ᠭᠠᠯᠪᠠ ᠶᠢᠨ ᠦᠶ᠎ᠡ ᠶᠢᠨ ᠭᠣᠣᠯᠮᠥᠷᠡᠨᠨᠠᠭᠤᠷᠤᠰᠤ ᠶᠢᠨ ᠠᠵᠢᠯᠯᠠᠭ᠎ᠠ ᠪᠠᠷ ᠲᠣᠭᠲᠠᠭᠰᠠᠨ ᠡᠯᠡᠰᠦᠰᠢᠪᠠᠷᠬᠠᠶᠢᠷᠭᠤ(ᠬᠠᠶᠢᠷ) ᠪᠡᠷ ᠭᠣᠣᠯᠯᠠᠭᠰᠠᠨ ᠲᠤᠨᠤᠮᠠᠯ ᠲᠠᠢ᠂ ᠠᠭᠤᠯᠠ ᠍ ᠤᠨ ᠬᠦᠷᠡᠩ ᠪᠠ ᠴᠠᠶᠢᠪᠤᠷ ᠬᠦᠷᠡᠩ ᠬᠥᠷᠥᠰᠥ ᠵᠣᠩᠬᠢᠯᠠᠭᠰᠠᠨ᠂ ᠭᠣᠣᠯ ᠮᠥᠷᠡᠨ ᠦ ᠰᠠᠪᠠ ᠪᠠᠷ ᠨᠤᠭᠤᠳᠤ ᠨᠠᠮᠤᠭ ᠤᠨ ᠵᠠᠷᠢᠮᠳᠤᠭ ᠳᠠᠪᠤᠰᠤᠷᠬᠠᠭ ᠬᠥᠷᠥᠰᠥ᠂ ᠥᠨᠳᠥᠷ ᠠᠭᠤᠯᠠ ᠶᠢᠨ ᠪᠥᠰᠡ ᠳᠦ ᠬᠠᠳᠠ ᠠᠰᠬ᠎ᠠ ᠪᠦᠬᠦᠢ ᠠᠭᠤᠯᠠ ᠶᠢᠨ ᠲᠤᠨᠳ᠋ᠡᠷ ᠤᠨ ᠪᠠ ᠠᠭᠤᠯᠠ ᠶᠢᠨ ᠨᠤᠭᠤ ᠶᠢᠨ ᠬᠥᠷᠥᠰᠥ ᠲᠡᠢ᠂ ᠡᠯᠡᠭᠳᠡᠯ᠂ ᠥᠭᠢᠷᠡᠰᠢᠯ ᠦᠨ ᠠᠵᠢᠯᠯᠠᠭ᠎ᠠ ᠪᠠᠷ ᠲᠣᠭᠲᠠᠭᠰᠠᠨ ᠬᠣᠩᠬᠣᠷ᠂ ᠭᠦᠳᠦᠭᠦᠷ᠂ ᠠᠭᠤᠯᠠ ᠨᠢᠷᠤᠭᠤᠳ ᠠᠴᠠ ᠲᠣᠭᠲᠠᠳᠠᠭ᠃ ᠭᠧᠣᠯᠣᠭᠢ ᠲᠧᠺᠲ᠋ᠣᠨᠢᠺ ᠶᠢᠨ ᠮᠤᠵᠢᠯᠠᠯ ᠤᠨ ᠬᠤᠪᠢ ᠳᠤ ᠮᠣᠩᠭᠣᠯ ᠠᠯᠲᠠᠢ ᠶᠢᠨ ᠠᠲᠤᠷᠢᠶᠠᠲᠤ ᠮᠤᠵᠢ ᠶᠢᠨ ᠪᠠᠷᠠᠭᠤᠨ ᠪᠠ ᠪᠠᠷᠠᠭᠤᠨ ᠬᠣᠶᠢᠲᠤ ᠬᠡᠰᠡᠭ ᠲᠦ ᠣᠷᠣᠰᠢᠳᠠᠭ ᠶᠤᠮ᠃ ᠬᠣᠷᠭᠣ ᠶᠢᠨ ᠴᠡᠩᠭᠡᠭ ᠤᠰᠤ ᠲᠠᠢ ᠲᠣᠮᠣ᠂ ᠵᠢᠵᠢᠭ 80 ᠊ᠭᠠᠳ ᠨᠠᠭᠤᠷ᠂ 100 ᠭᠠᠷᠤᠢ ᠭᠣᠣᠯ ᠭᠣᠷᠤᠬ᠎ᠠ᠂ 200 ᠭᠠᠷᠤᠢ ᠪᠤᠯᠠᠭ ᠱᠠᠩᠳᠠ ᠲᠠᠢ᠃ ᠲᠣᠯᠪᠣᠠᠴᠢᠲᠤ ᠨᠠᠭᠤᠷ ᠨᠢ ᠵᠢᠭᠠᠰᠤᠨ ᠤ ᠠᠩᠨᠠᠭᠤᠷ ᠤᠨ ᠨᠥᠭᠡᠴᠡ ᠲᠡᠢ᠃ ᠬᠣᠪᠳᠣᠴᠠᠭᠠᠨᠰᠣᠭᠣᠶᠶᠣᠯᠣᠳᠤᠰᠠᠭᠰᠠᠢᠪᠤᠯᠠᠭᠠᠨᠭᠠᠭᠴᠠ ᠮᠣᠳᠣᠪᠥᠬᠡᠮᠥ᠋ᠷᠡᠨ ᠵᠡᠷᠭᠡ ᠲᠣᠮᠣᠬᠠᠨ ᠭᠣᠣᠯ ᠲᠠᠢ᠃ ᠬᠣᠪᠳᠣ ᠭᠣᠣᠯ ᠨᠢ 506 ᠺᠢᠯᠣᠮᠧᠲ᠋ᠷ ᠦᠷᠭᠦᠯᠵᠢᠯᠡᠨ ᠤᠷᠤᠰᠤᠨ᠎ᠠ᠃

Landscape in Bayan-Ölgii Aimag.jpg

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠨᠤᠲᠤᠭ ᠳᠡᠪᠢᠰᠬᠡᠷ ᠨᠢ ᠪᠠᠶᠢᠷᠢᠯᠠᠯ ᠢᠶᠠᠷ ᠳᠡᠯᠡᠬᠡᠢ ᠶᠢᠨ ᠪᠥᠮᠪᠥᠷᠴᠡᠭ ᠦᠨ ᠬᠣᠶᠢᠲᠤ ᠬᠠᠭᠠᠰ ᠤᠨ ᠳᠤᠮᠳᠠᠳᠤ ᠥᠷᠭᠡᠷᠢᠭ ᠲᠦ ᠪᠠᠭᠲᠠᠳᠠᠭ ᠤᠴᠢᠷ ᠡᠴᠡ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠃ ᠳᠠᠯᠠᠢ ᠶᠢᠨ ᠲᠦᠪᠰᠢᠨ ᠡᠴᠡ ᠶᠡᠬᠡ ᠥᠨᠳᠥᠷ ᠲᠦ ᠣᠷᠣᠰᠢᠳᠠᠭ ᠠᠴᠠ ᠰᠡᠷᠢᠭᠦᠨ ᠠᠭᠤᠷ ᠠᠮᠢᠰᠬᠤᠯ ᠲᠠᠢ᠃ ᠬᠦᠷᠢᠶᠡᠯᠡᠨ ᠣᠷᠣᠰᠢᠳᠠᠭ ᠥᠨᠳᠥᠷ ᠠᠭᠤᠯᠠᠰ ᠨᠢ ᠭᠠᠳᠠᠨ᠎ᠠ ᠠᠴᠠ ᠠᠭᠠᠷ ᠤᠨ ᠤᠷᠤᠰᠠᠬᠠᠯ ᠶᠢᠡᠷ ᠢᠷᠡᠭᠰᠡᠨ ᠴᠢᠭᠢᠭ ᠢ ᠪᠡᠶ ᠡ ᠳᠦ ᠪᠠᠨ ᠲᠠᠲᠠᠳᠠᠭ ᠤᠴᠢᠷ ᠡᠴᠡ ᠠᠯᠲᠠᠢ ᠶᠢᠨ ᠨᠢᠷᠤᠭᠤᠨ ᠤ ᠥᠨᠳᠥᠷᠯᠢᠭ ᠬᠡᠰᠡᠭ ᠲᠦ ᠬᠤᠷ᠎ᠠ ᠲᠤᠨᠳᠠᠰᠤᠨ ᠤ ᠵᠢᠯ ᠦᠨ ᠳᠤᠮᠳᠠᠴᠢ ᠬᠡᠮᠵᠢᠶ᠎ᠡ ᠨᠢ 400-500 ᠮᠢᠯᠢᠮᠧᠲ᠋ᠷ ᠳᠦ ᠬᠦᠷᠳᠡᠭ ᠪᠠᠶᠢᠨ᠎ᠠ᠃ ᠥᠭᠡᠷ᠎ᠡ ᠪᠡᠷ ᠬᠡᠯᠡᠪᠡᠯ ᠭᠣᠪᠢ᠂ ᠴᠥᠯ ᠦᠨ ᠨᠥᠯᠦᠭᠡᠨ ᠳᠦ ᠶᠡᠬᠡᠬᠡᠨ ᠠᠪᠲᠠᠭᠳᠠᠭᠰᠠᠨ᠂ ᠥᠨᠳᠥᠷ ᠠᠭᠤᠯᠠ ᠶᠢᠨ ᠥᠪᠡᠷᠮᠢᠴᠡ ᠠᠭᠤᠷ ᠠᠮᠢᠰᠬᠤᠯ᠂ ᠡᠮᠵᠡᠭ ᠠᠮᠢ ᠠᠬᠤᠢ ᠶᠢᠨ ᠰᠢᠰᠲ᠋ᠸᠮ ᠲᠠᠢ᠃ ᠰᠠᠯᠬᠢᠨ ᠤ ᠵᠢᠯ ᠦᠨ ᠳᠤᠮᠳᠠᠴᠢ ᠬᠤᠷᠳᠤ ᠨᠢ 4-9 ᠮᠸᠲ᠋ᠷ/ᠰᠧᠺᠦ᠋ᠨᠳ᠋ ᠬᠦᠷᠳᠡᠭ᠃

ᠰᠤᠮᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠭᠤᠮᠠᠯ᠂ ᠠᠮᠢᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠢᠲᠠᠭᠠᠨ᠎ᠠᠬᠥᠮᠡᠯᠢᠰᠢᠪᠠᠭᠰᠢᠷᠠᠯᠵᠢᠶᠥᠷᠬᠥᠭᠬᠢᠶᠠᠭᠬᠠᠵᠠᠭᠠᠷ ᠡᠪᠡᠰᠦᠬᠠᠷᠭᠠᠨ᠎ᠠᠬᠢᠯᠭᠠᠨ᠎ᠠᠪᠤᠳᠤᠷᠭᠠᠨ᠎ᠠ ᠵᠡᠷᠭᠡ ᠬᠡᠭᠡᠷ᠎ᠡ᠂ ᠴᠥᠯᠡᠷᠬᠡᠭ ᠬᠡᠭᠡᠷ᠎ᠡ ᠶᠢᠨ ᠡᠪᠡᠰᠦ ᠤᠷᠭᠤᠮᠠᠯ ᠵᠣᠩᠬᠢᠯᠠᠵᠤ᠂ ᠴᠢᠭᠢᠭ ᠢᠯᠡᠭᠦᠦ ᠲᠡᠢ ᠠᠭᠤᠯᠠ ᠶᠢᠨ ᠰᠡᠭᠦᠳᠡᠷ ᠬᠠᠵᠠᠭᠤ ᠳᠤ ᠦᠬᠡᠷ ᠦᠨ ᠨᠢᠳᠦᠬᠠᠳᠭᠦᠵᠡᠭᠡᠯᠵᠡᠭᠡᠨ᠎ᠡᠲᠣᠰᠢᠯᠣᠢ ᠵᠡᠷᠭᠡ ᠵᠡᠷᠯᠢᠭ ᠵᠢᠮᠢᠰ ᠤᠳ ᠤᠷᠭᠤᠳᠠᠭ᠃ ᠣᠢ ᠨᠢ ᠠᠭᠤᠯᠠᠰ ᠤᠨ ᠵᠥᠪᠬᠡᠨ ᠰᠡᠭᠦᠳᠡᠷ ᠬᠠᠵᠠᠭᠤ ᠶᠢ ᠪᠥᠷᠬᠥᠨ᠂ ᠥᠪᠥᠷ ᠬᠠᠵᠠᠭᠤ ᠪᠠᠷ ᠬᠡᠭᠡᠷ᠎ᠡ ᠶᠢᠨ ᠤᠷᠭᠤᠮᠠᠯ ᠲᠠᠷᠬᠠᠭᠰᠠᠨ᠂ ᠠᠭᠤᠯᠠᠷᠬᠠᠭ ᠨᠤᠲᠤᠭ ᠢᠶᠠᠷ ᠸᠠᠩᠰᠡᠮᠪᠡᠷᠦᠪᠠᠳᠮᠠᠯᠢᠩᠬᠤ᠎ᠠᠠᠯᠲᠠᠨ ᠭᠠᠩᠨᠠᠭᠤᠷᠰᠢᠬᠢᠷ ᠡᠪᠡᠰᠦᠪᠠᠮᠪᠠᠢᠪᠠᠰᠢᠭᠴᠢᠭᠢᠭ ᠦᠨ ᠳᠠᠪᠠᠷᠬᠠᠢᠲᠠᠪᠤᠨ ᠰᠠᠯᠠᠭ᠎ᠠᠨᠣᠬᠠᠢ ᠶᠢᠨ ᠬᠣᠰᠢᠭᠤ ᠵᠡᠷᠭᠡ ᠡᠮ ᠦᠨ ᠤᠷᠭᠤᠮᠠᠯ ᠤᠷᠭᠤᠳᠠᠭ ᠪᠣᠯᠪᠠᠴᠤ ᠦᠢᠯᠡᠳᠪᠦᠷᠢᠯᠡᠯ ᠦᠨ ᠠᠷᠭ᠎ᠠ ᠪᠠᠷ ᠥᠷᠭᠡᠨ ᠠᠰᠢᠭᠯᠠᠭ᠎ᠠ ᠦᠭᠡᠢ ᠪᠠᠶᠢᠨ᠎ᠠ᠃

300 ᠭᠠᠷᠤᠢ ᠰᠡᠭᠡᠷ ᠨᠢᠷᠤᠭᠤᠲᠠᠨ ᠪᠠᠶᠢᠭ᠎ᠠ ᠶᠢᠨ ᠳᠣᠲᠣᠷ᠎ᠠ 11 ᠵᠦᠢᠯ ᠦᠨ ᠮᠦᠯᠬᠦᠭᠴᠢ᠂ 8 ᠵᠦᠢᠯ ᠤᠨ ᠵᠢᠭᠠᠰᠤ ᠪᠦᠷᠢᠳᠬᠡᠭᠳᠡᠭᠰᠡᠨ ᠪᠠᠶᠢᠨ᠎ᠠ᠃ ᠳᠡᠯᠡᠬᠡᠢ ᠳᠦ ᠬᠣᠪᠣᠷᠳᠠᠭᠰᠠᠨ ᠠᠷᠭᠠᠯᠢᠶᠠᠩᠭᠢᠷᠢᠷᠪᠢᠰᠰᠢᠯᠦᠭᠦᠰᠦ ᠵᠡᠷᠭᠡ ᠠᠮᠢᠲᠠᠳ ᠠᠴᠠ ᠭᠠᠳᠠᠨ᠎ᠠ ᠴᠢᠨᠣ᠎ᠠᠦᠨᠡᠭᠡᠰᠤᠤᠰᠠᠷᠲᠠᠷᠪᠠᠭ᠎ᠠᠲᠠᠤᠯᠠᠢᠦᠶᠡᠩ ᠵᠡᠷᠭᠡ ᠠᠩ ᠠᠮᠢᠲᠠᠳ᠂ ᠬᠠᠷᠴᠠᠭᠠᠢᠶᠣᠯᠣᠪᠦᠷᠭᠦᠳᠰᠠᠷᠲᠣᠩᠰᠢᠭᠤᠯᠬᠤᠨᠬᠣᠲᠠᠨᠬᠣᠶᠢᠯᠣᠭᠠᠯᠲᠠᠨ ᠭᠤᠷᠭᠤᠤᠯᠳᠠᠢᠭᠠᠯᠠᠭᠤᠨᠤᠭᠤᠰᠤ ᠵᠡᠷᠭᠡ ᠵᠢᠭᠦᠷᠲᠡᠨ ᠰᠢᠪᠠᠭᠤᠳ ᠲᠠᠢ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳ᠋ ᠍ ᠦᠨ ᠵᠠᠰᠠᠭ ᠤᠨ ᠭᠣᠣᠯ ᠰᠠᠯᠪᠤᠷᠢ ᠨᠢ ᠮᠠᠯ ᠠᠵᠤ ᠠᠬᠤᠢ ᠪᠥᠭᠡᠳ 140 ᠲᠦᠮᠡᠨ ᠮᠠᠯ ᠲᠠᠢᠲᠠᠷᠢᠶᠠᠯᠠᠩᠳᠡᠮᠡᠢ ᠬᠥᠭᠵᠢᠭᠰᠡᠨ ᠦᠭᠡᠢ ᠪᠠᠶᠢᠨ᠎ᠠ᠃ ᠠᠵᠤ ᠦᠢᠯᠡᠳᠪᠦᠷᠢ ᠶᠢᠨ ᠬᠥᠭᠵᠢᠯᠲᠡ ᠳᠣᠷᠣᠢ ᠪᠣᠯᠪᠠᠴᠤ ᠠᠭᠤᠯᠠ ᠠᠭᠤᠷᠬᠠᠢᠬᠥᠳᠡᠭᠡ ᠠᠵᠤ ᠠᠬᠤᠢ ᠶᠢᠨ ᠭᠠᠷᠤᠯ ᠲᠠᠢ ᠲᠦᠭᠦᠬᠡᠢ ᠡᠳ᠋ ᠍ ᠢ ᠪᠣᠯᠪᠠᠰᠤᠷᠠᠭᠤᠯᠬᠤ ᠰᠠᠯᠪᠤᠷᠢ ᠳᠤ ᠲᠡᠷᠢᠭᠦᠯᠡᠬᠦ ᠠᠴᠢ ᠬᠣᠯᠪᠣᠭᠳᠠᠯ ᠥᠭᠴᠦ ᠬᠥᠭᠵᠢᠭᠦᠯᠬᠦ ᠪᠣᠯᠤᠮᠵᠢ ᠲᠠᠢ᠃ ᠲᠡᠮᠦᠷ ᠵᠠᠮ᠂ ᠬᠠᠲᠠᠭᠤ ᠬᠤᠴᠢᠯᠲᠠ ᠲᠠᠢ ᠬᠤᠷᠳᠤᠨ ᠤ ᠵᠠᠮᠬᠣᠯᠪᠣᠭ᠎ᠠᠠᠭᠠᠷ ᠤᠨ ᠪᠣᠯᠤᠨ ᠠᠦ᠋ᠲ᠋ᠣ᠋ ᠲᠡᠭᠡᠭᠡᠪᠦᠷᠢ ᠶᠢᠨ ᠦᠢᠯᠡᠴᠢᠯᠡᠭᠡ ᠬᠠᠷᠢᠴᠠᠩᠭᠤᠢ ᠢᠯᠡᠭᠦᠦ ᠬᠥᠭᠵᠢᠭᠰᠡᠨ ᠪᠠᠶᠢᠨ᠎ᠠ᠃

ᠬᠡᠲᠦ ᠶᠢᠨ ᠲᠥᠯᠥᠪ ᠰᠠᠶᠢᠲᠠᠢ ᠠᠯᠲᠠ ᠶᠢᠨ 6 ᠦᠨᠳᠦᠰᠦᠨ ᠢᠯᠡᠷᠡᠯ᠂ 5 ᠰᠢᠷᠤᠢ ᠶᠢᠨ ᠬᠤᠷᠠᠮᠳᠤᠯ ᠤᠨ ᠵᠠᠩᠭᠢᠯᠠᠭ᠎ᠠ ᠬᠡᠰᠡᠭ ᠪᠤᠶᠤ ᠲᠠᠯᠠᠪᠠᠢ ᠶᠢ ᠲᠣᠭᠲᠠᠭᠠᠭᠰᠠᠨ ᠨᠢ ᠣᠶᠢᠷ᠎ᠠ ᠶᠢᠨ ᠵᠢᠯ ᠤᠳ ᠲᠤ ᠡᠷᠢᠯ ᠦᠨᠡᠯᠡᠭᠡ᠂ ᠬᠠᠶᠢᠭᠤᠯ ᠬᠢᠵᠦ᠂ ᠠᠯᠲᠠ ᠣᠯᠪᠤᠷᠢᠯᠠᠯᠲᠠ ᠶᠢᠨ ᠰᠠᠯᠪᠤᠷᠢ ᠶᠢ ᠬᠥᠭᠵᠢᠭᠦᠯᠦᠨ᠂ ᠦᠢᠯᠡᠳᠪᠦᠷᠢᠯᠡᠯ ᠦᠨ ᠬᠡᠮᠵᠢᠶ᠎ᠡ ᠶᠢ ᠨᠡᠮᠡᠭᠳᠡᠭᠦᠯᠬᠦ ᠪᠣᠯᠤᠯᠴᠠᠭ᠎ᠠ ᠲᠠᠢ ᠪᠣᠯᠪᠠᠴᠤ ᠪᠠᠶᠢᠭᠠᠯᠢ ᠶᠢᠨ ᠨᠥᠭᠡᠴᠡ᠂ ᠪᠠᠶᠠᠯᠢᠭ ᠤᠨ ᠰᠤᠳᠤᠯᠭ᠎ᠠ ᠶᠢ ᠪᠦᠷᠢᠨ ᠬᠢᠭᠡ ᠦᠭᠡᠢ ᠪᠠᠶᠢᠨ᠎ᠠ᠃ ᠲᠥᠰᠥᠪ ᠦᠨ ᠤᠷᠤᠰᠬᠠᠯ ᠵᠠᠷᠤᠳᠠᠯ ᠤᠨ 30 ᠭᠠᠷᠤᠢ ᠬᠤᠪᠢ ᠶᠢ ᠥᠪᠡᠷ ᠦᠨ ᠣᠷᠣᠯᠭ᠎ᠠ ᠪᠠᠷ᠂ ᠦᠯᠡᠳᠡᠭᠰᠡᠨ ᠬᠡᠰᠡᠭ ᠢ ᠤᠯᠤᠰ ᠤᠨ ᠲᠠᠲᠠᠪᠦᠷᠢ ᠪᠠᠷ ᠪᠦᠷᠢᠳᠦᠭᠦᠯᠳᠡᠭ᠃ ᠲᠥᠰᠥᠪ ᠰᠠᠩᠬᠦᠦ ᠶᠢᠨ ᠴᠢᠳᠠᠪᠬᠢ ᠰᠤᠯᠠ ᠶᠤᠮ᠃ ᠠᠶᠢᠮᠠᠭ ᠤᠨ ᠪᠠᠶᠢᠭᠠᠯᠢ ᠣᠷᠴᠢᠨ ᠨᠢ ᠤᠨᠠᠭᠠᠨ ᠲᠥᠷᠬᠥ ᠪᠡᠷ ᠢᠶᠡᠨ ᠦᠨᠳᠦᠰᠦᠨ ᠳᠦ ᠪᠡᠨ ᠬᠠᠳᠠᠭᠠᠯᠠᠭᠳᠠᠭᠰᠠᠨ᠂ ᠤᠰᠤ᠂ ᠬᠥᠷᠥᠰᠥ᠂ ᠠᠭᠠᠷ ᠪᠣᠬᠢᠷᠳᠠᠭᠤᠯᠬᠤ ᠠᠭᠤᠯᠠ ᠠᠭᠤᠷᠬᠠᠢ᠂ ᠬᠢᠮᠢ ᠶᠢᠨ ᠦᠢᠯᠡᠳᠪᠦᠷᠢ ᠬᠥᠭᠵᠢᠭᠡ ᠦᠭᠡᠢ᠃ ᠮᠠᠯ ᠤᠨ ᠲᠣᠭ᠎ᠠ ᠪᠡᠯᠴᠢᠭᠡᠷ ᠦᠨ ᠳᠠᠭᠠᠭᠠᠴᠠᠨ ᠠᠴᠠ ᠬᠡᠲᠦᠷᠡᠵᠦ᠂ ᠪᠡᠯᠴᠢᠭᠡᠷ ᠲᠠᠯᠠᠬᠠᠭᠳᠠᠨ᠂ ᠴᠥᠯᠵᠢᠬᠦ ᠨᠥᠬᠥᠴᠡᠯ ᠪᠦᠷᠢᠳᠦᠭᠰᠡᠨ ᠪᠠᠶᠢᠨ᠎ᠠ᠃ ᠪᠠᠶᠢᠭᠠᠯᠢ ᠶᠢᠨ ᠬᠢᠵᠠᠭᠠᠷᠯᠠᠭᠳᠠᠮᠠᠯ ᠨᠥᠭᠡᠴᠡ᠂ ᠪᠠᠶᠠᠯᠢᠭ ᠢ ᠦᠨ᠎ᠡ ᠲᠥᠯᠦᠪᠦᠷᠢ ᠦᠭᠡᠢ ᠠᠰᠢᠭᠯᠠᠳᠠᠭ ᠦᠷᠡᠯᠡᠭᠡᠨ ᠬᠡᠪ ᠰᠢᠨᠵᠢ ᠡᠴᠡ ᠪᠦᠲᠦᠭᠡᠭᠳᠡᠬᠦᠨ ᠦ ᠦᠢᠯᠡᠳᠪᠦᠷᠢᠯᠡᠯ᠂ ᠦᠢᠯᠡᠴᠢᠯᠡᠭᠡᠨ ᠦ ᠦᠨ᠎ᠡ ᠳᠦ ᠪᠠᠶᠢᠭᠠᠯᠢ ᠶᠢᠨ ᠥᠷᠲᠡᠭ ᠢ ᠲᠤᠰᠬᠠᠵᠤ᠂ ᠪᠠᠶᠢᠭᠠᠯᠢ ᠶᠢᠨ ᠳᠠᠭᠠᠭᠠᠴᠠ ᠳᠤ ᠵᠣᠬᠢᠴᠠᠨ ᠠᠮᠢᠳᠤᠷᠠᠬᠤ ᠬᠥᠭᠵᠢᠯ ᠦᠨ ᠰᠢᠨ᠎ᠡ ᠬᠠᠨᠳᠤᠯᠭ᠎ᠠ ᠳᠤ ᠰᠢᠯᠵᠢᠬᠦ ᠠᠷᠭ᠎ᠠ ᠵᠠᠮ ᠢ ᠰᠣᠩᠭᠣᠨ ᠬᠥᠭᠵᠢᠬᠦ ᠴᠢᠭ ᠬᠠᠨᠳᠤᠯᠭ᠎ᠠ ᠨᠢ ᠠᠶᠢᠮᠠᠭ ᠤᠨ ᠬᠥᠭᠵᠢᠯ ᠦᠨ ᠭᠣᠣᠯ ᠪᠠᠶᠢᠯᠳᠣᠬᠣ ᠪᠣᠳᠣᠯᠭ᠎ᠠ ᠪᠣᠯᠵᠤ ᠪᠠᠶᠢᠨ᠎ᠠ᠃

ᠯᠠᠪᠠᠯᠠᠬᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠪᠠᠶᠠᠨ-ᠥᠯᠥᠭᠡᠢ ᠠᠶᠢᠮᠠᠭ ᠤᠨ ᠵᠢᠷᠤᠭ»

ᠪᠢᠴᠢᠭᠡᠰᠦ