ᠪᠠᠶᠠᠨ-ᠠᠳ᠋ᠭ᠎ᠠ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠍ ᠍ ᠤᠨ ᠭᠤᠷᠪᠠᠨ ᠵᠠᠭᠤᠨ ᠭᠤᠴᠢᠨ ᠰᠤᠮᠤ ᠍ ᠍ ᠤᠨ ᠨᠢᠭᠡ
ᠪᠠᠶᠠᠨ-ᠠᠳᠠᠷᠭ᠎ᠠ ᠰᠤᠮᠤ
ᠤᠯᠤᠰ ᠣᠷᠣᠨ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Hentiy.gif ᠬᠡᠨᠲᠡᠢ
ᠶᠠᠮᠠᠷ ᠨᠢᠭᠡᠴᠡ ᠰᠤᠮᠤ
ᠰᠤᠮᠤ ᠶᠢᠨ ᠲᠥᠪ ᠳᠤᠭᠤᠷᠯᠢᠭ
ᠨᠤᠲᠤᠭ ᠤᠨ
ᠬᠤᠪᠢᠶᠠᠷᠢ
ᠳᠥᠷᠪᠡᠨ ᠪᠠᠭ ᠲᠤ ᠬᠤᠪᠢᠶᠠᠭᠳᠠᠳᠠᠭ:
1. ᠰᠠᠶᠢᠬᠠᠨ
2. ᠵᠢᠷᠭᠠᠯᠠᠩᠲᠤ
3. ᠠᠳᠠᠷᠭ᠎ᠠ
4. ᠳᠤᠭᠤᠷᠯᠢᠭ
ᠭᠠᠵᠠᠷ ᠨᠤᠲᠤᠭ 3,021 ᠺᠦᠸᠠᠳ᠋ ᠺᠢᠯᠣᠮᠧᠲ᠋ᠷ
ᠬᠦᠮᠦᠨ ᠠᠮᠠ (2010) 2,205 ᠬᠦᠮᠦᠨ [1]
ᠨᠢᠭᠲᠠᠴᠠ ᠰᠡᠶᠢᠷᠡᠭ 0.73 ᠬᠦᠮᠦᠨ/км²
ᠪᠠᠶᠠᠨ-ᠠᠳᠠᠷᠭ᠎ᠠ
ᠰᠤᠮᠤ ᠶᠢᠨ ᠬᠢᠨ
ᠬᠡᠨᠲᠡᠢ ᠶᠢᠨ ᠪᠠᠶᠠᠨ-ᠠᠳᠠᠷᠭ᠎ᠠ ᠶᠢᠨ ᠬᠢᠨ:
ᠦᠨᠳᠦᠰᠦᠨ ᠳᠦ ᠪᠡᠨ ᠮᠣᠩᠭᠣᠯ ᠦᠨᠳᠦᠰᠦᠲᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)

ᠪᠠᠶᠠᠨ-ᠠᠳ᠋ᠭ᠎ᠠᠬᠡᠨᠲᠡᠢ ᠠᠶᠢᠮᠠᠭ ᠤᠨ ᠰᠤᠮᠤ. 1931 ᠣᠨ ᠳᠤ ᠪᠠᠶᠢᠭᠤᠯᠤᠭᠳᠠᠭᠰᠠᠨ᠃ ᠪᠠᠷᠠᠭᠤᠨ ᠲᠠᠯ᠎ᠠ ᠪᠠᠷ ᠢᠶᠠᠨ ᠪᠢᠨᠳᠦᠷ ᠰᠤᠮᠤ᠂ ᠬᠣᠶᠢᠳᠤ ᠲᠠᠯ᠎ᠠ ᠪᠠᠷ ᠢᠶᠠᠨ ᠳᠠᠳᠤᠯ ᠰᠤᠮᠤ᠂ ᠵᠡᠭᠦᠨ ᠲᠠᠯ᠎ᠠ ᠪᠠᠷ ᠢᠶᠠᠨ ᠨᠣᠷᠪᠯᠢᠩ ᠰᠤᠮᠤ᠂ ᠡᠮᠦᠨ᠎ᠡ ᠲᠠᠯ᠎ᠠ ᠪᠠᠷ ᠢᠶᠠᠨ ᠪᠠᠲᠤᠨᠣᠷᠪᠠ ᠰᠤᠮᠤᠲᠠᠢ ᠬᠢᠯᠢᠯᠡᠳᠡᠭ᠃ ᠨᠤᠲᠤᠭ ᠳᠡᠪᠢᠰᠬᠡᠷ - 3021 ᠠᠮᠠ ᠳᠥᠷᠪᠡᠯᠵᠢᠨ ᠺᠢᠯᠣᠮᠧᠲ᠋ᠷ᠃

ᠮᠣᠩᠭᠣᠯ ᠤᠯᠤᠰ ᠤᠨ ᠬᠠᠷᠢᠶᠠᠲᠤ ᠰᠠᠭᠤᠷᠢᠨ ᠬᠦᠮᠦᠨ ᠠᠮᠠ - 2,205[2]᠃ ᠡᠨᠡ ᠲᠣᠭᠠᠯᠠᠯᠭ᠎ᠠ ᠪᠠᠷ ᠪᠣᠯ ᠠᠶᠢᠮᠠᠭ ᠤᠨ ᠢᠶᠠᠨ 17 ᠰᠤᠮᠤᠨ ᠠᠴᠠ 7 ᠍ ᠍ ᠳᠦᠭᠡᠷ ᠣᠯᠠᠨ ᠬᠦᠮᠦᠨ ᠠᠮᠠ ᠲᠠᠢ ᠰᠤᠮᠤ ᠭᠡᠵᠦ ᠦᠵᠡᠭᠳᠡᠨ᠎ᠡ᠃ ᠰᠤᠮᠤ ᠶᠢᠨ ᠨᠤᠲᠤᠭ ᠵᠠᠬᠢᠷᠭᠠᠨ ᠤ 4 ᠪᠠᠭ ᠲᠤ ᠬᠤᠪᠢᠶᠠᠭᠳᠠᠳᠠᠭ᠃

ᠪᠠᠭ ᠤᠳ ᠤᠨ ᠬᠦᠮᠦᠨ ᠠᠮᠠ[3]
ᠪᠠᠭ ᠤᠨ ᠨᠡᠷ᠎ᠡ ᠬᠦᠮᠦᠨ ᠠᠮᠠ
(2010 ᠣᠨ)
1 ᠰᠠᠶᠢᠬᠠᠨ 361
2 ᠵᠢᠷᠭᠠᠯᠠᠩᠲᠤ 246
3 ᠠᠳᠠᠷᠭ᠎ᠠ 305
4 ᠳᠤᠭᠤᠷᠯᠢᠭ 1293

ᠰᠤᠮᠤ ᠶᠢᠨ ᠲᠥᠪ ᠳᠤᠭᠤᠷᠯᠢᠭ ᠨᠢ ᠣᠨᠣᠨ ᠭᠣᠣᠯ ᠤᠨ ᠬᠥᠨᠳᠡᠶᠢᠳᠡ ᠳᠠᠯᠠᠢ ᠶᠢᠨ ᠲᠦᠪᠰᠢᠨ ᠡᠴᠡ ᠳᠡᠭᠡᠭᠰᠢ 1000 ᠣᠷᠴᠢᠮ ᠮᠧᠲ᠋ᠷ ᠥᠨᠳᠥᠷ ᠲᠦ᠂ ᠬ᠃ᠥ 48°33', ᠽ᠃ᠤ 111°05' ᠍ ᠍ ᠶᠢᠨ ᠰᠣᠯᠪᠢᠴᠠᠯᠳᠤ ᠥᠨᠳᠥᠷ ᠬᠠᠨᠠ ᠠᠴᠠ ᠬᠣᠶᠢᠰᠢ 154 ᠺᠢᠯᠣᠮᠧᠲ᠋ᠷ᠂ ᠤᠯᠠᠭᠠᠨᠪᠠᠭᠠᠲᠤᠷᠠ ᠠᠴᠠ 440 ᠺᠢᠯᠣᠮᠧᠲ᠋ᠷ ᠵᠠᠶᠢᠲᠠᠢ ᠣᠷᠣᠰᠢᠨ᠎ᠠ᠃ ᠳᠤᠭᠤᠷᠯᠢᠭ ᠨᠠᠷᠠᠰᠤᠨ ᠳᠤ ᠤᠷᠤᠰᠢᠬᠤ ᠾᠦᠩᠨᠦᠭᠡᠶᠢᠨ ᠪᠤᠯᠠᠰᠢ ᠶᠢ ᠤᠯᠤᠰ ᠤᠨ ᠬᠠᠮᠠᠭᠠᠯᠠᠯᠲᠠ ᠳᠤ ᠠᠪᠤᠭᠰᠠᠨ᠃ ᠰᠤᠮᠤ ᠶᠢᠨ ᠲᠠᠬᠢᠯᠭᠠᠲᠤ ᠠᠭᠤᠯᠠ ᠨᠢ ᠠᠳᠠᠷᠭ᠎ᠠ ᠶᠢᠨ ᠣᠪᠣᠭ᠎ᠠ᠂ ᠪᠠᠶᠠᠨ-ᠥᠯᠵᠡᠢ᠃

ᠬᠡᠨᠲᠡᠢ ᠶᠢᠨ ᠨᠢᠷᠤᠭᠤᠨ ᠤ ᠵᠡᠭᠦᠨ ᠵᠠᠬ᠎ᠠ᠂ ᠡᠷᠢᠶᠡᠨ ᠦ ᠨᠢᠷᠤᠭᠤᠨ ᠤ ᠪᠠᠷᠠᠭᠤᠨ ᠤᠷᠢᠳᠤ ᠵᠠᠬ᠎ᠠ ᠶᠢᠨ ᠨᠠᠮᠬᠠᠨ ᠠᠤᠯᠠᠯᠠᠰ ᠲᠣᠯᠣᠭᠠᠳ ᠳᠣᠲᠣᠷ᠎ᠠ ᠪᠠᠶᠢᠷᠢᠯᠠᠨ᠎ᠠ᠃ ᠬᠠᠮᠤᠭ ᠤᠨ ᠥᠨᠳᠥᠷ ᠴᠡᠭ ᠨᠢ ᠰᠤᠮᠤ ᠶᠢᠨ ᠨᠤᠲᠤᠭ ᠤᠨ ᠵᠡᠭᠦᠨ ᠬᠣᠶᠢᠳᠤ ᠬᠡᠰᠡᠭ ᠲᠦ ᠤᠷᠤᠰᠢᠬᠤ 1437 ᠮ ᠥᠨᠳᠥᠷ ᠬᠥᠬᠡ ᠴᠢᠯᠠᠭᠤᠲᠤ ᠠᠭᠤᠯᠠ ᠶᠤᠮ᠃ ᠬᠠᠮᠤᠭ ᠤᠨ ᠨᠠᠮ ᠴᠡᠭ ᠨᠢ ᠣᠨᠣᠨ ᠭᠣᠣᠯ ᠪᠥᠭᠡᠳ ᠳᠠᠯᠠᠢ ᠶᠢᠨ ᠲᠦᠪᠰᠢᠨ ᠡᠴᠡ ᠳᠡᠭᠡᠭᠰᠢ 930 ᠣᠷᠴᠢᠮ ᠮᠧᠲ᠋ᠷ ᠥᠨᠳᠥᠷ ᠶᠤᠮ᠃ ᠥᠩᠭᠡᠲᠦ ᠲᠡᠮᠦᠷᠯᠢᠭᠵᠣᠩᠰᠢ ᠵᠡᠷᠭᠡ ᠠᠰᠢᠭᠲᠤ ᠮᠠᠯᠲᠠᠮᠠᠯ ᠤᠨ ᠨᠥᠭᠡᠴᠡ ᠪᠤᠢ᠃

ᠰᠤᠮᠤ ᠶᠢᠨ ᠲᠥᠪ ᠲᠦ ᠨᠢᠭᠡᠳᠦᠭᠡᠷ ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ -20°ᠰ-25°ᠰ᠂ ᠳᠣᠯᠣᠭᠠᠳᠤᠭᠠᠷ ᠰᠠᠷ ᠤᠨ ᠬᠢ 16°ᠰ-18°ᠰ᠂ ᠵᠢᠯ ᠳᠤ ᠳᠤᠮᠳᠠᠴᠢ ᠪᠠᠷ 200-400 ᠮᠢᠯᠯᠢᠮᠧᠲ᠋ᠷ ᠲᠤᠨᠤᠳᠠᠰᠤ ᠣᠷᠣᠨ᠎ᠠ᠃

ᠰᠤᠮᠤ ᠶᠢᠨ ᠨᠤᠲᠤᠭ ᠢᠶᠠᠷ ᠠᠯᠳᠠᠷᠲᠤ ᠣᠨᠣᠨ ᠭᠣᠣᠯ 80 ᠣᠷᠴᠢᠮ km ᠤᠷᠤᠰᠤᠨ᠎ᠠ᠃ ᠣᠨᠣᠩ ᠤᠨ ᠴᠢᠳᠬᠤᠯ ᠠᠷᠠᠩᠭᠠᠲᠤ᠂ ᠱᠤᠤᠰ᠂ ᠤᠷᠲᠤ᠂ᠪᠠᠷᠠᠭᠤᠨ ᠪᠤᠯᠠᠭ ,ᠬᠦᠢᠲᠡᠨ᠂ ᠰᠠᠶᠢᠬᠠᠨ ᠵᠡᠷᠭᠡ ᠭᠣᠣᠯ ᠭᠣᠷᠭᠢ ᠤᠷᠤᠰᠤᠨ᠎ᠠ᠃ ᠰᠠᠶᠢᠨ ᠴᠠᠭᠠᠨ᠂ ᠬᠣᠯᠪᠣᠭ᠎ᠠ᠂ ᠰᠢᠭᠢᠷ᠎ᠠ᠂ ᠤᠯᠠᠭᠠᠨ᠂ ᠪᠠᠶᠠᠨ ᠵᠡᠷᠭᠡ ᠨᠠᠭᠤᠷ ᠤᠳ ᠲᠠᠢ᠃ ᠭᠢᠳ᠋ᠷᠣᠺᠠᠷᠪᠶᠣᠨᠠᠲ ᠺᠠᠯᠼ ᠮᠠᠭᠨᠢ ᠶᠢᠨ ᠨᠠᠶᠢᠷᠠᠯᠭ᠎ᠠ ᠲᠠᠢ ᠠᠷᠢᠩᠭᠠᠲᠤ ᠶᠢᠨ ᠷᠠᠰᠢᠶᠠᠨ ᠪᠤᠢ᠃

ᠬᠣᠨᠢ ᠭᠣᠣᠯᠯᠠᠭᠰᠠᠨ 44 ᠮᠢᠩᠭᠠᠨ ᠮᠠᠯ ᠲᠠᠢ᠃ ᠲᠠᠶᠢᠭ᠎ᠠ ᠶᠢᠨ ᠰᠢᠷᠢᠭᠢ ᠳᠦ᠂ ᠬᠠᠷ᠎ᠠ ᠰᠢᠷᠤᠶᠢᠨ᠂ ᠬᠠᠷ᠎ᠠ ᠬᠦᠷᠢᠨ᠂ ᠬᠦᠷᠡᠩ ᠬᠥᠷᠥᠰᠥᠲᠡᠢ᠂ ᠰᠢᠨᠡᠰᠦᠨᠠᠷᠠᠰᠤᠬᠤᠰᠤᠤᠯᠢᠶᠠᠰᠤᠠᠨ ᠣᠢ ᠲᠠᠢ᠂ ᠮᠣᠶᠢᠯᠤᠯᠠᠭᠠᠯᠠᠵᠠᠭᠠᠨ᠎ᠠᠥᠷᠢᠯ ᠵᠡᠷᠭᠡ ᠵᠢᠮᠢᠰᠬᠡᠨ᠎ᠡ ᠡᠯᠪᠡᠭ᠃ ᠤᠤᠯ ᠤᠨ ᠬᠡᠭᠡᠷ᠎ᠡ ᠶᠢᠨ ᠪᠡᠯᠴᠢᠭᠡᠷ᠂ ᠬᠠᠳᠤᠯᠠᠩ ᠤᠨ ᠤᠷᠭᠤᠮᠠᠯ ᠲᠠᠢ᠃ ᠨᠡᠩ ᠬᠣᠪᠣᠷ ᠠᠮᠢᠲᠠᠨ ᠴᠡᠨ ᠲᠣᠭᠣᠷᠤᠤ᠂ ᠬᠣᠪᠣᠷ ᠠᠮᠢᠲᠠᠳ ᠠᠴᠠ ᠲᠣᠭᠣᠳᠠᠭᠪᠤᠭᠤ᠂ ᠪᠤᠰᠤᠳ ᠠᠮᠢᠲᠠᠳ ᠠᠴᠠ ᠳᠠᠭᠤᠷ ᠵᠠᠷᠠᠭ᠎ᠠᠭᠠᠬᠠᠢᠰᠢᠯᠦᠭᠦᠰᠦᠴᠢᠨᠣ᠎ᠠᠦᠨᠡᠭᠡᠬᠢᠷᠰᠠᠲᠠᠷᠪᠠᠭ᠎ᠠ ᠪᠣᠯᠤᠨ ᠤᠰᠤᠨ ᠤ᠂ ᠨᠡᠭᠦᠳᠡᠯ ᠦᠨ ᠰᠢᠪᠠᠭᠤᠳ ᠲᠠᠢ᠃ ᠭᠣᠣᠯ ᠮᠥᠷᠡᠨ ᠢᠶᠡᠷ ᠨᠢ ᠲᠤᠯᠠᠵᠢᠪᠡᠭᠡᠴᠠᠭᠠᠨ ᠬᠠᠳᠤᠷᠠᠮᠤᠷ ᠤᠨ ᠬᠠᠳᠤᠷᠤᠨᠠᠮᠤᠷ ᠤᠨ ᠴᠤᠷᠬᠠᠢᠠᠮᠤᠷ ᠤᠨ ᠰᠤᠭᠤᠰᠤᠤᠯᠠᠭᠠᠨ ᠵᠢᠪᠡᠷ ᠲᠦᠮᠣᠷᠢᠨ ᠵᠢᠭᠠᠰᠤᠮᠥᠩᠭᠥᠯᠢᠭ ᠬᠡᠯᠲᠡᠭᠡᠪᠤᠯᠤᠤ ᠴᠠᠭᠠᠨᠴᠤᠯᠪᠤᠭᠤᠷ ᠲᠤ ᠭᠤᠲᠤᠷ᠎ᠠ ᠵᠢᠭᠠᠰᠤ ᠪᠤᠢ᠃ ᠨᠤᠲᠤᠭ ᠤᠨ ᠬᠣᠶᠢᠳᠤ ᠬᠡᠰᠡᠭ ᠣᠨᠣᠨ-ᠪᠠᠯᠵᠢ ᠶᠢᠨ ᠪᠠᠶᠢᠭᠠᠯᠢ ᠶᠢᠨ ᠴᠣᠭᠴᠠᠯᠠᠪᠤᠷᠢ ᠭᠠᠵᠠᠷ ᠲᠤ ᠪᠠᠭᠠᠳᠤᠨ᠎ᠠ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ