ᠪᠠᠶᠠᠨᠳᠠᠯ᠎ᠠ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ


ᠪᠠᠭᠠᠷᠢᠨ ᠪᠠᠷᠠᠭᠤᠨ ᠬᠤᠰᠢᠭᠤᠨ  ᠤ ᠪᠠᠶᠠᠨᠳᠠᠯ᠎ᠠ ᠰᠣᠮᠣ 1957 ᠤᠨ  ᠳᠦ ᠪᠠᠶᠢᠭᠤᠯᠤᠭᠳᠠᠵᠤ ᠂ 《 ᠦᠨᠢᠷ ᠪᠠᠶᠠᠯᠢᠭ ᠲᠠᠯ᠎ᠠ  ᠨᠤᠳᠤᠭ 》 ᠭᠡᠰᠡᠨ ᠰᠠᠶᠢᠬᠠᠨ ᠠᠯᠳᠠᠷ  ᠲᠠᠢ ᠪᠢᠯᠡ ᠃ ᠬᠤᠰᠢᠭᠤᠨ ᠲᠦ᠋ᠪ ᠪᠠᠶᠢᠰᠢᠩ ᠪᠠᠯᠭᠠᠰᠤᠨ  ᠠᠴᠠ ᠵᠡᠭᠦᠨᠰᠢ 10km  ᠤᠨ ᠵᠠᠢ  ᠳᠦ ᠪᠠᠶᠢᠷᠢᠰᠢᠵᠤ ᠂ ᠪᠦ᠋ᠬᠦ  ᠨᠤᠳᠤᠭ ᠲᠡᠪᠢᠰᠭᠡᠷ  ᠤᠨ ᠲᠠᠯᠠᠪᠠᠢ 124.5 ᠲᠦ᠋ᠮᠡᠨ ᠮᠤ ᠂ 11 ᠭᠠᠴᠠᠭ᠎ᠠ ᠂ 47 ᠲᠤᠭᠤᠶᠢᠯᠠᠩ  ᠲᠠᠢ ᠃ 3272 ᠡᠷᠦᠬᠡ ᠂ 10207 ᠠᠮᠠ ᠬᠦ᠋ᠮᠦᠨ  ᠲᠠᠢ ᠮᠠᠯ ᠠᠵᠤ ᠠᠬᠤᠢ  ᠪᠡᠷ ᠭᠤᠤᠯ ᠪᠤᠯᠭᠠᠵᠤ ᠂ ᠤᠯᠠᠨ ᠲᠦ᠋ᠷᠦᠯ  ᠢ ᠡᠵᠡᠩᠨᠡᠭᠰᠡᠨ ᠰᠤᠮᠤ ᠪᠤᠯᠤᠨ᠎ᠠ ᠃ ᠡᠭᠦᠨ  ᠳᠦ ᠮᠤᠩᠭᠤᠯ ᠦᠨᠳᠦᠰᠦᠳᠡᠨ  ᠤ ᠬᠦ᠋ᠮᠦᠨ ᠠᠮᠠ 7440 ᠪᠠᠶᠢᠵᠤ ᠂ ᠪᠦ᠋ᠬᠦ ᠬᠦ᠋ᠮᠦᠨ ᠠᠮᠠ ᠵᠢᠨ 72.8% ᠵᠢ ᠡᠵᠡᠯᠡᠵᠤ ᠪᠤᠢ ᠃ 2013 ᠣᠨ  ᠤ ᠮᠠᠯᠴᠢᠨ ᠲᠠᠷᠢᠶᠠᠴᠢᠳ  ᠤᠨ ᠬᠦ᠋ᠮᠦᠨ ᠪᠦ᠋ᠷᠢ ᠵᠢᠨ ᠲᠡᠭᠰᠢᠳᠭᠡᠭᠰᠡᠨ ᠴᠡᠪᠡᠷ ᠣᠷᠣᠯᠭ᠎ᠠ 7300 ᠲᠦ᠋ᠭᠦᠷᠢᠭ  ᠲᠤ ᠬᠦ᠋ᠷᠴᠡᠢ ᠃ ᠪᠠᠶᠠᠨᠳᠠᠯ᠎ᠠ ᠰᠤᠮᠤ ᠡᠬᠢ ᠪᠠᠶᠠᠯᠢᠭ ᠡᠯᠪᠡᠭ ᠂ ᠬᠦ᠋ᠭᠵᠢᠯᠳᠡ ᠵᠢᠨ ᠲᠠᠯᠳᠠ ᠬᠦ᠋ᠴᠦᠨ  ᠶᠠᠬᠡ  ᠶᠤᠮ ᠃ ᠦᠷᠭᠡᠨ ᠠᠭᠤᠳᠠᠮ  ᠨᠤᠳᠤᠭ ᠲᠡᠪᠢᠰᠭᠡᠷ  ᠲᠤ ᠭᠤᠷᠭᠤᠤᠯᠳᠠᠢ ᠵᠢᠨ ᠭᠤᠤᠯ  ᠨᠢ ᠣᠰᠣ ᠰᠢᠮ᠎ᠡ  ᠪᠠᠨ ᠬᠠᠩᠭᠠᠨ ᠂ ᠡᠪᠡᠰᠤ ᠪᠡᠯᠴᠢᠭᠡᠷ  ᠢ ᠰᠢᠮᠡᠵᠢᠭᠦᠯᠦᠨ ᠬᠦ᠋ᠷᠦᠰᠵᠢᠭᠦᠯᠵᠤ ᠂ ᠠᠪᠳᠠᠷᠠᠨᠳᠠᠢ ᠠᠭᠤᠯᠠ  ᠨᠢ ᠲᠦ᠋ᠰᠢᠭ ᠬᠡᠶᠢᠮᠤᠷᠢ ᠪᠤᠯᠵᠤ ᠂ ᠤᠷᠭᠤᠮᠠᠯ ᠠᠮᠢᠳᠠᠨ ᠵᠡᠷᠭᠡᠪᠡᠷ ᠣᠷᠣᠰᠢᠨ ᠂ ᠬᠦ᠋ᠢᠯᠡᠰᠤ ᠂ ᠮᠦ᠋ᠭᠦ ᠂ ᠲᠠᠯᠳᠠᠤ ᠮᠡᠳᠤ ᠵᠢᠨ ᠤᠨᠴᠠ ᠭᠠᠷᠤᠯᠳᠠ ᠪᠠ ᠰᠢᠬᠢᠷ ᠡᠪᠡᠰᠤ ᠂ ᠵᠡᠭᠡᠷᠭᠡᠨ᠎ᠡ ᠂ ᠬᠤᠨᠴᠢᠷ ᠵᠡᠷᠭᠡ ᠡᠮᠳᠤ ᠤᠷᠭᠤᠮᠠᠯ ᠵᠢᠴᠢ ᠬᠤᠨ ᠭᠠᠯᠠᠭᠤ ᠂ ᠭᠤᠷᠭᠤᠤᠯ ᠂ ᠢᠳᠠᠭᠤ ᠂ ᠲᠠᠤᠯᠠᠢ ᠂ ᠦᠨᠡᠭᠡ ᠵᠡᠷᠭᠡ ᠠᠷᠪᠠ ᠭᠠᠷᠤᠢ ᠲᠦ᠋ᠷᠦᠯ  ᠤᠨ ᠬᠡᠭᠡᠷ᠎ᠡ ᠵᠢᠨ ᠠᠮᠢᠳᠠᠨ  ᠨᠢ ᠠᠮᠢ ᠠᠬᠤᠢ ᠵᠢᠨ ᠲᠡᠩᠴᠡᠭᠦᠷᠢ ᠵᠢ ᠬᠠᠷᠠᠭᠤᠯᠵᠤ ᠪᠠᠶᠢᠬᠤ  ᠶᠤᠮ ᠃ ᠪᠠᠶᠠᠨᠳᠠᠯ᠎ᠠ ᠰᠤᠮᠤ  ᠨᠢ ᠵᠠᠮ ᠬᠠᠷᠢᠯᠴᠠᠭ᠎ᠠ ᠲᠦ᠋ᠭᠦᠮ ᠂ ᠤᠷᠤᠨ ᠪᠠᠶᠢᠷᠢᠰᠢᠯ ᠲᠠᠪᠠᠭᠤᠯᠢᠭ ᠃ 303 ᠤᠯᠤᠰ  ᠤᠨ ᠵᠠᠮ ᠂ ᠤᠷᠤᠨ ᠰᠤᠨᠳᠠᠯᠠᠭᠰᠠᠨ  ᠶᠠᠬᠡ ᠵᠠᠰᠠᠮᠠᠯ ᠵᠠᠮ ᠪᠠ ᠵᠢᠨᠢᠩ --- ᠲᠦ᠋ᠩᠯᠢᠶᠤᠤ ᠂ ᠣᠯᠠᠭᠠᠨᠬᠠᠳᠠ --- ᠳ᠋ᠠᠪᠠᠨ ---ᠪᠠᠶᠠᠨᠬᠤᠸᠠ ᠂ ᠪᠠᠶᠠᠠᠠᠠᠭᠤᠯᠠ ---ᠰᠢᠨᠴᠢᠦ ᠬᠦ᠋ᠷᠬᠦ ᠲᠡᠮᠦᠷ ᠵᠠᠮ  ᠨᠢ ᠲᠦ᠋ᠷᠪᠡᠨ ᠵᠦ᠋ᠭ  ᠨᠠᠢᠮᠠᠨ ᠵᠤᠪᠬᠢᠰ  ᠲᠤ  ᠨᠡᠪᠳᠡᠷᠡᠵᠤ ᠪᠠᠶᠢᠳᠠᠭ ᠃ ᠠᠵᠤ ᠦᠢᠯᠡᠳᠪᠤᠷᠢ ᠵᠢᠨ ᠲᠤᠭᠤᠷᠢᠭ  ᠴᠦ ᠲᠤᠰ  ᠨᠤᠳᠤᠭ  ᠤᠨ ᠬᠦ᠋ᠷᠦᠰᠦᠨ  ᠳᠦ ᠰᠠᠭᠤᠷᠢᠰᠢᠵᠤ ᠂ 《 ᠪᠠᠭᠠᠷᠢᠨ ᠤᠯᠠᠭᠠᠨ》 ᠢᠳᠡᠭᠡᠨ  ᠤ ᠬᠢᠵᠠᠭᠠᠷᠳᠤ ᠺᠤᠮᠫᠠᠨᠢ  ᠨᠢ  ᠴᠦ ᠡᠨᠡ  ᠨᠤᠳᠤᠭ  ᠲᠤ ᠬᠦ᠋ᠭᠵᠢᠨ ᠪᠤᠵᠠᠭᠠᠶᠢᠷᠠᠵᠤ ᠪᠠᠶᠢᠨ᠎ᠠ ᠃ 1982 ᠣᠨ  ᠳᠦ  ᠨᠠᠮ  ᠤᠨ ᠲᠦ᠋ᠪ ᠬᠤᠷᠢᠶ᠎ᠠ  ᠶᠢᠨ  ᠶᠡᠷᠦᠩᠬᠢ ᠱᠦ᠋ᠵᠢ ᠬᠤ  ᠶᠤᠤ ᠪᠠᠩ ᠵᠡᠷᠭᠡ  ᠨᠠᠮ ᠪᠠ ᠲᠦ᠋ᠷᠦ ᠵᠢᠨ ᠤᠳᠤᠷᠢᠳᠤᠯᠭ᠎ᠠ ᠪᠠᠶᠠᠨᠳᠠᠯ᠎ᠠ ᠰᠤᠮᠤᠨ  ᠳᠦ ᠮᠤᠷᠢᠯᠠᠨ ᠰᠠᠭᠠᠳᠠᠵᠤ ᠂ ᠪᠠᠶᠢᠴᠠᠭᠠᠨ ᠦᠵᠡᠭᠰᠡᠨ  ᠠᠴᠠ ᠲᠠᠯ᠎ᠠ  ᠨᠤᠳᠤᠭ  ᠤᠨ ᠠᠷᠠᠳ ᠲᠦ᠋ᠮᠡᠨ  ᠤ ᠦᠵᠡᠯ ᠰᠠᠨᠠᠭ᠎ᠠ  ᠪᠠᠨ ᠴᠢᠯᠦᠭᠡᠯᠡᠨ ᠂ ᠰᠢᠷᠭᠠᠭᠤ ᠠᠵᠢᠯᠯᠠᠵᠤ ᠂ ᠪᠠᠶᠠᠨ ᠬᠦ᠋ᠴᠦᠷᠬᠡᠭ ᠪᠠᠶᠠᠨᠳᠠᠯ᠎ᠠ ᠵᠢ ᠴᠤᠭᠴᠠᠯᠠᠨ ᠪᠠᠶᠢᠭᠤᠯᠬᠤ ᠢᠳᠡᠭᠡᠯ ᠵᠤᠷᠢᠭ  ᠢ ᠤᠯᠠᠮ  ᠨᠡᠮᠡᠭᠳᠡᠭᠦᠯᠪᠡ ᠃ ᠤᠳᠤᠬᠠᠨ  ᠳᠤ ᠂ ᠰᠤᠮᠤᠨ  ᠤ  ᠨᠠᠮ  ᠤᠨ ᠬᠤᠷᠢᠶ᠎ᠠ ᠂ ᠠᠷᠠᠳ  ᠤᠨ ᠵᠠᠰᠠᠭ  ᠤᠨ ᠣᠷᠳᠤᠨ 《 ᠰᠢᠨ᠎ᠡ ᠵᠢ ᠡᠭᠦᠳᠬᠦ ᠂ ᠪᠤᠳᠠᠳᠤ ᠠᠵᠢᠯᠯᠠᠭ᠎ᠠ ᠵᠢ ᠡᠷᠭᠢᠯᠡᠬᠦ ᠂ ᠠᠷᠠᠳ  ᠢ ᠪᠠᠶᠠᠵᠢᠭᠤᠯᠬᠤ ᠂ ᠡᠶ᠎ᠡ ᠵᠤᠬᠢᠴᠠᠯᠳᠠᠢ ᠪᠠᠶᠢᠬᠤ 》 ᠤᠨᠤᠯ ᠵᠢᠡᠷ ᠪᠦ᠋ᠬᠦ ᠲᠠᠯ᠎ᠠ ᠵᠢ ᠬᠠᠮᠤᠷᠴᠤ ᠂ ᠡᠬᠢ ᠪᠠᠶᠠᠯᠢᠭ  ᠤᠨ ᠲᠠᠪᠠᠭᠤᠯᠢᠭ ᠬᠢᠭᠡᠳ ᠤᠷᠤᠨ ᠪᠠᠶᠢᠷᠢ ᠵᠢᠨ ᠲᠠᠪᠠᠭᠤᠯᠢᠭ  ᠢ ᠭᠦ᠋ᠢᠴᠡᠳ ᠪᠠᠳᠠᠷᠠᠭᠤᠯᠤᠨ ᠂ ᠮᠠᠯᠴᠢᠨ ᠲᠠᠷᠢᠶᠠᠴᠢᠨ  ᠤ ᠤᠷᠤᠯᠭ᠎ᠠ ᠵᠢ  ᠨᠡᠮᠡᠭᠳᠡᠭᠦᠯᠬᠦ  ᠪᠡᠷ ᠭᠤᠤᠯᠳᠠᠯᠭ᠎ᠠ ᠪᠤᠯᠭᠠᠵᠤ ᠂ ᠰᠠᠭᠤᠷᠢ ᠲᠦ᠋ᠭᠦᠭᠡᠷᠦᠮᠵᠢ ᠵᠢ ᠰᠠᠶᠢᠵᠢᠷᠠᠭᠤᠯᠬᠤ ᠂ ᠠᠵᠤ ᠠᠬᠤᠢ ᠵᠢᠨ ᠪᠦ᠋ᠳᠦᠴᠡ  ᠳᠦ ᠲᠤᠬᠢᠷᠠᠭᠤᠯᠤᠯᠳᠠ ᠬᠢᠬᠦ ᠂ ᠲᠤᠯᠤᠭᠠᠶᠢᠯᠠᠭᠴᠢ ᠠᠵᠤ ᠠᠬᠤᠶᠢᠯᠠᠯ  ᠢ ᠬᠦ᠋ᠴᠦᠷᠬᠡᠭᠵᠢᠭᠦᠯᠬᠦ ᠂ ᠠᠷᠠᠳ  ᠤᠨ ᠠᠮᠢᠳᠤᠷᠠᠯ  ᠤᠨ ᠢᠨᠵᠸᠨᠸᠷᠢᠩ  ᠢ ᠭᠦ᠋ᠭᠵᠢᠭᠦᠯᠬᠦ ᠵᠡᠷᠭᠡ ᠠᠵᠢᠯ  ᠢ ᠪᠦ᠋ᠳᠦᠮᠵᠢᠳᠡᠢ ᠬᠢᠵᠤ ᠪᠤᠢ ᠃ ᠪᠠᠰᠠ 《  ᠨᠠᠮ  ᠤᠨ ᠤᠯᠠᠨ ᠲᠦ᠋ᠮᠡᠨᠴᠢ ᠱᠤᠭᠤᠮ  ᠤᠨ ᠬᠦ᠋ᠮᠦᠵᠢᠯ ᠦᠢᠯᠡᠳᠦᠯᠭᠡ ᠵᠢᠨ ᠠᠵᠢᠯᠯᠠᠭᠠᠨ 》  ᠤ ᠦᠷ᠎ᠡ ᠪᠦ᠋ᠳᠦᠮᠵᠢ  ᠶᠢ ᠪᠡᠬᠢᠵᠢᠬᠦᠯᠦᠨ ᠂  ᠨᠠᠮ  ᠤᠨ ᠪᠦ᠋ᠳᠦᠭᠡᠨ ᠪᠠᠶᠢᠭᠤᠯᠤᠯᠳᠠ ᠵᠢ ᠴᠢᠩᠭᠠᠳᠬᠠᠵᠤ ᠂ ᠠᠵᠢᠯ  ᠤᠨ ᠰᠤᠷᠳᠠᠯ ᠵᠢᠡᠨ ᠰᠠᠶᠢᠵᠢᠷᠠᠭᠤᠯᠤᠨ ᠂ ᠠᠷᠠᠳ ᠲᠦ᠋ᠮᠡᠨ  ᠲᠠᠢ  ᠨᠢᠭᠳᠠ ᠬᠠᠷᠢᠴᠠᠵᠤ ᠂ ᠰᠢᠨ᠎ᠡ ᠮᠠᠯᠵᠢᠬᠤ ᠤᠷᠤᠨ  ᠤ ᠪᠦ᠋ᠳᠦᠭᠡᠨ ᠪᠠᠶᠢᠭᠤᠯᠤᠯᠳᠠ ᠵᠢ ᠴᠢᠩᠭᠠᠳᠬᠠᠨ ᠂ 《 ᠦᠵᠡᠰᠭᠦᠯᠡᠩᠳᠤ ᠰᠠᠶᠢᠬᠠᠨ ᠦᠨᠢᠷ ᠪᠠᠶᠠᠯᠢᠭ ᠪᠠᠶᠠᠨᠳᠠᠯ᠎ᠠ 》 ᠵᠢ ᠴᠤᠭᠴᠠᠯᠠᠨ ᠪᠠᠶᠢᠭᠤᠯᠬᠤ  ᠪᠡᠷ ᠮᠡᠷᠡᠶᠢᠨ ᠴᠢᠷᠮᠠᠶᠢᠵᠤ ᠪᠤᠢ ᠃

ᠪᠢᠴᠢᠭᠡᠰᠦ